ᠷᠣᠮᠠ ᠬᠣᠶᠠᠷ
ᠪᠤᠷᠬᠠᠨ ᠤ ᠰᠢᠳᠬᠡᠯ
1 ᠡᠳᠡᠭᠡᠷ ᠢ ᠰᠢᠭᠦᠮᠵᠢᠯᠡᠳᠡᠭ᠌ ᠬᠥᠮᠦᠨ ᠡ︕ ᠲᠠ ᠪᠦᠬᠦᠨ ᠴᠤ ᠥᠷᠥᠰᠢᠶᠡᠭᠳᠡᠬᠦ ᠦᠭᠡᠢ᠃ ᠤᠴᠢᠷ ᠨᠢ᠂ ᠰᠢᠭᠦᠮᠵᠢᠯᠡᠭᠴᠢ ᠲᠠ ᠮᠥᠨ ᠯᠠ ᠠᠳᠠᠯᠢᠬᠠᠨ ᠢ ᠦᠢᠯᠡᠳᠳᠡᠭ ᠲᠤᠯᠠ ᠪᠤᠰᠤᠳ ᠢ ᠰᠢᠭᠦᠮᠵᠢᠯᠡᠳᠡᠭ᠌ ᠢᠶᠡᠷ ᠢᠶᠠᠨ ᠥᠪᠡᠷ ᠢ ᠪᠠᠨ ᠶᠠᠯᠠᠯᠠᠵᠤ ᠪᠠᠢᠨ᠎ᠠ᠃ 2 ᠡᠳᠡᠭᠡᠷ ᠢ ᠦᠢᠯᠡᠳᠦᠭᠴᠢᠳ ᠢ ᠪᠤᠷᠬᠠᠨ ᠬᠢᠭᠰᠡᠨ ᠶᠣᠰᠣᠭᠠᠷ ᠨᠢ ᠰᠢᠭᠦᠳᠡᠭ ᠢ ᠪᠢᠳᠡ ᠮᠡᠳᠡᠨ᠎ᠡ᠃ 3 ᠥᠪᠡᠷ ᠢᠶᠡᠨ ᠴᠤ ᠠᠳᠠᠯᠢᠬᠠᠨ ᠢ ᠦᠢᠯᠡᠳᠳᠡᠭ ᠠᠲᠠᠯ᠎ᠠ ᠪᠠᠨ ᠡᠳᠡᠭᠡᠷ ᠢ ᠦᠢᠯᠡᠳᠦᠭᠴᠢᠳ ᠢ ᠰᠢᠭᠦᠮᠵᠢᠯᠡᠳᠡᠭ᠌ ᠬᠥᠮᠦᠨ ᠡ︕ ᠪᠤᠷᠬᠠᠨ ᠤ ᠰᠢᠳᠬᠡᠯ ᠡᠴᠡ ᠮᠤᠯᠲᠤᠷᠠᠨ᠎ᠠ ᠭᠡᠵᠦ ᠪᠣᠳᠣᠵᠤ ᠪᠠᠢᠨ᠎ᠠ ᠤᠤ︖ 4 ᠡᠰᠡᠪᠡᠯ ᠪᠤᠷᠬᠠᠨ ᠤ ᠬᠠᠢᠷ᠎ᠠ ᠡᠨᠡᠷᠢᠯ ᠢᠶᠠᠷ ᠢᠶᠠᠨ ᠲᠠᠨ ᠢ ᠭᠡᠮᠰᠢᠭᠦᠯᠬᠦ ᠭᠡᠵᠦ ᠪᠤᠢ ᠶᠢ ᠮᠡᠳᠡᠬᠦ ᠦᠭᠡᠢ ᠪᠠᠷ ᠲᠡᠭᠦᠨ ᠦ ᠦᠯᠡᠮᠵᠢ ᠶᠡᠬᠡ ᠬᠦᠯᠢᠴᠡᠯ ᠪᠠ ᠲᠡᠪᠴᠢᠶᠡᠷᠢ ᠶᠢ ᠪᠠᠰᠤᠮᠵᠢᠯᠠᠵᠤ ᠪᠠᠢᠨ᠎ᠠ ᠤᠤ︖ 5 ᠲᠠᠨ ᠤ ᠰᠡᠳᠬᠢᠯ ᠬᠠᠲᠠᠭᠤ᠂ ᠭᠡᠮᠰᠢᠬᠦ ᠦᠭᠡᠢ ᠪᠠᠢᠭᠰᠠᠭᠠᠷ ᠬᠢᠯᠢᠩ ᠤᠨ ᠡᠳᠦᠷ᠂ ᠲᠤᠬᠠᠢᠯᠠᠪᠠᠯ ᠪᠤᠷᠬᠠᠨ ᠤ ᠰᠢᠳᠤᠷᠭᠤ ᠰᠢᠳᠬᠡᠯ ᠢᠯᠡᠷᠡᠬᠦ ᠡᠳᠦᠷ ᠦᠨ ᠬᠢᠯᠢᠩ ᠲᠠᠨ ᠤ ᠳᠡᠭᠡᠷ᠎ᠡ ᠤᠪᠤᠭᠠᠷᠠᠵᠤ ᠪᠠᠢᠨ᠎ᠠ᠃ 6 ᠪᠤᠷᠬᠠᠨ ᠬᠥᠮᠦᠨ ᠪᠦᠷᠢ ᠳᠤ ᠦᠢᠯᠡᠰ ᠦᠨ ᠬᠢᠨᠢ ᠶᠣᠰᠣᠭᠠᠷ ᠬᠠᠷᠢᠭᠤᠯᠤᠨ᠎ᠠ᠃ 7 ᠰᠠᠢᠨ ᠢ ᠲᠡᠪᠴᠢᠶᠡᠷᠢ ᠲᠠᠢ ᠦᠢᠯᠡᠳᠦᠭᠰᠡᠭᠡᠷ ᠢᠷᠠᠭᠤ ᠠᠯᠳᠠᠷ᠂ ᠬᠦᠨᠳᠦᠳᠬᠡᠯ ᠪᠠ ᠢᠯᠵᠢᠷᠠᠰᠢ ᠦᠭᠡᠢ ᠪᠠᠢᠳᠠᠯ ᠢ ᠬᠠᠢᠭᠴᠢᠳ ᠲᠤ ᠮᠥᠩᠬᠡ ᠠᠮᠢ ᠪᠠᠷ᠂ 8 ᠬᠠᠷ᠎ᠠ ᠠᠮᠢ ᠪᠠᠨ ᠪᠥᠬᠡᠴᠡᠢᠯᠡᠭᠰᠡᠭᠡᠷ ᠦᠨᠡᠨ ᠢ ᠳᠠᠭᠠᠯ ᠦᠭᠡᠢ᠂ ᠬᠠᠷᠢᠨ ᠵᠥᠪᠲᠦ ᠪᠤᠰᠤ ᠶᠢ ᠳᠠᠭᠠᠭᠴᠢᠳ ᠲᠤ ᠠᠭᠤᠷ ᠬᠢᠯᠢᠩ ᠢᠶᠠᠷ ᠬᠠᠷᠢᠭᠤᠯᠤᠨ᠎ᠠ᠃ 9 ᠮᠠᠭᠤ ᠶᠢ ᠦᠢᠯᠡᠳᠦᠭᠴᠢ ᠬᠥᠮᠦᠨ ᠪᠦᠷᠢ ᠳᠤ ᠭᠠᠢ ᠵᠣᠪᠠᠯᠠᠩ ᠪᠠᠭᠤᠬᠤ ᠪᠣᠯᠣᠨ᠎ᠠ᠃ ᠡᠬᠢᠯᠡᠭᠡᠳ ᠶᠦᠳᠠᠢᠴᠤᠳ ᠲᠤ᠂ ᠳᠠᠷᠠᠭ᠎ᠠ ᠨᠢ ᠭᠷᠧᠭᠴᠦᠳ ᠲᠦ ᠪᠠᠭᠤᠨ᠎ᠠ᠃ 10 ᠬᠠᠷᠢᠨ ᠰᠠᠢᠨ ᠢ ᠦᠢᠯᠡᠳᠦᠭᠴᠢ ᠬᠥᠮᠦᠨ ᠪᠦᠷᠢ ᠳᠤ ᠢᠷᠠᠭᠤ ᠠᠯᠳᠠᠷ᠂ ᠬᠦᠨᠳᠦᠳᠬᠡᠯ ᠪᠠ ᠠᠮᠤᠭᠤᠯᠠᠩ ᠪᠠᠭᠤᠬᠤ ᠪᠣᠯᠣᠨ᠎ᠠ᠂ ᠡᠬᠢᠯᠡᠭᠡᠳ ᠶᠦᠳᠠᠢᠴᠤᠳ ᠲᠤ᠂ ᠳᠠᠷᠠᠭ᠎ᠠ ᠨᠢ ᠭᠷᠧᠭᠴᠦᠳ ᠲᠦ ᠪᠠᠭᠤᠨ᠎ᠠ᠃ 11 ᠤᠴᠢᠷ ᠨᠢ᠂ ᠪᠤᠷᠬᠠᠨ ᠬᠥᠮᠦᠨ ᠢ ᠠᠯᠬᠠᠴᠢᠯᠠᠳᠠᠭ ᠦᠭᠡᠢ᠃
12 ᠬᠠᠤᠯᠢ ᠦᠭᠡᠢ ᠪᠠᠷ ᠨᠢᠭᠦᠯ ᠦᠢᠯᠡᠳᠦᠭᠰᠡᠨ ᠬᠥᠮᠦᠨ ᠪᠦᠬᠦᠨ ᠬᠠᠤᠯᠢ ᠦᠭᠡᠢ ᠪᠠᠷ ᠮᠥᠬᠥᠵᠦ᠂ ᠬᠠᠤᠯᠢ ᠶᠢᠨ ᠳᠣᠣᠷ᠎ᠠ ᠨᠢᠭᠦᠯ ᠦᠢᠯᠡᠳᠦᠭᠰᠡᠨ ᠬᠥᠮᠦᠨ ᠪᠦᠬᠦᠨ ᠬᠠᠤᠯᠢ ᠶᠢᠨ ᠶᠣᠰᠣᠭᠠᠷ ᠰᠢᠳᠬᠡᠭᠳᠡᠨ᠎ᠡ᠃ 13 ᠤᠴᠢᠷ ᠨᠢ᠂ ᠪᠤᠷᠬᠠᠨ ᠤ ᠡᠮᠦᠨ᠎ᠡ ᠬᠠᠤᠯᠢ ᠶᠢ ᠰᠣᠨᠣᠰᠳᠠᠭ ᠢᠶᠠᠷ ᠢᠶᠠᠨ ᠵᠥᠪᠲᠦ ᠪᠣᠯᠬᠤ ᠪᠢᠰᠢ᠂ ᠬᠠᠷᠢᠨ ᠬᠠᠤᠯᠢ ᠶᠢ ᠪᠡᠶᠡᠯᠡᠭᠦᠯᠦᠭᠴᠢ ᠨᠢ ᠵᠥᠪᠲᠥᠭᠡᠭᠳᠡᠬᠦ ᠪᠣᠯᠣᠨ᠎ᠠ᠃ 14 ᠬᠠᠤᠯᠢ ᠦᠭᠡᠢ ᠬᠠᠷᠢᠴᠤᠳ ᠲᠥᠷᠥᠯᠬᠢ ᠴᠢᠨᠠᠷ ᠢᠶᠠᠷ ᠢᠶᠠᠨ ᠬᠠᠤᠯᠢ ᠶᠢᠨ ᠱᠠᠭᠠᠷᠳᠠᠯᠭ᠎ᠠ ᠶᠢ ᠪᠡᠶᠡᠯᠡᠭᠦᠯᠪᠡᠯ᠂ ᠬᠠᠤᠯᠢ ᠦᠭᠡᠢ ᠪᠣᠯᠪᠠᠴᠤ ᠥᠪᠡᠷ ᠢᠶᠡᠨ ᠥᠪᠡᠷ ᠦᠨ ᠢᠶᠠᠨ ᠬᠠᠤᠯᠢ ᠪᠣᠯᠳᠠᠭ᠃ 15 ᠡᠨᠡ ᠨᠢ ᠲᠡᠳᠡᠨ ᠦ ᠵᠢᠷᠦᠬᠡᠨ ᠳᠦ ᠬᠠᠤᠯᠢ ᠶᠢᠨ ᠱᠠᠭᠠᠷᠳᠠᠯᠭ᠎ᠠ ᠶᠢᠨ ᠰᠡᠢᠯᠦᠭᠳᠡᠭᠰᠡᠨ ᠢ ᠬᠠᠷᠠᠭᠤᠯᠳᠠᠭ᠂ ᠲᠡᠳᠡᠨ ᠦ ᠮᠥᠰᠥ ᠴᠢᠨᠠᠷ ᠴᠤ ᠬᠠᠮᠲᠤ ᠭᠡᠷᠡᠴᠢᠯᠡᠳᠡᠭ ᠪᠥᠭᠡᠳ ᠲᠡᠳᠡᠨ ᠦ ᠪᠣᠳᠣᠯ ᠰᠠᠨᠠᠭ᠎ᠠ ᠴᠤ ᠬᠣᠭᠣᠷᠣᠨᠳᠣ ᠪᠠᠨ ᠨᠢᠭᠡ ᠨᠢᠭᠡᠨ ᠢᠶᠡᠨ ᠪᠤᠷᠤᠭᠤᠳᠬᠠᠳᠠᠭ᠂ ᠡᠰᠡᠪᠡᠯ ᠥᠮᠥᠭᠯᠡᠳᠡᠭ᠃ 16 ᠡᠳᠡᠭᠡᠷ ᠨᠢ ᠮᠢᠨᠦ ᠪᠠᠶᠠᠷ ᠤᠨ ᠮᠡᠳᠡᠭᠡ ᠶᠢᠨ ᠶᠣᠰᠣᠭᠠᠷ ᠪᠤᠷᠬᠠᠨ ᠤ ᠾᠷᠢᠰᠲ᠋ᠣᠰ ᠢᠰᠦ᠋ᠰ ᠢᠶᠠᠷ ᠳᠠᠮᠵᠢᠭᠤᠯᠤᠨ ᠬᠥᠮᠦᠰ ᠦᠨ ᠨᠢᠭᠤᠴᠠ ᠶᠢ ᠰᠢᠭᠦᠬᠦ ᠡᠳᠦᠷ ᠲᠦ ᠢᠯᠡᠷᠡᠨ᠎ᠡ᠃
17 ᠬᠠᠷᠢᠨ ᠲᠠ ᠶᠦᠳᠠᠢ ᠬᠡᠮᠡᠬᠦ ᠨᠡᠷ᠎ᠡ ᠵᠡᠭᠦᠵᠦ ᠬᠠᠤᠯᠢ ᠳᠤ ᠲᠦᠰᠢᠨ ᠪᠤᠷᠬᠠᠨ ᠢᠶᠠᠷ ᠰᠠᠢᠷᠬᠠᠵᠤ᠂ 18 ᠬᠠᠤᠯᠢ ᠡᠴᠡ ᠰᠤᠷᠤᠭᠠᠳ ᠲᠡᠭᠦᠨ ᠦ ᠰᠠᠨᠠᠭ᠎ᠠ ᠶᠢ ᠮᠡᠳᠡᠨ᠂ ᠣᠨᠴᠠ ᠰᠠᠢᠨ ᠢ ᠢᠯᠭᠠᠬᠤ ᠪᠠᠷ ᠦᠯᠦ ᠪᠠᠷᠠᠮ 19 ᠮᠡᠳᠡᠯᠭᠡ ᠪᠠ ᠦᠨᠡᠨ ᠢ ᠠᠭᠤᠯᠤᠭᠰᠠᠨ ᠬᠠᠤᠯᠢ ᠶᠢᠨ ᠪᠠᠷᠢᠮᠲᠠᠯᠠᠭᠴᠢ ᠬᠡᠮᠡᠨ ᠥᠪᠡᠷ ᠢ ᠪᠠᠨ ᠰᠣᠬᠣᠷ ᠬᠥᠮᠦᠨ ᠦ ᠵᠠᠮᠴᠢ᠂ ᠬᠠᠷᠠᠩ᠋ᠭᠤᠢ ᠳᠠᠬᠢ ᠬᠥᠮᠦᠨ ᠦ ᠭᠡᠷᠡᠯ᠂ 20 ᠮᠤᠩ᠋ᠬᠠᠭ ᠬᠥᠮᠦᠨ ᠦ ᠰᠤᠷᠭᠠᠭᠴᠢ᠂ ᠪᠠᠯᠴᠢᠷ ᠬᠡᠦᠬᠡᠳ ᠦᠨ ᠪᠠᠭᠰᠢ ᠭᠡᠵᠦ ᠢᠲᠡᠭᠡᠳᠡᠭ ᠶᠤᠮ ᠪᠣᠯ᠂ 21 ᠪᠤᠰᠤᠳ ᠢ ᠰᠤᠷᠭᠠᠳᠠᠭ ᠪᠠᠢᠲᠠᠯ᠎ᠠ ᠪᠠᠨ ᠥᠪᠡᠷ ᠢ ᠪᠠᠨ ᠰᠤᠷᠭᠠᠬᠤ ᠦᠭᠡᠢ ᠤᠤ︖ 《ᠪᠦᠦ ᠬᠤᠯᠠᠭᠠᠢᠯᠠ》 ᠭᠡᠵᠦ ᠨᠣᠮᠯᠠᠳᠠᠭ ᠲᠠ ᠬᠤᠯᠠᠭᠠᠢᠯᠠᠵᠤ ᠪᠠᠢᠨ᠎ᠠ᠂ 22 《ᠪᠦᠦ ᠵᠠᠪᠬᠠᠢᠷᠠ》 ᠭᠡᠵᠦ ᠬᠡᠯᠡᠳᠡᠭ ᠲᠠ ᠵᠠᠪᠬᠠᠢᠷᠠᠵᠤ ᠪᠠᠢᠨ᠎ᠠ᠂ ᠴᠠᠯᠢᠭ ᠰᠢᠲᠦᠭᠡᠨ ᠢ ᠵᠢᠭ᠍ᠰᠢᠳᠡᠭ ᠲᠠ ᠠᠷᠢᠭᠤᠨ ᠣᠷᠳᠣᠨ ᠢ ᠳᠡᠭᠡᠷᠡᠮᠳᠡᠵᠦ ᠪᠠᠢᠨ᠎ᠠ᠂ 23 ᠬᠠᠤᠯᠢ ᠪᠠᠷ ᠰᠠᠢᠷᠬᠠᠳᠠᠭ ᠲᠠ ᠬᠠᠤᠯᠢ ᠶᠢ ᠵᠥᠷᠢᠴᠡᠵᠦ ᠪᠤᠷᠬᠠᠨ ᠤ ᠨᠡᠷ᠎ᠡ ᠶᠢ ᠭᠤᠲᠤᠭᠠᠵᠤ ᠪᠠᠢᠨ᠎ᠠ᠃ 24 ᠠᠷᠢᠭᠤᠨ ᠨᠣᠮ ᠳᠤ ᠪᠢᠴᠢᠭᠳᠡᠭᠰᠡᠨᠴᠢᠯᠡᠨ᠄ 《ᠲᠠ ᠨᠠᠷ ᠠᠴᠠ ᠪᠣᠯᠵᠤ ᠪᠤᠷᠬᠠᠨ ᠤ ᠨᠡᠷ᠎ᠡ ᠬᠠᠷᠢᠴᠤᠳ ᠤᠨ ᠳᠤᠮᠳᠠ ᠳᠣᠷᠣᠮᠵᠢᠯᠠᠭᠳᠠᠵᠤ ᠪᠠᠢᠨ᠎ᠠ᠃》
25 ᠲᠠ ᠬᠠᠤᠯᠢ ᠶᠢ ᠰᠠᠬᠢᠵᠤ ᠪᠠᠢᠪᠠᠯ ᠬᠥᠪᠴᠢᠷᠬᠡᠢ ᠬᠥᠨᠳᠡᠯᠲᠡ ᠴᠢᠨᠢ ᠲᠤᠰᠠ ᠲᠠᠢ ᠪᠣᠯᠣᠨ᠎ᠠ᠂ ᠭᠡᠪᠡᠴᠦ ᠬᠠᠤᠯᠢ ᠶᠢ ᠵᠥᠷᠢᠴᠡᠪᠡᠯ ᠬᠥᠪᠴᠢᠷᠬᠡᠢ ᠬᠥᠨᠳᠡᠭᠦᠯᠦᠭᠰᠡᠨ ᠴᠤ ᠬᠥᠨᠳᠡᠭᠦᠯᠦᠭᠰᠡᠨ ᠦᠭᠡᠢ ᠲᠡᠢ ᠠᠳᠠᠯᠢ ᠪᠣᠯᠣᠨ᠎ᠠ᠃ 26 ᠬᠠᠷᠢᠨ ᠬᠥᠪᠴᠢᠷᠬᠡᠢ ᠬᠥᠨᠳᠡᠭᠦᠯᠦᠭᠡ ᠦᠭᠡᠢ ᠬᠥᠮᠦᠨ ᠬᠡᠷᠪᠡ ᠬᠠᠤᠯᠢ ᠶᠢᠨ ᠱᠠᠭᠠᠷᠳᠠᠯᠭ᠎ᠠ ᠨᠤᠭᠤᠳ ᠢ ᠰᠠᠬᠢᠪᠠᠯ ᠬᠥᠪᠴᠢᠷᠬᠡᠢ ᠬᠥᠨᠳᠡᠭᠦᠯᠦᠭᠡ ᠦᠭᠡᠢ ᠪᠣᠯᠪᠠᠴᠤ ᠬᠥᠨᠳᠡᠭᠦᠯᠦᠭᠰᠡᠨ ᠳᠦ ᠲᠣᠭᠠᠴᠠᠭᠳᠠᠬᠤ ᠪᠢᠰᠢ ᠤᠤ︖ 27 ᠬᠥᠪᠴᠢᠷᠬᠡᠢ ᠬᠥᠨᠳᠡᠭᠦᠯᠦᠭᠡ ᠦᠭᠡᠢ ᠪᠣᠯᠪᠠᠴᠤ ᠬᠠᠤᠯᠢ ᠶᠢ ᠪᠡᠶᠡᠯᠡᠭᠦᠯᠳᠡᠭ ᠬᠥᠮᠦᠨ ᠨᠢ ᠪᠢᠴᠢᠭᠳᠡᠭᠰᠡᠨ ᠬᠠᠤᠯᠢ ᠲᠠᠢ᠂ ᠬᠥᠪᠴᠢᠷᠬᠡᠢ ᠬᠥᠨᠳᠡᠯᠲᠡ ᠲᠠᠢ ᠪᠠᠢᠲᠠᠯ᠎ᠠ ᠪᠠᠨ ᠬᠠᠤᠯᠢ ᠶᠢ ᠵᠥᠷᠢᠴᠡᠳᠡᠭ ᠲᠠᠨ ᠢ ᠰᠢᠭᠦᠬᠦ ᠪᠢᠰᠢ ᠤᠤ︖ 28 ᠭᠠᠳᠠᠷ ᠪᠠᠢᠳᠠᠯ ᠢᠶᠠᠷ ᠢᠶᠠᠨ ᠵᠢᠩᠬᠢᠨᠢ ᠶᠦᠳᠠᠢ ᠬᠥᠮᠦᠨ ᠪᠣᠯᠬᠤ ᠪᠢᠰᠢ᠂ ᠮᠢᠬᠠᠨ ᠪᠡᠶ᠎ᠡ ᠶᠢᠨ ᠭᠠᠳᠠᠷ ᠲᠠᠯ᠎ᠠ ᠪᠠᠷ ᠵᠢᠩᠬᠢᠨᠢ ᠬᠥᠪᠴᠢᠷᠬᠡᠢ ᠬᠥᠨᠳᠡᠯᠲᠡ ᠪᠣᠯᠬᠤ ᠪᠢᠰᠢ᠃ 29 ᠬᠠᠷᠢᠨ ᠳᠣᠲᠣᠷ᠎ᠠ ᠪᠠᠢᠳᠠᠯ ᠢᠶᠠᠷ ᠢᠶᠠᠨ ᠵᠢᠩᠬᠢᠨᠢ ᠶᠦᠳᠠᠢ ᠬᠥᠮᠦᠨ ᠪᠣᠯᠳᠠᠭ᠃ ᠪᠢᠴᠢᠭᠳᠡᠭᠰᠡᠨ ᠬᠠᠤᠯᠢ ᠪᠠᠷ ᠪᠤᠰᠤ᠂ ᠠᠷᠢᠭᠤᠨ ᠰᠦᠨᠡᠰᠦ ᠪᠡᠷ ᠰᠡᠳᠬᠢᠯ ᠳᠡᠭᠡᠨ ᠵᠢᠩᠬᠢᠨᠢ ᠬᠥᠪᠴᠢᠷᠬᠡᠢ ᠬᠥᠨᠳᠡᠯᠲᠡ ᠲᠠᠢ ᠪᠣᠯᠳᠠᠭ᠂ ᠡᠢᠮᠦᠷᠬᠦ ᠶᠦᠳᠠᠢ ᠬᠥᠮᠦᠨ ᠢ ᠰᠠᠢᠰᠢᠶᠠᠭᠴᠢ ᠨᠢ ᠬᠥᠮᠦᠨ ᠪᠢᠰᠢ᠂ ᠪᠤᠷᠬᠠᠨ ᠪᠢᠯᠡ᠃