1 2 3


ᠶᠣᠶᠧᠯ ᠨᠢᠭᠡ
 ᠠᠢᠰᠤᠢ ᠰᠦᠢᠷᠡᠯ
1 ᠫᠧᠲ᠋ᠦ᠋ᠶᠧᠯ ᠤᠨ ᠬᠦᠦ ᠶᠣᠶᠧᠯ ᠳᠤ ᠢᠷᠡᠭᠰᠡᠨ ᠶᠣᠬᠣᠸᠠ ᠶᠢᠨ ᠦᠭᠡ᠄
2 ᠰᠣᠨᠣᠰᠣᠭᠲᠤᠨ᠂ ᠠᠬᠠᠮᠠᠳ ᠤᠳ ᠡ ᠴᠢᠩᠨᠠᠭᠲᠤᠨ᠂ ᠭᠠᠵᠠᠷ ᠤᠨ ᠪᠦᠬᠦ ᠰᠠᠭᠤᠭᠠᠯᠢ ᠡ ᠡᠢᠮᠦ ᠶᠠᠪᠤᠳᠠᠯ ᠲᠠ ᠨᠠᠷ ᠤᠨ ᠦᠶ᠎ᠡ ᠳᠦ᠂ ᠡᠴᠢᠭᠡ ᠡᠪᠦᠭᠡᠳ ᠦᠨ ᠴᠢᠨᠢ ᠦᠶ᠎ᠡ ᠳᠦ ᠪᠣᠯᠵᠤ ᠪᠠᠢᠭᠰᠠᠨ ᠤᠤ︖
3 ᠲᠠ ᠨᠠᠷ ᠡᠭᠦᠨ ᠢ ᠬᠡᠦᠬᠡᠳ ᠤᠳ ᠲᠡᠭᠡᠨ ᠶᠠᠷᠢ ᠬᠡᠦᠬᠡᠳ ᠤᠳ ᠴᠢᠨᠢ ᠬᠡᠦᠬᠡᠳ ᠤᠳ ᠲᠡᠭᠡᠨ᠂ ᠬᠡᠦᠬᠡᠳ ᠤᠳ ᠨᠢ ᠳᠠᠷᠠᠭ᠎ᠠ ᠦᠶ᠎ᠡ ᠶᠢᠨ ᠬᠢᠨ ᠳᠡᠭᠡᠨ ᠶᠠᠷᠢᠭ᠃

4 ᠰᠦᠷᠦᠭ ᠴᠠᠷᠴᠠᠬᠠᠢ ᠶᠢᠨ ᠦᠯᠡᠳᠡᠭᠡᠭᠰᠡᠨ ᠢ ᠲᠣᠮᠣ ᠴᠠᠷᠴᠠᠬᠠᠢ ᠨᠤᠭᠤᠳ ᠴᠥᠯᠮᠥᠨ ᠲᠣᠮᠣ ᠴᠠᠷᠴᠠᠬᠠᠢ ᠨᠤᠭᠤᠳ ᠤᠨ ᠦᠯᠡᠳᠡᠭᠡᠭᠰᠡᠨ ᠢ ᠵᠢᠵᠢᠭ ᠴᠠᠷᠴᠠᠬᠠᠢ ᠨᠤᠭᠤᠳ ᠴᠥᠯᠮᠥᠵᠦ ᠵᠢᠵᠢᠭ ᠴᠠᠷᠴᠠᠬᠠᠢ ᠨᠤᠭᠤᠳ ᠤᠨ ᠦᠯᠡᠳᠡᠭᠡᠭᠰᠡᠨ ᠢ ᠪᠤᠰᠤᠳ ᠴᠠᠷᠴᠠᠬᠠᠢ ᠨᠤᠭᠤᠳ ᠴᠥᠯᠮᠥᠵᠡᠢ᠃
5 ᠰᠡᠷᠢᠭᠡᠳ᠂ ᠤᠬᠢᠯᠠᠵᠠᠭ᠎ᠠ᠂ ᠰᠣᠭᠲᠣᠭᠤ ᠬᠥᠮᠦᠰ ᠡ ᠤᠬᠢᠯᠠ᠂ ᠳᠠᠷᠠᠰᠤ ᠤᠤᠭᠤᠭᠴᠢ ᠪᠦᠭᠦᠳᠡ ᠡ ᠤᠴᠢᠷ ᠨᠢ ᠠᠮᠲᠠᠲᠤ ᠳᠠᠷᠠᠰᠤ ᠠᠮᠠᠨ ᠠᠴᠠ ᠴᠢᠨᠢ ᠠᠪᠤᠭᠳᠠᠭᠰᠠᠨ᠂

6 ᠨᠢᠭᠡᠨ ᠦᠨᠳᠦᠰᠦᠲᠡᠨ ᠨᠤᠲᠤᠭ ᠲᠤ ᠮᠢᠨᠢ ᠬᠠᠯᠳᠠᠨ ᠢᠷᠡᠯ᠎ᠡ ᠲᠡᠷᠡ ᠬᠦᠴᠦᠷᠬᠡᠭ ᠪᠥᠭᠡᠳ ᠲᠣᠭ᠎ᠠ ᠲᠣᠮᠰᠢ ᠦᠭᠡᠢ ᠰᠢᠳᠦ ᠨᠢ ᠠᠷᠰᠯᠠᠨ ᠤ ᠬᠢ᠂ ᠰᠣᠶᠣᠭ᠎ᠠ ᠨᠢ ᠡᠮ᠎ᠡ ᠠᠷᠰᠯᠠᠨ ᠤ ᠬᠢ᠃
7 ᠦᠵᠦᠮ ᠦᠨ ᠮᠣᠳᠣ ᠶᠢ ᠮᠢᠨᠢ ᠲᠡᠳᠡ ᠰᠦᠢᠳᠬᠡᠵᠦ ᠢᠨᠵᠢᠷ ᠤᠨ ᠮᠣᠳᠣ ᠶᠢ ᠮᠢᠨᠢ ᠲᠡᠳᠡ ᠬᠤᠭᠤᠴᠢᠨ ᠬᠠᠯᠢᠰᠤ ᠶᠢ ᠨᠢ ᠬᠠᠭᠤᠯᠵᠤ ᠬᠠᠶᠠᠭᠰᠠᠨ ᠮᠥᠴᠢᠷ ᠤᠳ ᠨᠢ ᠴᠠᠢᠷᠠᠨ ᠦᠯᠡᠳᠡᠵᠡᠢ᠃

8 ᠢᠳᠡᠷ ᠨᠠᠰᠤᠨ ᠤ ᠪᠠᠨ ᠰᠦᠢᠲᠦ ᠵᠠᠯᠠᠭᠤ ᠶᠢᠨ ᠲᠥᠯᠥᠭᠡ ᠣᠩ᠋ᠭᠣᠨ ᠪᠦᠰᠡᠭᠦᠢ ᠲᠠᠭᠠᠷ ᠨᠥᠮᠥᠷᠥᠨ ᠤᠬᠢᠯᠠᠬᠤ ᠶᠢᠨ ᠠᠳᠠᠯᠢ ᠭᠠᠰᠢᠭᠤᠳᠠᠭᠲᠤᠨ᠃
9 ᠢᠳᠡᠭᠡᠨ ᠡᠷᠭᠦᠯ᠂ ᠤᠮᠳᠠᠭᠠᠨ ᠡᠷᠭᠦᠯ ᠶᠣᠬᠣᠸᠠ ᠶᠢᠨ ᠥᠷᠭᠥᠭᠡᠨ ᠡᠴᠡ ᠲᠠᠰᠤᠷᠠᠪᠠ ᠶᠣᠬᠣᠸᠠ ᠳᠤ ᠦᠢᠯᠡᠴᠢᠯᠡᠳᠡᠭ᠌ ᠲᠠᠬᠢᠯᠴᠢᠳ ᠭᠠᠰᠢᠭᠤᠳᠠᠪᠠ᠃
10 ᠲᠠᠯᠠᠪᠠᠢ ᠬᠣᠭᠣᠰᠣᠷᠠᠵᠤ ᠭᠠᠵᠠᠷ ᠭᠠᠰᠢᠭᠤᠳᠠᠵᠠᠢ ᠦᠷ᠎ᠡ ᠲᠠᠷᠢᠶ᠎ᠠ ᠰᠦᠢᠳᠴᠦ ᠦᠵᠦᠮ ᠦᠨ ᠳᠠᠷᠠᠰᠤ ᠬᠠᠳᠠᠨ ᠲᠣᠰᠣ ᠴᠤ ᠳᠠᠭᠤᠰᠪᠠ᠃
11 ᠢᠴᠢᠭᠲᠦᠨ᠂ ᠲᠠᠷᠢᠶᠠᠴᠢᠳ ᠡ᠂ ᠤᠬᠢᠯᠠᠭᠲᠤᠨ᠂ ᠦᠵᠦᠮᠴᠢᠳ ᠡ ᠲᠠᠯᠠᠪᠠᠢ ᠶᠢᠨ ᠬᠤᠷᠢᠶᠠᠯᠲᠠ ᠲᠠᠰᠤᠷᠠᠵᠤ ᠪᠤᠭᠤᠳᠠᠢ ᠠᠷᠪᠠᠢ ᠴᠤ ᠦᠭᠡᠢ ᠪᠣᠯᠵᠤ

12 ᠦᠵᠦᠮ ᠦᠨ ᠮᠣᠳᠣ ᠭᠠᠩᠳᠠᠵᠤ᠂ ᠢᠨᠵᠢᠷ ᠤᠨ ᠮᠣᠳᠣ ᠬᠠᠳᠠᠪᠠ ᠠᠨᠠᠷ᠂ ᠳᠠᠯᠳᠠᠤ᠂ ᠠᠯᠢᠮ᠎ᠠ ᠶᠢᠨ ᠮᠣᠳᠣ᠂ ᠲᠠᠯᠠᠪᠠᠢ ᠶᠢᠨ ᠪᠦᠬᠦ ᠮᠣᠳᠣ ᠬᠠᠭᠰᠠᠪᠠ ᠬᠥᠮᠦᠨ ᠦ ᠬᠡᠦᠬᠡᠳ ᠤᠳ ᠤᠨ ᠪᠠᠶᠠᠷ ᠬᠥᠷ ᠨᠢ ᠬᠠᠲᠠᠪᠠ᠃
 ᠭᠡᠮᠰᠢᠭᠦᠯᠬᠦ ᠪᠡᠷ ᠤᠷᠢᠶᠠᠯᠠᠪᠠ
13 ᠲᠠᠬᠢᠯᠴᠢᠳ ᠡ᠂ ᠲᠠᠭᠠᠷ ᠨᠥᠮᠥᠷᠴᠦ᠂ ᠭᠠᠰᠢᠭᠤᠳᠠ ᠲᠠᠬᠢᠯ ᠤᠨ ᠰᠢᠷᠡᠭᠡᠨ ᠦ ᠦᠢᠯᠡᠴᠢᠯᠡᠭᠴᠢᠳ ᠡ᠂ ᠤᠬᠢᠯᠠᠵᠠᠭ᠎ᠠ ᠪᠤᠷᠬᠠᠨ ᠳᠤ ᠮᠢᠨᠢ ᠦᠢᠯᠡᠴᠢᠯᠡᠭᠴᠢᠳ ᠡ᠂ ᠲᠠᠭᠠᠷ ᠲᠠᠢ ᠪᠠᠷ ᠰᠥᠨᠢ ᠶᠢ ᠥᠩᠭᠡᠷᠡᠭᠦᠯ ᠪᠤᠷᠬᠠᠨ ᠤ ᠴᠢᠨᠢ ᠥᠷᠭᠥᠭᠡᠨ ᠡᠴᠡ ᠢᠳᠡᠭᠡᠨ ᠡᠷᠭᠦᠯ᠂ ᠤᠮᠳᠠᠭᠠᠨ ᠡᠷᠭᠦᠯ ᠲᠠᠰᠤᠷᠠᠵᠠᠢ᠃
14 ᠪᠠᠴᠠᠭ ᠪᠠᠷᠢᠬᠤ ᠡᠳᠦᠷ ᠢᠶᠡᠨ ᠲᠤᠰᠠᠭᠠᠷᠯᠠ ᠠᠷᠢᠭᠤᠨ ᠴᠢᠭᠤᠯᠭᠠᠨ ᠢᠶᠠᠨ ᠳᠠᠭᠤᠳᠠᠨ ᠠᠬᠠᠮᠠᠳ ᠪᠠ ᠨᠤᠲᠤᠭ ᠤᠨ ᠰᠠᠭᠤᠭᠠᠯᠢᠴᠢᠳ ᠪᠦᠭᠦᠳᠡ ᠶᠢ ᠶᠣᠬᠣᠸᠠ ᠪᠤᠷᠬᠠᠨ ᠤ ᠪᠠᠨ ᠥᠷᠭᠥᠭᠡᠨ ᠳᠦ ᠴᠤᠭᠯᠠᠭᠤᠯᠵᠤ ᠶᠣᠬᠣᠸᠠ ᠤᠷᠤᠭᠤ ᠬᠠᠰᠬᠢᠷᠴᠠᠭ᠎ᠠ᠃
15 ᠲᠡᠷᠡ ᠡᠳᠦᠷ ᠭᠠᠰᠠᠯᠠᠩᠲᠠᠶ᠎ᠠ︕ ᠶᠣᠬᠣᠸᠠ ᠶᠢᠨ ᠡᠳᠦᠷ ᠣᠢᠷᠠᠬᠠᠨ ᠪᠠᠢᠨ᠎ᠠ ᠲᠡᠭᠦᠰ ᠬᠦᠴᠦᠲᠦ ᠨᠢᠭᠡᠨ ᠡᠴᠡ ᠰᠦᠢᠷᠡᠯ ᠢᠷᠡᠨ᠎ᠡ
16 ᠨᠢᠳᠦᠨ ᠦ ᠮᠢᠨᠢ ᠡᠮᠦᠨ᠎ᠡ ᠡᠴᠡ ᠬᠣᠭᠣᠯᠠ ᠬᠦᠨᠡᠰᠦ ᠪᠤᠷᠬᠠᠨ ᠤ ᠮᠢᠨᠢ ᠥᠷᠭᠥᠭᠡᠨ ᠡᠴᠡ ᠪᠠᠶᠠᠷ ᠬᠥᠷ ᠲᠠᠰᠤᠷᠠᠭᠰᠠᠨ ᠪᠢᠰᠢ ᠤᠤ︖
17 ᠦᠷ᠎ᠡ ᠬᠥᠷᠥᠰᠥᠨ ᠳᠣᠣᠷ᠎ᠠ ᠪᠠᠨ ᠬᠣᠷᠪᠣᠢᠵᠤ᠂ ᠬᠥᠮᠥᠷᠭᠡ ᠬᠣᠭᠣᠰᠣᠷᠠᠪᠠ᠃ ᠵᠣᠭᠣᠷᠢ ᠨᠤᠷᠠᠵᠤ᠂ ᠲᠠᠷᠢᠶ᠎ᠠ ᠬᠠᠳᠠᠪᠠ᠃
18 ᠮᠠᠯ ᠠᠮᠢᠲᠠᠳ ᠬᠡᠴᠢᠨᠡᠨ ᠶᠡᠬᠡ ᠶᠣᠣᠯᠠᠵᠤ ᠪᠠᠢᠨ᠎ᠠ︕ ᠪᠡᠯᠴᠢᠭᠡᠷ ᠦᠭᠡᠢ ᠪᠣᠯᠣᠭᠠᠳ ᠦᠬᠡᠷ ᠦᠨ ᠰᠦᠷᠦᠭ ᠲᠡᠨᠦᠵᠦ ᠬᠣᠨᠢᠨ ᠰᠦᠷᠦᠭ ᠲᠤᠢᠯᠳᠠᠵᠤ ᠪᠠᠢᠨ᠎ᠠ᠃
19 ᠶᠣᠬᠣᠸᠠ ᠡ᠂ ᠪᠢ ᠲᠠᠨ ᠤᠷᠤᠭᠤ ᠬᠠᠰᠬᠢᠷᠤᠨ᠎ᠠ ᠡᠪᠡᠰᠦ ᠪᠡᠯᠴᠢᠭᠡᠷ ᠢ ᠭᠠᠯ ᠵᠠᠯᠭᠢᠵᠤ ᠲᠠᠯ᠎ᠠ ᠭᠠᠵᠠᠷ ᠤᠨ ᠪᠦᠬᠦ ᠮᠣᠳᠣ ᠶᠢ ᠳᠥᠯᠥ ᠰᠢᠲᠠᠭᠠᠪᠠ
20 ᠬᠡᠭᠡᠷ᠎ᠡ ᠶᠢᠨ ᠠᠮᠢᠲᠠᠳ ᠴᠤ ᠲᠠᠨ ᠤᠷᠤᠭᠤ ᠲᠡᠮᠡᠦᠯᠦᠨ᠎ᠡ ᠤᠰᠤᠨ ᠤ ᠤᠷᠤᠰᠬᠠᠯ ᠲᠠᠲᠠᠷᠠᠵᠤ᠂ ᠡᠪᠡᠰᠦ ᠪᠡᠯᠴᠢᠭᠡᠷ ᠭᠠᠯ ᠳᠤ ᠵᠠᠯᠭᠢᠭᠳᠠᠯ᠎ᠠ᠃