1 2 3 4 5 6 7 8 9 10


ᠡᠰᠲ᠋ᠧᠷ ᠨᠢᠭᠡ
 ᠫᠧᠷᠰ ᠤᠨ ᠬᠠᠲᠤᠨ ᠤᠭᠴᠠᠷᠠᠭᠳᠠᠪᠠ

1 ᠡᠨᠡ ᠶᠠᠪᠤᠳᠠᠯ ᠠᠬᠠᠰᠦ᠋ᠶᠧᠷᠦ᠋ ᠶᠢᠨ ᠡᠳᠦᠷ ᠤᠳ ᠲᠤ ᠪᠣᠯᠣᠭᠰᠠᠨ ᠶᠤᠮ᠃ ᠠᠬᠠᠰᠦ᠋ᠶᠧᠷᠦ᠋ ᠡᠨᠡᠳᠬᠡᠭ ᠡᠴᠡ ᠺᠦᠱ ᠬᠦᠷᠲᠡᠯᠡᠬᠢ ᠵᠠᠭᠤ ᠬᠣᠷᠢᠨ ᠳᠣᠯᠣᠭᠠᠨ ᠮᠤᠵᠢ ᠶᠢ ᠬᠠᠭᠠᠨᠴᠢᠯᠠᠵᠤ ᠪᠠᠢᠵᠠᠢ᠃ 2 ᠲᠡᠷᠡ ᠡᠳᠦᠷ ᠤᠳ ᠲᠤ ᠬᠠᠭᠠᠨ ᠠᠬᠠᠰᠦ᠋ᠶᠧᠷᠦ᠋ ᠰᠦᠰᠠ ᠶᠢᠨ ᠰᠢᠯᠲᠦᠭᠡᠨ ᠳᠠᠬᠢ ᠬᠠᠭᠠᠨ ᠰᠡᠨᠲᠢ ᠳᠡᠭᠡᠨ ᠵᠠᠯᠠᠷᠠᠵᠤ ᠪᠠᠢᠪᠠ᠃ 3 ᠬᠠᠭᠠᠨᠴᠢᠯᠠᠯ ᠤᠨ ᠢᠶᠠᠨ ᠭᠤᠷᠪᠠᠳᠤᠭᠠᠷ ᠣᠨ ᠳᠤ ᠲᠡᠷᠡ ᠪᠡᠷ ᠪᠦᠬᠦ ᠨᠣᠶᠠᠨ ᠲᠦᠰᠢᠮᠡᠯ ᠲᠡᠭᠡᠨ ᠵᠣᠷᠢᠭᠤᠯᠤᠨ ᠨᠠᠢᠷ ᠬᠢᠪᠡ᠃ ᠫᠧᠷᠰ ᠪᠣᠯᠣᠨ ᠮᠧᠳᠢᠶ᠎ᠠ ᠶᠢᠨ ᠵᠠᠩᠵᠤᠨ ᠨᠠᠷ᠂ ᠮᠥᠨ ᠮᠤᠵᠢ ᠶᠢᠨ ᠨᠣᠶᠠᠳ ᠪᠣᠯᠣᠨ ᠵᠠᠬᠢᠷᠤᠭᠴᠢᠳ ᠬᠠᠭᠠᠨ ᠤ ᠡᠮᠦᠨ᠎ᠡ ᠪᠠᠢᠯ᠎ᠠ᠃

4 ᠬᠠᠭᠠᠨ ᠵᠠᠭᠤ ᠨᠠᠶᠠᠨ ᠬᠣᠨᠣᠭ ᠤᠨ ᠲᠤᠷᠰᠢ᠂ ᠣᠯᠠᠨ ᠡᠳᠦᠷ ᠢᠶᠡᠷ ᠬᠠᠭᠠᠨᠴᠢᠯᠠᠯ ᠤᠨ ᠢᠶᠠᠨ ᠦᠯᠡᠮᠵᠢ ᠪᠠᠶᠠᠯᠢᠭ ᠪᠣᠯᠣᠨ ᠠᠤᠭ᠎ᠠ ᠰᠦᠷ ᠵᠢᠪᠬᠤᠯᠠᠩ ᠢ ᠬᠠᠷᠠᠭᠤᠯᠤᠭᠰᠠᠨ ᠪᠠᠢᠨ᠎ᠠ᠃ 5 ᠡᠳᠡᠭᠡᠷ ᠡᠳᠦᠷ ᠤᠳ ᠥᠩᠭᠡᠷᠡᠬᠦ ᠳᠦ᠂ ᠬᠠᠭᠠᠨ ᠰᠦᠰᠠ ᠰᠢᠯᠲᠦᠭᠡᠨ ᠳᠦ ᠪᠠᠢᠭ᠎ᠠ ᠡᠷᠬᠢᠮ ᠳᠣᠣᠷᠠᠳᠤᠰ ᠢᠯᠭᠠᠯ ᠦᠭᠡᠢ ᠪᠦᠬᠦ ᠬᠥᠮᠦᠨ ᠳᠦ ᠵᠣᠷᠢᠭᠤᠯᠤᠨ ᠬᠠᠭᠠᠨ ᠤ ᠣᠷᠳᠣᠨ ᠤ ᠴᠡᠴᠡᠷᠯᠢᠭ ᠤᠨ ᠬᠦᠷᠢᠶᠡᠨ ᠳᠦ ᠳᠠᠬᠢᠨ ᠳᠣᠯᠣᠭᠠᠨ ᠬᠣᠨᠣᠭ ᠤᠨ ᠨᠠᠢᠷ ᠬᠢᠪᠡ᠃ 6 ᠲᠡᠨᠳᠡ ᠴᠠᠭᠠᠨ ᠤᠲᠠᠰᠤ ᠪᠣᠯᠣᠨ ᠨᠢᠯ ᠶᠠᠭᠠᠨ ᠪᠥᠰ ᠢᠶᠡᠷ ᠬᠢᠭᠰᠡᠨ ᠬᠥᠰᠢᠭᠡ ᠨᠦᠭᠦᠳ ᠪᠠᠢᠪᠠ᠃ ᠲᠡᠷᠡ ᠬᠥᠰᠢᠭᠡ ᠨᠦᠭᠦᠳ ᠢ ᠭᠠᠨᠲᠢᠭ ᠪᠠᠭᠠᠨ᠎ᠠ ᠶᠢᠨ ᠮᠥᠩᠭᠥᠨ ᠭᠠᠷᠠᠬ᠎ᠠ ᠨᠤᠭᠤᠳ ᠠᠴᠠ ᠨᠢᠯ ᠶᠠᠭᠠᠨ ᠥᠩᠭᠡ ᠶᠢᠨ ᠨᠠᠷᠢᠨ ᠮᠠᠭᠠᠯᠢᠩ᠋ᠭᠤᠨ ᠤᠲᠠᠰᠤ ᠪᠠᠷ ᠡᠯᠭᠦᠭᠰᠡᠨ ᠪᠠᠢᠪᠠ᠃ ᠮᠥᠨ ᠡᠷᠢᠶᠡᠨ ᠴᠢᠯᠠᠭᠤ᠂ ᠭᠠᠨᠲᠢᠭ᠂ ᠲᠠᠨ᠎ᠠ ᠪᠣᠯᠣᠨ ᠡᠷᠳᠡᠨᠢ ᠶᠢᠨ ᠴᠢᠯᠠᠭᠤ ᠨᠤᠭᠤᠳ ᠢ ᠰᠢᠭᠢᠳᠬᠡᠭᠰᠡᠨ ᠵᠠᠮ ᠳᠡᠭᠡᠷ᠎ᠡ ᠠᠯᠲᠠ ᠮᠥᠩᠭᠥᠨ ᠢᠰᠠᠷᠢ ᠨᠦᠭᠦᠳ ᠪᠠᠢᠯ᠎ᠠ᠃ 7 ᠬᠠᠭᠠᠨ ᠤ ᠬᠡᠰᠢᠭ᠂ ᠬᠠᠭᠠᠨ ᠤ ᠦᠵᠦᠮ ᠦᠨ ᠳᠠᠷᠠᠰᠤ ᠬᠠᠯᠭᠢᠵᠤ ᠴᠠᠯᠭᠢᠵᠤ ᠪᠠᠢᠭᠰᠠᠨ ᠪᠥᠭᠡᠳ ᠲᠡᠭᠦᠨ ᠢ ᠶᠠᠩᠵᠤ ᠪᠦᠷᠢ ᠶᠢᠨ ᠠᠯᠲᠠᠨ ᠰᠠᠪᠠ ᠪᠠᠷ ᠲᠦᠭᠡᠭᠡᠨ ᠤᠤᠭᠤᠯᠭᠠᠵᠠᠢ᠃ 8 ᠤᠤᠭᠤᠬᠤ ᠲᠠᠯ᠎ᠠ ᠪᠠᠷ ᠶᠠᠮᠠᠷ ᠴᠤ ᠴᠡᠭᠡᠷ᠂ ᠱᠠᠯᠠᠭ᠎ᠠ ᠦᠭᠡᠢ ᠪᠠᠢᠪᠠ᠃ ᠬᠥᠮᠦᠨ ᠪᠦᠷᠢ ᠳᠤ ᠬᠦᠰᠡᠭᠰᠡᠨ ᠢᠶᠡᠷ ᠨᠢ ᠦᠢᠯᠡᠴᠢᠯᠡᠬᠦ ᠶᠢ ᠬᠠᠭᠠᠨ ᠣᠷᠳᠣᠨ ᠤ ᠪᠠᠨ ᠪᠦᠬᠦ ᠦᠢᠯᠡᠴᠢᠯᠡᠭᠴᠢ ᠳᠤ ᠲᠤᠰᠢᠶᠠᠭᠰᠠᠨ ᠠᠵᠢ᠃

9 ᠬᠠᠲᠤᠨ ᠸᠠᠱᠲ᠋ᠢ ᠮᠥᠨ ᠬᠠᠭᠠᠨ ᠠᠬᠠᠰᠦ᠋ᠶᠧᠷᠦ᠋ ᠶᠢᠨ ᠣᠷᠳᠣᠨ ᠳᠤ ᠡᠮᠡᠭᠲᠡᠢᠴᠦᠳ ᠲᠦ ᠵᠣᠷᠢᠭᠤᠯᠤᠨ ᠨᠠᠢᠷ ᠬᠢᠪᠡ᠃

10 ᠳᠣᠯᠣᠳᠠᠬᠢ ᠡᠳᠦᠷ ᠨᠢ ᠬᠠᠭᠠᠨ ᠤ ᠰᠡᠳᠬᠢᠯ ᠳᠠᠷᠠᠰᠤᠨ ᠳᠤ ᠬᠥᠭᠰᠡᠨ ᠪᠠᠶᠠᠰᠤᠭᠠᠳ ᠥᠪᠡᠷ ᠲᠤᠨᠢ ᠦᠢᠯᠡᠴᠢᠯᠡᠳᠡᠭ᠌ ᠳᠣᠯᠣᠭᠠᠨ ᠲᠠᠢᠭᠠᠨ ᠮᠧᠾᠦ᠋ᠮᠠᠨ᠂ ᠪᠢᠽᠲ᠋ᠠ᠂ ᠬᠠᠷᠪᠣᠨᠠ᠂ ᠪᠢᠭᠲ᠋ᠠ᠂ ᠠᠪᠠᠭᠲ᠋ᠠ᠂ ᠽᠧᠲ᠋ᠠᠷ ᠪᠠ ᠺᠠᠷᠺᠠᠰ ᠨᠠᠷ ᠲᠤ ᠲᠤᠰᠢᠶᠠᠨ᠂ 11 ᠬᠠᠲᠤᠨ ᠸᠠᠱᠲ᠋ᠢ ᠶᠢ ᠬᠠᠲᠤᠨ ᠤ ᠲᠢᠲᠢᠮ ᠲᠠᠢ ᠨᠢ ᠥᠪᠡᠷ ᠦᠨ ᠢᠶᠠᠨ ᠡᠮᠦᠨ᠎ᠡ ᠠᠪᠴᠢᠷᠠᠭᠤᠯᠬᠤ ᠪᠠᠷ ᠪᠣᠯᠪᠠ᠃ ᠬᠠᠲᠤᠨ ᠭᠤᠸ᠎ᠠ ᠦᠵᠡᠰᠬᠦᠯᠡᠩ ᠪᠣᠯᠬᠣᠷ ᠲᠡᠭᠦᠨ ᠦ ᠭᠤᠸ᠎ᠠ ᠰᠠᠢᠬᠠᠨ ᠢ ᠠᠷᠠᠳ ᠲᠦᠮᠡᠨ ᠪᠣᠯᠣᠨ ᠵᠠᠰᠠᠭ ᠨᠣᠶᠠᠳ ᠲᠠᠭᠠᠨ ᠦᠵᠡᠭᠦᠯᠬᠦ ᠭᠡᠵᠦ ᠲᠡᠷᠡ ᠬᠦᠰᠡᠭᠰᠡᠨ ᠪᠠᠢᠯ᠎ᠠ᠃ 12 ᠭᠡᠪᠡᠴᠦ ᠬᠠᠲᠤᠨ ᠸᠠᠱᠲ᠋ᠢ ᠲᠠᠢᠭᠠᠨ ᠨᠠᠷ ᠢᠶᠠᠷ ᠳᠠᠮᠵᠢᠭᠤᠯᠤᠭᠰᠠᠨ ᠬᠠᠭᠠᠨ ᠤ ᠦᠭᠡ ᠪᠡᠷ ᠢᠷᠡᠭᠡ ᠦᠭᠡᠢ ᠪᠠᠢᠯ᠎ᠠ᠃ ᠲᠡᠭᠡᠬᠦ ᠳᠦ ᠬᠠᠭᠠᠨ ᠶᠡᠬᠡᠳᠡ ᠠᠭᠤᠷᠯᠠᠵᠤ᠂ ᠬᠢᠯᠢᠩ ᠨᠢ ᠳᠦᠷᠡᠯᠵᠡᠪᠡ᠃

13 ᠬᠠᠭᠠᠨ ᠬᠠᠤᠯᠢ ᠪᠠ ᠶᠣᠰᠣ ᠵᠠᠩᠰᠢᠯ ᠰᠠᠢᠨ ᠮᠡᠳᠡᠳᠡᠭ ᠬᠥᠮᠦᠰ ᠲᠡᠢ ᠵᠥᠪᠯᠡᠳᠡᠭ ᠶᠣᠰᠣᠭᠠᠷ ᠢᠶᠠᠨ ᠬᠠᠤᠯᠢ ᠮᠡᠳᠡᠳᠡᠭ ᠮᠡᠷᠭᠡᠨ ᠬᠥᠮᠦᠰ ᠲᠡᠢ ᠶᠠᠷᠢᠯᠴᠠᠵᠠᠢ᠃ 14 ᠬᠠᠭᠠᠨ ᠤ ᠰᠢᠳᠠᠷ ᠲᠦᠰᠢᠮᠡᠳ ᠨᠢ ᠺᠠᠷᠱᠧᠨᠠ᠂ ᠱᠧᠲ᠋ᠠᠷ᠂ ᠠᠳ᠋ᠮᠠᠲ᠋ᠠ᠂ ᠲᠠᠷᠱᠢᠱ᠂ ᠮᠧᠷᠧᠰ᠂ ᠮᠠᠷᠰᠧᠨᠠ ᠪᠠ ᠮᠧᠮᠦ᠋ᠺᠠᠨ ᠵᠡᠷᠭᠡ ᠫᠧᠷᠰ ᠪᠣᠯᠣᠨ ᠮᠧᠳᠢᠶ᠎ᠠ ᠶᠢᠨ ᠳᠣᠯᠣᠭᠠᠨ ᠨᠣᠶᠠᠨ ᠪᠠᠢᠪᠠ᠃ ᠲᠡᠳᠡ ᠬᠠᠭᠠᠨᠴᠢᠯᠠᠯ ᠤᠨ ᠳᠣᠲᠣᠷ᠎ᠠ ᠬᠠᠮᠤᠭ ᠤᠨ ᠥᠨᠳᠥᠷ ᠲᠤᠰᠢᠶᠠᠯ ᠲᠠᠢ ᠪᠥᠭᠡᠳ ᠬᠠᠭᠠᠨ ᠳᠤ ᠪᠠᠷ᠎ᠠ ᠪᠣᠯᠳᠠᠭ ᠪᠠᠢᠪᠠ᠃

15 ᠬᠠᠭᠠᠨ ᠲᠡᠳᠡᠨ ᠡᠴᠡ᠄ 《ᠬᠠᠲᠤᠨ ᠸᠠᠱᠲ᠋ᠢ ᠲᠠᠢᠭᠠᠨ ᠨᠠᠷ ᠢᠶᠠᠷ ᠳᠠᠮᠵᠢᠭᠤᠯᠤᠭᠰᠠᠨ ᠬᠠᠭᠠᠨ ᠠᠬᠠᠰᠦ᠋ᠶᠧᠷᠦ᠋ ᠶᠢᠨ ᠲᠤᠰᠢᠶᠠᠯ ᠢ ᠳᠠᠭᠠᠭᠰᠠᠨ ᠦᠭᠡᠢ ᠤᠴᠢᠷ ᠠᠴᠠ ᠬᠠᠤᠯᠢ ᠶᠢᠨ ᠳᠠᠭᠠᠤ ᠲᠡᠭᠦᠨ ᠢ ᠶᠠᠭᠠᠬᠢᠬᠤ ᠶᠣᠰᠣᠲᠠᠢ ᠪᠤᠢ︖》 ᠭᠡᠪᠡ᠃

16 ᠬᠠᠭᠠᠨ ᠬᠢᠭᠡᠳ ᠰᠢᠳᠠᠷ ᠨᠣᠶᠠᠳ ᠤᠨ ᠡᠮᠦᠨ᠎ᠡ ᠮᠧᠮᠦ᠋ᠺᠠᠨ᠄ 《ᠬᠠᠲᠤᠨ ᠸᠠᠱᠲ᠋ᠢ ᠵᠥᠪᠬᠡᠨ ᠬᠠᠭᠠᠨ ᠤ ᠡᠮᠦᠨ᠎ᠡ ᠪᠢᠰᠢ᠂ ᠮᠥᠨ ᠬᠠᠭᠠᠨ ᠠᠬᠠᠰᠦ᠋ᠶᠧᠷᠦ᠋ ᠶᠢᠨ ᠪᠦᠬᠦ ᠮᠤᠵᠢ ᠶᠢᠨ ᠬᠠᠮᠤᠭ ᠨᠣᠶᠠᠨ ᠪᠣᠯᠣᠨ ᠬᠠᠮᠤᠭ ᠣᠯᠠᠨ ᠤ ᠡᠮᠦᠨ᠎ᠡ ᠪᠤᠷᠤᠭᠤᠳᠠᠪᠠ᠃ 17 ᠬᠠᠲᠤᠨ ᠤ ᠡᠨᠡ ᠶᠠᠪᠤᠳᠠᠯ ᠪᠤᠰᠤᠳ ᠡᠮᠡᠭᠲᠡᠢᠴᠦᠳ ᠲᠦ ᠮᠡᠳᠡᠭᠳᠡᠪᠡᠯ᠂ ᠲᠡᠳᠡ᠄ 〈ᠬᠠᠭᠠᠨ ᠠᠬᠠᠰᠦ᠋ᠶᠧᠷᠦ᠋ ᠬᠠᠲᠤᠨ ᠸᠠᠱᠲ᠋ᠢ ᠳᠤ ᠥᠪᠡᠷ ᠦᠨ ᠬᠢᠨᠢ ᠡᠮᠦᠨ᠎ᠡ ᠢᠷᠡᠬᠦ ᠶᠢ ᠲᠤᠰᠢᠶᠠᠬᠤ ᠳᠤ᠂ ᠲᠡᠷᠡ ᠢᠷᠡᠭᠡ ᠦᠭᠡᠢ〉 ᠭᠡᠳ ᠨᠥᠬᠥᠷ ᠤᠳ ᠢᠶᠠᠨ ᠪᠠᠰᠤᠮᠵᠢᠯᠠᠬᠤ ᠳᠤ ᠬᠦᠷᠬᠦ ᠪᠣᠯᠣᠨ᠎ᠠ᠃ 18 ᠬᠠᠲᠤᠨ ᠤ ᠶᠠᠪᠤᠳᠠᠯ ᠢ ᠰᠣᠨᠣᠰᠣᠭᠰᠠᠨ ᠫᠧᠷᠰ ᠪᠣᠯᠣᠨ ᠮᠧᠳᠢᠶ᠎ᠠ ᠶᠢᠨ ᠬᠠᠲᠤᠭᠲᠠᠢ ᠨᠠᠷ ᠥᠨᠥᠳᠥᠷ ᠬᠠᠭᠠᠨ ᠤ ᠬᠠᠮᠤᠭ ᠨᠣᠶᠠᠳ ᠲᠠᠢ ᠮᠥᠨ ᠡᠢᠨ ᠬᠦ ᠶᠠᠷᠢᠬᠤ ᠪᠥᠭᠡᠳ ᠪᠠᠰᠤᠮᠵᠢᠯᠠᠯ ᠪᠣᠯᠣᠨ ᠡᠪᠳᠡᠷᠡᠯᠴᠡᠯ ᠬᠠᠩ᠋ᠭᠠᠯᠲᠠᠲᠠᠢ ᠪᠣᠯᠬᠤ ᠨᠢ ᠡ᠃

19 ᠬᠡᠷᠪᠡ ᠬᠠᠭᠠᠨ ᠲᠠᠭᠠᠯᠠᠪᠠᠯ ᠸᠠᠱᠲ᠋ᠢ ᠳᠤ ᠬᠠᠭᠠᠨ ᠠᠬᠠᠰᠦ᠋ᠶᠧᠷᠦ᠋ ᠶᠢᠨ ᠡᠮᠦᠨ᠎ᠡ ᠢᠷᠡᠵᠦ ᠦᠯᠦ ᠪᠣᠯᠬᠤ ᠵᠠᠷᠯᠢᠭ ᠪᠠᠭᠤᠯᠭᠠᠵᠤ᠂ ᠡᠭᠦᠨ ᠢ ᠫᠧᠷᠰ ᠪᠣᠯᠣᠨ ᠮᠧᠳᠢᠶ᠎ᠠ ᠳᠤ ᠡᠷᠭᠢᠯᠲᠡ ᠦᠭᠡᠢ ᠲᠣᠭᠲᠠᠭᠠᠯ ᠪᠣᠯᠭᠠᠨ ᠲᠣᠭᠲᠠᠭᠠᠬᠤ ᠶᠣᠰᠣᠲᠠᠢ᠃ ᠮᠥᠨ ᠬᠠᠲᠤᠨ ᠤ ᠪᠠᠢᠷᠢ ᠰᠠᠭᠤᠷᠢ ᠶᠢ ᠲᠡᠭᠦᠨ ᠡᠴᠡ ᠵᠣᠬᠢᠰᠲᠠᠢ ᠥᠭᠡᠷ᠎ᠡ ᠪᠦᠰᠡᠭᠦᠢ ᠳᠦ ᠥᠭᠭᠥᠨ᠎ᠡ ᠤᠤ︖ 20 ᠬᠠᠭᠠᠨ ᠤ ᠲᠡᠷᠡ ᠵᠠᠷᠯᠢᠭ ᠬᠠᠭᠠᠨ ᠤ ᠠᠭᠤᠤ ᠬᠠᠭᠠᠨᠴᠢᠯᠠᠯ ᠳᠠᠶᠠᠭᠠᠷ ᠰᠣᠨᠣᠰᠳᠠᠬᠤ ᠳᠤ᠂ ᠡᠷᠬᠢᠮ ᠴᠤ ᠪᠠᠶᠢᠭ᠂ ᠡᠭᠡᠯ ᠴᠤ ᠪᠠᠶᠢᠭ᠂ ᠡᠮᠡᠭᠲᠡᠢᠴᠦᠳ ᠪᠦᠭᠦᠳᠡᠭᠡᠷ ᠨᠥᠬᠥᠷ ᠢᠶᠡᠨ ᠬᠦᠨᠳᠦᠯᠡᠬᠦ ᠪᠣᠯᠣᠨ᠎ᠠ》 ᠭᠡᠪᠡ᠃

21 ᠡᠨᠡ ᠦᠭᠡ ᠬᠠᠭᠠᠨ ᠪᠣᠯᠣᠨ ᠨᠣᠶᠠᠳ ᠤᠨ ᠬᠢᠨᠢ ᠲᠠᠭᠠᠯᠠᠯ ᠳᠤ ᠨᠡᠢᠴᠡᠭᠰᠡᠨ ᠢᠶᠡᠷ ᠬᠠᠭᠠᠨ ᠮᠧᠮᠦ᠋ᠺᠠᠨ ᠤ ᠬᠡᠯᠡᠭᠰᠡᠨ ᠶᠣᠰᠣᠭᠠᠷ ᠦᠢᠯᠡᠳᠪᠡ᠃ 22 ᠲᠡᠷᠡ ᠪᠡᠷ ᠪᠦᠬᠦ ᠮᠤᠵᠢ ᠶᠢᠨ ᠦᠨᠳᠦᠰᠦᠲᠡᠨ ᠪᠣᠯᠭᠠᠨ ᠤ ᠥᠪᠡᠷ ᠦᠨ ᠬᠢᠨᠢ ᠬᠡᠯᠡ ᠪᠡᠷ᠂ ᠠᠷᠠᠳ ᠲᠦᠮᠡᠨ ᠪᠣᠯᠭᠠᠨ ᠤ ᠥᠪᠡᠷ ᠦᠨ ᠬᠢᠨᠢ ᠦᠰᠦᠭ ᠢᠶᠡᠷ ᠵᠠᠷᠯᠢᠭ ᠪᠢᠴᠢᠵᠦ᠂ ᠡᠷ᠎ᠡ ᠬᠥᠮᠦᠨ ᠪᠦᠷᠢ ᠥᠪᠡᠷ ᠦᠨ ᠢᠶᠠᠨ ᠭᠡᠷ ᠲᠦ ᠡᠵᠡᠨ ᠪᠠᠢᠬᠤ ᠶᠣᠰᠣᠲᠠᠢ ᠶᠢ ᠦᠨᠳᠦᠰᠦᠲᠡᠨ ᠪᠦᠷᠢ ᠶᠢᠨ ᠬᠡᠯᠡ ᠪᠡᠷ ᠲᠤᠩ᠋ᠬᠠᠭᠯᠠᠭᠰᠠᠨ ᠪᠠᠢᠨ᠎ᠠ᠃