ᠹᠢᠯᠧᠮᠣᠨ
ᠹᠢᠯᠧᠮᠣᠨ ᠢ ᠰᠠᠢᠰᠢᠶᠠᠪᠠ
1 ᠾᠷᠢᠰᠲ᠋ᠣᠰ ᠢᠰᠦ᠋ᠰ ᠡᠴᠡ ᠪᠣᠯᠵᠤ ᠬᠣᠷᠢᠭᠳᠠᠭᠰᠠᠨ ᠫᠠᠦ᠋ᠯ ᠪᠠ ᠳᠡᠭᠦᠦ ᠲᠢᠮᠣᠲ ᠠᠴᠠ ᠪᠢᠳᠡᠨ ᠦ ᠬᠠᠢᠷᠠᠲᠤ ᠬᠠᠮᠲᠤ ᠠᠵᠢᠯᠯᠠᠭᠴᠢ ᠹᠢᠯᠧᠮᠣᠨ᠂ 2 ᠥᠬᠢᠨ ᠳᠡᠭᠦᠦ ᠠᠹᠢᠶᠠ ᠪᠠ ᠪᠢᠳᠡᠨ ᠦ ᠬᠠᠮᠲᠤ ᠶᠢᠨ ᠪᠠᠢᠯᠳᠤᠭᠴᠢ ᠠᠷᠺᠢᠫ ᠬᠢᠭᠡᠳ ᠴᠢᠨᠦ ᠭᠡᠷ ᠳᠠᠬᠢ ᠴᠢᠭᠤᠯᠭᠠᠨ ᠳᠤ᠄
3 ᠪᠢᠳᠡᠨ ᠦ ᠡᠴᠢᠭᠡ ᠪᠤᠷᠬᠠᠨ ᠪᠠ ᠡᠵᠡᠨ ᠢᠰᠦ᠋ᠰ ᠾᠷᠢᠰᠲ᠋ᠣᠰ ᠤᠨ ᠢᠪᠡᠭᠡᠯ᠂ ᠠᠮᠤᠭᠤᠯᠠᠩ ᠲᠠ ᠨᠠᠷ ᠲᠤ ᠪᠠᠢᠬᠤ ᠪᠣᠯᠲᠤᠭᠠᠢ᠃
4 ᠪᠢ ᠳᠠᠭᠠᠳᠬᠠᠬᠤ ᠪᠣᠯᠭᠠᠨ ᠴᠢᠮ᠎ᠠ ᠶᠢ ᠳᠤᠷᠠᠰᠴᠤ᠂ ᠪᠤᠷᠬᠠᠨ ᠳᠠᠭᠠᠨ ᠲᠠᠯᠠᠷᠬᠠᠳᠠᠭ᠃ 5 ᠤᠴᠢᠷ ᠨᠢ᠂ ᠡᠵᠡᠨ ᠢᠰᠦ᠋ᠰ ᠪᠠ ᠬᠠᠮᠤᠭ ᠠᠷᠢᠭᠤᠨ ᠬᠥᠮᠦᠨ ᠳᠦ ᠬᠠᠢᠷᠠᠲᠠᠢ᠂ ᠢᠲᠡᠭᠡᠯ ᠲᠡᠢ ᠶᠢ ᠴᠢᠨᠢ ᠪᠢ ᠰᠣᠨᠣᠰᠴᠤ ᠪᠠᠢᠨ᠎ᠠ᠃ 6 ᠡᠢᠨ ᠬᠦ ᠢᠲᠡᠭᠡᠯ ᠦᠨ ᠳᠣᠲᠣᠷ᠎ᠠ ᠢᠳᠡᠪᠬᠢᠲᠡᠢ ᠨᠥᠬᠥᠷᠯᠡᠭᠡᠳ ᠾᠷᠢᠰᠲ᠋ᠣᠰ ᠢ ᠵᠣᠷᠢᠭᠰᠠᠨ ᠪᠢᠳᠡᠨ ᠳᠦ ᠪᠠᠢᠭ᠎ᠠ ᠠᠯᠢᠪᠠ ᠰᠠᠢᠨ ᠰᠠᠢᠬᠠᠨ ᠢ ᠴᠢ ᠲᠠᠨᠢᠵᠤ ᠮᠡᠳᠡᠭᠡᠰᠡᠢ᠃ 7 ᠴᠢᠨᠦ ᠬᠠᠢᠷ᠎ᠠ ᠨᠠᠮᠠᠶᠢ ᠶᠡᠬᠡᠳᠡ ᠪᠠᠶᠠᠰᠬᠠᠵᠤ ᠵᠣᠷᠢᠭᠵᠢᠭᠤᠯᠤᠭᠰᠠᠨ᠃ ᠶᠠᠭᠠᠬᠢᠭᠠᠳ ᠭᠡᠪᠡᠯ᠂ ᠳᠡᠭᠦᠦ ᠮᠢᠨᠢ᠂ ᠴᠢᠨᠦ ᠠᠴᠢ ᠪᠠᠷ ᠠᠷᠢᠭᠤᠨ ᠬᠥᠮᠦᠰ ᠦᠨ ᠰᠡᠳᠬᠢᠯ ᠠᠮᠠᠷᠠᠭᠰᠠᠨ ᠶᠤᠮ᠃
ᠪᠣᠭᠣᠯ ᠤᠨ ᠡᠮᠦᠨ᠎ᠡ ᠡᠴᠡ ᠭᠤᠶᠤᠪᠠ
8 ᠲᠡᠢᠮᠦ ᠡᠴᠡ ᠾᠷᠢᠰᠲ᠋ᠣᠰ ᠤᠨ ᠳᠣᠲᠣᠷ᠎ᠠ ᠵᠣᠷᠢᠭ ᠭᠠᠷᠭᠠᠨ ᠬᠢᠬᠦ ᠶᠣᠰᠣᠲᠠᠢ ᠵᠦᠢᠯ ᠢ ᠴᠢᠨᠢ ᠴᠢᠮ᠎ᠠ ᠳᠤ ᠵᠠᠬᠢᠬᠤ ᠶᠢᠨ ᠣᠷᠣᠨ ᠳᠤ 9 ᠪᠢ — ᠡᠳᠦᠭᠡ ᠥᠲᠡᠯᠦᠭᠰᠡᠨ ᠪᠥᠭᠡᠳ ᠾᠷᠢᠰᠲ᠋ᠣᠰ ᠢᠰᠦ᠋ᠰ ᠡᠴᠡ ᠪᠣᠯᠵᠤ ᠬᠣᠷᠢᠭᠳᠠᠭᠰᠠᠨ ᠫᠠᠦ᠋ᠯ — ᠬᠠᠢᠷ᠎ᠠ ᠶᠢᠨ ᠤᠯᠠᠮ ᠠᠴᠠ ᠭᠤᠶᠤᠶ᠎ᠠ᠃ 10 ᠴᠢᠮ᠎ᠠ ᠠᠴᠠ ᠪᠢ ᠬᠦᠦ ᠣᠨᠧᠰᠢᠮ 1 ᠤᠨ ᠢᠶᠠᠨ ᠡᠮᠦᠨ᠎ᠡ ᠡᠴᠡ ᠭᠤᠶᠤᠬᠤ ᠭᠡᠵᠦ ᠪᠠᠢᠨ᠎ᠠ᠃ ᠲᠡᠭᠦᠨ ᠢ ᠪᠢ ᠬᠣᠷᠢᠭᠳᠠᠵᠤ ᠪᠠᠢᠬᠤ ᠳᠠᠭᠠᠨ ᠣᠯᠣᠭᠰᠠᠨ ᠶᠤᠮ᠃ 11 ᠲᠡᠷᠡ ᠤᠷᠢᠳᠤ ᠨᠢ ᠴᠢᠮ᠎ᠠ ᠳᠤ ᠲᠤᠰᠠ ᠦᠭᠡᠢ ᠪᠠᠢᠭᠰᠠᠨ ᠪᠣᠯᠪᠠᠴᠤ ᠡᠳᠦᠭᠡ ᠨᠠᠳᠠ ᠳᠤ ᠴᠤ᠂ ᠴᠢᠮ᠎ᠠ ᠳᠤ ᠴᠤ ᠲᠤᠰᠠ ᠲᠠᠢ ᠪᠣᠯᠵᠠᠢ᠃ 12 ᠪᠢ ᠲᠡᠭᠦᠨ ᠢ ᠴᠢᠮ᠎ᠠ ᠤᠷᠤᠭᠤ ᠪᠤᠴᠠᠭᠠᠬᠤ ᠪᠣᠯᠣᠯ᠎ᠠ᠃ ᠲᠡᠷᠡ ᠪᠣᠯ ᠮᠢᠨᠦ ᠵᠢᠷᠦᠬᠡ᠃ 13 ᠪᠢ ᠲᠡᠭᠦᠨ ᠢ ᠬᠠᠵᠠᠭᠤ ᠳᠠᠭᠠᠨ ᠪᠠᠢᠯᠭᠠᠨ᠂ ᠪᠠᠶᠠᠷ ᠤᠨ ᠮᠡᠳᠡᠭᠡᠨ ᠦ ᠲᠥᠯᠥᠭᠡ ᠬᠣᠷᠢᠭᠳᠠᠵᠤ ᠪᠠᠢᠬᠤ ᠵᠠᠭᠤᠷ᠎ᠠ ᠪᠠᠨ ᠴᠢᠨᠦ ᠣᠷᠣᠨ ᠳᠤ ᠪᠡᠶ᠎ᠡ ᠳᠡᠭᠡᠨ ᠦᠢᠯᠡᠴᠢᠯᠡᠭᠦᠯᠬᠦ ᠰᠠᠨᠠᠭ᠎ᠠ ᠲᠠᠢ ᠴᠤ᠂ 14 ᠴᠢᠨᠦ ᠵᠥᠪᠰᠢᠶᠡᠷᠡᠯ ᠦᠭᠡᠢ ᠪᠠᠷ ᠶᠠᠭᠤ ᠴᠤ ᠬᠢᠬᠦ ᠬᠦᠰᠡᠯ ᠦᠭᠡᠢ᠃ ᠤᠴᠢᠷ ᠨᠢ᠂ ᠰᠠᠢᠨ ᠦᠢᠯᠡ ᠠᠯᠪᠠᠳᠠᠯᠭ᠎ᠠ ᠪᠠᠷ ᠪᠤᠰᠤ᠂ ᠬᠠᠷᠢᠨ ᠰᠠᠢᠨ ᠳᠤᠷ᠎ᠠ ᠪᠠᠷ ᠪᠡᠶᠡᠯᠡᠬᠦ ᠶᠣᠰᠣᠲᠠᠢ᠃ 15 ᠲᠡᠭᠦᠨ ᠢ ᠮᠥᠩᠬᠡᠳᠡ ᠴᠢᠮ᠎ᠠ ᠲᠠᠢ ᠪᠠᠢᠯᠭᠠᠬᠤ ᠶᠢᠨ ᠲᠤᠯᠠᠳᠠ ᠲᠡᠷᠡ ᠲᠦᠷ ᠵᠠᠭᠤᠷ᠎ᠠ ᠴᠢᠮ᠎ᠠ ᠠᠴᠠ ᠰᠠᠯᠭᠠᠭᠳᠠᠭᠰᠠᠨ ᠪᠠᠢᠵᠤ ᠮᠠᠭᠠᠳ᠃ 16 ᠲᠡᠷᠡ ᠪᠣᠭᠣᠯ ᠪᠢᠰᠢ᠂ ᠬᠠᠷᠢᠨ ᠪᠣᠭᠣᠯ ᠠᠴᠠ ᠢᠯᠡᠭᠦᠦ ᠬᠠᠢᠷᠠᠲᠤ ᠳᠡᠭᠦᠦ ᠪᠣᠯᠣᠭᠰᠠᠨ᠃ ᠨᠠᠳᠠ ᠳᠤ ᠲᠡᠷᠡ ᠡᠢᠮᠦ ᠣᠨᠴᠠᠭᠠᠢ ᠪᠠᠢᠬᠤ ᠳᠤ ᠮᠢᠬᠠᠨ ᠪᠡᠶ᠎ᠡ ᠪᠣᠯᠣᠨ ᠡᠵᠡᠨ ᠦ ᠳᠣᠲᠣᠷ᠎ᠠ ᠴᠢᠮ᠎ᠠ ᠳᠤ ᠬᠡᠴᠢᠨᠡᠨ ᠣᠨᠴᠠᠭᠠᠢ ᠪᠠᠢᠬᠤ ᠪᠢᠯᠡ᠃
17 ᠬᠡᠷᠪᠡ ᠴᠢ ᠨᠠᠮᠠᠶᠢ ᠬᠠᠮᠲᠤ ᠠᠵᠢᠯᠯᠠᠭᠴᠢ ᠭᠡᠵᠦ ᠪᠣᠳᠣᠳᠠᠭ ᠪᠣᠯ᠂ ᠨᠠᠮᠠᠶᠢ ᠬᠦᠯᠢᠶᠡᠨ ᠠᠪᠬᠤ ᠰᠢᠭ᠋ ᠲᠡᠭᠦᠨ ᠢ ᠬᠦᠯᠢᠶᠡᠨ ᠠᠪᠤᠭᠠᠷᠠᠢ᠃ 18 ᠬᠡᠷᠪᠡ ᠲᠡᠷᠡ ᠴᠢᠮ᠎ᠠ ᠳᠤ ᠶᠠᠮᠠᠷ ᠨᠢᠭᠡᠨ ᠬᠣᠬᠢᠷᠠᠯ ᠤᠴᠠᠷᠠᠭᠤᠯᠤᠨ ᠥᠷᠢ ᠲᠠᠯᠪᠢᠭᠰᠠᠨ ᠪᠣᠯ᠂ ᠨᠠᠳᠠ ᠪᠠᠷ ᠲᠥᠯᠥᠭᠦᠯ᠃ 19 ᠨᠠᠳᠠ ᠳᠤ ᠥᠷᠢ ᠲᠠᠢ ᠪᠠᠢᠭ᠎ᠠ ᠶᠢ ᠴᠢᠨᠢ ᠳᠤᠷᠠᠳᠬᠤ ᠦᠭᠡᠢ᠃ ᠫᠠᠦ᠋ᠯ ᠪᠢ ᠥᠪᠡᠷ ᠦᠨ ᠭᠠᠷ ᠢᠶᠠᠷ ᠢᠶᠠᠨ 《ᠪᠢ ᠲᠥᠯᠥᠶ᠎ᠡ》 ᠭᠡᠵᠦ ᠪᠢᠴᠢᠵᠦ ᠪᠠᠢᠨ᠎ᠠ᠃ 20 ᠳᠡᠭᠦᠦ ᠮᠢᠨᠢ᠂ ᠡᠵᠡᠨ ᠦ ᠳᠣᠲᠣᠷ᠎ᠠ ᠪᠢ ᠴᠢᠨᠦ ᠬᠠᠯᠠᠮᠵᠢ ᠶᠢ ᠶᠡᠬᠡᠳᠡ ᠬᠦᠰᠡᠵᠦ ᠪᠠᠢᠨ᠎ᠠ᠃ ᠾᠷᠢᠰᠲ᠋ᠣᠰ ᠤᠨ ᠳᠣᠲᠣᠷ᠎ᠠ ᠰᠡᠳᠬᠢᠯ ᠢ ᠮᠢᠨᠢ ᠠᠮᠠᠷᠠᠭᠤᠯᠤᠭᠠᠴᠢ᠃ 21 ᠳᠤᠭᠤᠯᠭᠠᠪᠤᠷᠢᠲᠠᠢ ᠪᠠᠢᠬᠤ ᠶᠢ ᠴᠢᠨᠢ ᠢᠲᠡᠭᠡᠵᠦ ᠴᠢᠮ᠎ᠠ ᠳᠤ ᠪᠢᠴᠢᠵᠦ ᠪᠠᠢᠨ᠎ᠠ᠃ ᠬᠡᠯᠡᠭᠰᠡᠨ ᠡᠴᠡ ᠮᠢᠨᠢ ᠢᠯᠡᠭᠦᠦ ᠪᠡᠷ ᠬᠢᠵᠦ ᠥᠭᠬᠦ ᠶᠢ ᠪᠢ ᠮᠡᠳᠡᠨ᠎ᠡ᠃
22 ᠡᠭᠦᠨ ᠦ ᠬᠠᠮᠲᠤ ᠨᠠᠳᠠ ᠳᠤ ᠪᠠᠢᠷᠢ ᠪᠡᠯᠡᠳᠬᠡᠭᠡᠷᠡᠢ᠂ ᠲᠠ ᠨᠠᠷ ᠤᠨ ᠳᠠᠭᠠᠳᠬᠠᠯ ᠤᠨ ᠠᠴᠢ ᠪᠠᠷ ᠲᠠᠨ ᠤ ᠳᠤ ᠢᠯᠡᠭᠡᠭᠳᠡᠬᠦ ᠶᠢ ᠪᠢ ᠡᠷᠡᠮᠡᠯᠵᠡᠵᠦ ᠪᠠᠢᠨ᠎ᠠ᠃
23 ᠾᠷᠢᠰᠲ᠋ᠣᠰ ᠢᠰᠦ᠋ᠰ ᠤᠨ ᠲᠥᠯᠥᠭᠡ ᠬᠠᠮᠲᠤ ᠬᠣᠷᠢᠭᠳᠠᠭᠴᠢ ᠧᠫᠠᠹᠷᠠ ᠪᠣᠯᠣᠨ 24 ᠮᠢᠨᠦ ᠬᠠᠮᠲᠤ ᠠᠵᠢᠯᠯᠠᠭᠴᠢ ᠮᠠᠷᠺ᠂ ᠠᠷᠢᠰᠲ᠋ᠠᠷᠺ᠂ ᠳ᠋ᠧᠮᠠ᠂ ᠯᠦᠺ ᠴᠢᠮ᠎ᠠ ᠳᠤ ᠮᠡᠨᠳᠦ ᠬᠦᠷᠭᠡᠵᠦ ᠪᠠᠢᠨ᠎ᠠ᠃
25 ᠡᠵᠡᠨ ᠢᠰᠦ᠋ᠰ ᠾᠷᠢᠰᠲ᠋ᠣᠰ ᠤᠨ ᠢᠪᠡᠭᠡᠯ ᠲᠠ ᠨᠠᠷ ᠤᠨ ᠰᠦᠨᠡᠰᠦᠨ ᠳᠦ ᠣᠷᠣᠰᠢᠬᠤ ᠪᠣᠯᠲᠤᠭᠠᠢ᠃