ᠡᠰᠲ᠋ᠧᠷ ᠶᠢᠰᠦ
ᠳᠠᠢᠰᠤᠨ ᠨᠤᠭᠤᠳ ᠨᠢ ᠤᠰᠠᠳᠬᠠᠭᠳᠠᠪᠠ
1 ᠢᠩᠭᠢᠭᠡᠳ ᠠᠳᠠᠷ ᠰᠠᠷ᠎ᠠ ᠪᠤᠶᠤ ᠠᠷᠪᠠᠨ ᠬᠣᠶᠠᠳᠤᠭᠠᠷ ᠰᠠᠷ᠎ᠠ ᠶᠢᠨ ᠠᠷᠪᠠᠨ ᠭᠤᠷᠪᠠᠨ ᠤ ᠡᠳᠦᠷ ᠬᠠᠭᠠᠨ ᠤ ᠲᠤᠰᠢᠶᠠᠯ᠂ ᠵᠠᠷᠯᠢᠭ ᠢ ᠭᠦᠢᠴᠡᠳᠬᠡᠬᠦ ᠪᠣᠯᠣᠯ᠎ᠠ᠃ ᠶᠦᠳᠠᠢᠴᠤᠳ ᠤᠨ ᠳᠠᠢᠰᠤᠨ ᠨᠤᠭᠤᠳ ᠲᠡᠳᠡᠨ ᠢ ᠡᠵᠡᠷᠬᠡᠬᠦ ᠪᠡᠷ ᠭᠣᠷᠢᠯᠠᠵᠤ ᠪᠠᠢᠭᠰᠠᠨ ᠲᠡᠷᠡ ᠡᠳᠦᠷ ᠨᠢ ᠡᠰᠡᠷᠭᠦ ᠪᠡᠷ ᠡᠷᠭᠢᠵᠦ᠂ ᠶᠦᠳᠠᠢᠴᠤᠳ ᠥᠪᠡᠷᠰᠡᠳ ᠢ ᠨᠢ ᠦᠵᠡᠨ ᠶᠠᠳᠠᠭᠴᠢᠳ ᠢ ᠡᠵᠡᠷᠬᠡᠬᠦ ᠪᠣᠯᠵᠠᠢ᠃ 2 ᠬᠠᠭᠠᠨ ᠠᠬᠠᠰᠦ᠋ᠶᠧᠷᠦ᠋ ᠶᠢᠨ ᠪᠦᠬᠦ ᠮᠤᠵᠢ ᠶᠢᠨ ᠶᠦᠳᠠᠢᠴᠤᠳ ᠥᠪᠡᠷᠰᠡᠳ ᠢ ᠨᠢ ᠬᠥᠨᠥᠭᠡᠬᠦ ᠶᠢ ᠬᠦᠰᠡᠭᠴᠢᠳ ᠢ ᠴᠣᠬᠢᠬᠤ ᠪᠠᠷ ᠲᠤᠰ ᠲᠤᠰ ᠤᠨ ᠢᠶᠠᠨ ᠬᠣᠲᠠ ᠨᠤᠭᠤᠳ ᠲᠤ ᠴᠤᠭᠯᠠᠷᠠᠪᠠ᠃ ᠪᠤᠰᠤᠳ ᠦᠨᠳᠦᠰᠦᠲᠡᠨ ᠪᠦᠭᠦᠳᠡ ᠲᠡᠳᠡᠨ ᠡᠴᠡ ᠠᠶᠤᠵᠤ᠂ ᠬᠡᠨ ᠨᠢ ᠴᠤ ᠲᠡᠳᠡᠨ ᠦ ᠡᠰᠡᠷᠭᠦ ᠵᠣᠭᠰᠣᠵᠤ ᠴᠢᠳᠠᠭᠰᠠᠨ ᠦᠭᠡᠢ᠃ 3 ᠮᠤᠵᠢ ᠨᠤᠭᠤᠳ ᠤᠨ ᠪᠦᠬᠦ ᠨᠣᠶᠠᠨ᠂ ᠠᠬᠠᠯᠠᠭᠴᠢ᠂ ᠵᠠᠬᠢᠷᠤᠭᠴᠢ ᠪᠣᠯᠣᠨ ᠬᠠᠭᠠᠨ ᠤ ᠠᠯᠪᠠ ᠶᠢ ᠭᠦᠢᠴᠡᠳᠬᠡᠵᠦ ᠪᠠᠢᠭ᠎ᠠ ᠲᠦᠰᠢᠮᠡᠯ ᠬᠦᠷᠲᠡᠯ᠎ᠡ ᠮᠣᠷᠳᠧᠺᠠᠢ ᠠᠴᠠ ᠠᠶᠤᠵᠤ ᠶᠦᠳᠠᠢᠴᠤᠳ ᠢ ᠳᠡᠮᠵᠢᠵᠦ ᠪᠠᠢᠪᠠ᠃ 4 ᠤᠴᠢᠷ ᠨᠢ ᠮᠣᠷᠳᠧᠺᠠᠢ ᠬᠠᠭᠠᠨ ᠤ ᠣᠷᠳᠣᠨ ᠳᠤ ᠠᠭᠤᠤ ᠲᠤᠰᠢᠶᠠᠯᠲᠠᠨ ᠪᠣᠯᠣᠭᠰᠠᠨ ᠪᠠᠢᠪᠠ᠃ ᠮᠣᠷᠳᠧᠺᠠᠢ ᠭᠡᠭᠴᠢ ᠡᠨᠡ ᠬᠥᠮᠦᠨ ᠤᠯᠠᠮ ᠠᠭᠤᠤ ᠪᠣᠯᠣᠭᠠᠳ ᠨᠡᠷ᠎ᠡ ᠠᠯᠳᠠᠷ ᠨᠢ ᠮᠤᠵᠢ ᠳᠠᠶᠠᠭᠠᠷ ᠲᠤ ᠳᠠᠭᠤᠷᠢᠰᠴᠠᠢ᠃ 5 ᠶᠦᠳᠠᠢᠴᠤᠳ ᠪᠦᠬᠦ ᠳᠠᠢᠰᠤᠨ ᠢᠶᠠᠨ ᠢᠯᠳᠦᠨ ᠦ ᠢᠷ ᠢᠶᠠᠷ ᠴᠣᠬᠢᠵᠤ᠂ ᠤᠰᠠᠳᠬᠠᠨ ᠰᠥᠨᠥᠭᠡᠵᠦ᠂ ᠥᠪᠡᠷᠰᠡᠳ ᠢ ᠨᠢ ᠵᠠᠨᠤᠭᠴᠢᠳ ᠲᠤ ᠰᠠᠨᠠᠭ᠎ᠠ ᠪᠠᠷ ᠢᠶᠠᠨ ᠦᠢᠯᠡᠳᠪᠡ᠃ 6 ᠶᠦᠳᠠᠢᠴᠤᠳ ᠰᠦᠰᠠ ᠰᠢᠯᠲᠦᠭᠡᠨ ᠳᠦ ᠴᠤ ᠲᠠᠪᠤᠨ ᠵᠠᠭᠤᠨ ᠬᠥᠮᠦᠨ ᠢ ᠤᠰᠠᠳᠬᠠᠨ ᠰᠥᠨᠥᠭᠡᠭᠰᠡᠨ ᠪᠥᠭᠡᠳ 7 ᠮᠥᠨ ᠫᠠᠷᠱᠠᠨᠳᠠᠲ᠋ᠣᠨ᠂ ᠳ᠋ᠠᠯᠹᠣᠨ᠂ ᠠᠰᠫᠠᠲ᠋ᠠ᠂ 8 ᠫᠣᠷᠠᠲ᠋ᠠ᠂ ᠠᠳᠠᠯᠢᠶᠠ᠂ ᠠᠷᠢᠳᠠᠲ᠋ᠠ᠂ 9 ᠫᠠᠷᠮᠠᠱᠠᠲ᠂ ᠠᠷᠢᠰᠠᠢ᠂ ᠠᠷᠢᠳᠠᠢ ᠪᠣᠯᠣᠨ ᠸᠠᠢᠽᠠᠲᠠ᠂ 10 ᠲᠤᠬᠠᠢᠯᠠᠪᠠᠯ ᠶᠦᠳᠠᠢᠴᠤᠳ ᠤᠨ ᠳᠠᠢᠰᠤᠨ ᠬᠠᠮᠧᠳᠠᠲ᠋ᠠ ᠶᠢᠨ ᠬᠦᠦ ᠬᠠᠮᠠᠨ ᠤ ᠠᠷᠪᠠᠨ ᠬᠥᠪᠡᠭᠦᠨ ᠢ ᠴᠤ ᠰᠥᠨᠥᠭᠡᠵᠡᠢ᠃ ᠬᠠᠷᠢᠨ ᠣᠯᠵᠠᠨ ᠳᠤ ᠭᠠᠷ ᠬᠦᠷᠦᠭᠰᠡᠨ ᠦᠭᠡᠢ᠃
11 ᠲᠡᠷᠡ ᠡᠳᠦᠷ ᠰᠦᠰᠠ ᠰᠢᠯᠲᠦᠭᠡᠨ ᠳᠦ ᠠᠯᠠᠭᠳᠠᠭᠰᠠᠨ ᠬᠥᠮᠦᠨ ᠦ ᠲᠣᠭ᠎ᠠ ᠶᠢ ᠬᠠᠭᠠᠨ ᠳᠤ ᠮᠡᠳᠡᠭᠦᠯᠬᠦ ᠳᠦ᠂ 12 ᠬᠠᠭᠠᠨ ᠬᠠᠲᠤᠨ ᠡᠰᠲ᠋ᠧᠷ ᠲᠤ᠄ 《ᠶᠦᠳᠠᠢᠴᠤᠳ ᠰᠦᠰᠠ ᠰᠢᠯᠲᠦᠭᠡᠨ ᠳᠦ ᠴᠤ ᠲᠠᠪᠤᠨ ᠵᠠᠭᠤᠨ ᠬᠥᠮᠦᠨ ᠢ᠂ ᠪᠠᠰᠠ ᠬᠠᠮᠠᠨ ᠤ ᠠᠷᠪᠠᠨ ᠬᠥᠪᠡᠭᠦᠨ ᠢ ᠤᠰᠠᠳᠬᠠᠨ ᠰᠥᠨᠥᠭᠡᠯᠡ᠂ ᠲᠡᠳᠡ ᠬᠠᠭᠠᠨ ᠤ ᠪᠤᠰᠤᠳ ᠮᠤᠵᠢ ᠳᠤ ᠶᠠᠭᠤ ᠦᠢᠯᠡᠳᠦᠭᠡᠳ ᠪᠠᠢᠭ᠎ᠠ ᠪᠣᠯ︖ ᠣᠳᠣ ᠴᠢᠨᠦ ᠭᠤᠶᠤᠯᠲᠠ ᠶᠠᠭᠤ ᠪᠠᠢᠨ᠎ᠠ ᠪᠤᠢ︖ ᠴᠢᠮ᠎ᠠ ᠳᠤ ᠥᠭᠭᠥᠶ᠎ᠡ᠃ ᠴᠢ ᠥᠭᠡᠷ᠎ᠡ ᠶᠠᠭᠤ ᠬᠦᠰᠡᠵᠦ ᠪᠠᠢᠨ᠎ᠠ ᠪᠤᠢ︖ ᠲᠡᠷᠡ ᠨᠢ ᠪᠡᠶᠡᠯᠡᠭᠳᠡᠬᠦ ᠪᠣᠯᠣᠨ᠎ᠠ》 ᠭᠡᠪᠡ᠃ 13 ᠡᠰᠲ᠋ᠧᠷ᠄ 《ᠬᠡᠷᠪᠡ ᠬᠠᠭᠠᠨ ᠲᠠᠭᠠᠯᠠᠪᠠᠯ᠂ ᠮᠠᠷᠭᠠᠰᠢ ᠴᠤ ᠮᠥᠨ ᠥᠨᠥᠳᠥᠷ ᠦᠨ ᠵᠠᠷᠯᠢᠭ ᠶᠣᠰᠣᠭᠠᠷ ᠦᠢᠯᠡᠳᠬᠦ ᠶᠢ ᠰᠦᠰᠠ ᠳᠤ ᠪᠤᠢ ᠶᠦᠳᠠᠢᠴᠤᠳ ᠲᠤ ᠵᠥᠪᠰᠢᠶᠡᠷᠡᠭᠡᠴᠢ᠃ ᠮᠥᠨ ᠬᠠᠮᠠᠨ ᠤ ᠠᠷᠪᠠᠨ ᠬᠥᠪᠡᠭᠦᠨ ᠢ ᠳᠡᠭᠦᠵᠢᠯᠡᠭᠦᠷ ᠲᠦ ᠳᠡᠭᠦᠵᠢᠯᠡᠭᠦᠯᠦᠭᠡᠴᠢ》 ᠭᠡᠵᠦ ᠬᠡᠯᠡᠪᠡ᠃ 14 ᠬᠠᠭᠠᠨ ᠲᠡᠢᠨ ᠬᠦ ᠦᠢᠯᠡᠳᠬᠦ ᠶᠢ ᠲᠤᠰᠢᠶᠠᠭᠰᠠᠨ ᠳᠤ᠂ ᠰᠦᠰᠠ ᠳᠤ ᠵᠠᠷᠯᠢᠭ ᠨᠢ ᠪᠠᠭᠤᠵᠤ᠂ ᠬᠠᠮᠠᠨ ᠤ ᠠᠷᠪᠠᠨ ᠬᠥᠪᠡᠭᠦᠨ ᠳᠡᠭᠦᠵᠢᠯᠡᠭᠦᠯᠦᠭᠰᠡᠨ ᠪᠥᠭᠡᠳ 15 ᠰᠦᠰᠠ ᠶᠢᠨ ᠶᠦᠳᠠᠢᠴᠤᠳ ᠠᠳᠠᠷ ᠰᠠᠷ᠎ᠠ ᠶᠢᠨ ᠠᠷᠪᠠᠨ ᠳᠥᠷᠪᠡᠨ ᠦ ᠡᠳᠦᠷ ᠮᠥᠨ ᠴᠤᠭᠯᠠᠷᠠᠵᠠᠭᠠᠨ᠂ ᠰᠦᠰᠠ ᠳᠤ ᠭᠤᠷᠪᠠᠨ ᠵᠠᠭᠤᠨ ᠬᠥᠮᠦᠨ ᠢ ᠰᠥᠨᠥᠭᠡᠪᠡ᠃ ᠬᠠᠷᠢᠨ ᠣᠯᠵᠠᠨ ᠳᠤ ᠭᠠᠷ ᠬᠦᠷᠦᠭᠰᠡᠨ ᠦᠭᠡᠢ᠃
16 ᠮᠥᠨ ᠬᠠᠭᠠᠨ ᠤ ᠮᠤᠵᠢ ᠨᠤᠭᠤᠳ ᠲᠤ ᠪᠤᠢ ᠪᠤᠰᠤᠳ ᠶᠦᠳᠠᠢᠴᠤᠳ ᠠᠮᠢ ᠪᠠᠨ ᠬᠠᠮᠠᠭᠠᠯᠠᠵᠤ᠂ ᠳᠠᠢᠰᠤᠨ ᠨᠤᠭᠤᠳ ᠠᠴᠠ ᠪᠠᠨ ᠠᠩ᠋ᠭᠢᠵᠢᠷᠠᠬᠤ ᠶᠢᠨ ᠲᠤᠯᠠᠳᠠ ᠴᠤᠭᠯᠠᠷᠠᠵᠤ᠂ ᠥᠰᠢᠶᠡᠲᠡᠳ ᠡᠴᠡ ᠪᠡᠨ ᠳᠣᠯᠣᠭᠠᠨ ᠲᠦᠮᠡ ᠲᠠᠪᠤᠨ ᠮᠢᠩ᠋ᠭ᠎ᠠ ᠶᠢ ᠰᠥᠨᠥᠭᠡᠪᠡ᠃ ᠬᠠᠷᠢᠨ ᠣᠯᠵᠠᠨ ᠳᠤ ᠭᠠᠷ ᠬᠦᠷᠦᠭᠰᠡᠨ ᠦᠭᠡᠢ᠃ 17 ᠡᠨᠡ ᠶᠠᠪᠤᠳᠠᠯ ᠠᠳᠠᠷ ᠰᠠᠷ᠎ᠠ ᠶᠢᠨ ᠠᠷᠪᠠᠨ ᠭᠤᠷᠪᠠᠨ ᠤ ᠡᠳᠦᠷ ᠪᠣᠯᠪᠠ᠃ ᠠᠷᠪᠠᠨ ᠳᠥᠷᠪᠡᠨ ᠦ ᠡᠳᠦᠷ ᠨᠢ ᠲᠡᠳᠡ ᠠᠮᠠᠷᠠᠵᠤ᠂ ᠡᠨᠡ ᠡᠳᠦᠷ ᠢ ᠨᠠᠢᠷ ᠨᠠᠭᠠᠳᠤᠮ ᠪᠦᠬᠦᠢ ᠪᠠᠶᠠᠷ ᠤᠨ ᠡᠳᠦᠷ ᠪᠣᠯᠭᠠᠪᠠ᠃
ᠲᠣᠭᠲᠠᠭᠠᠭᠳᠠᠭᠰᠠᠨ ᠪᠠᠶᠠᠷ
18 ᠬᠠᠷᠢᠨ ᠰᠦᠰᠠ ᠶᠢᠨ ᠶᠦᠳᠠᠢᠴᠤᠳ ᠲᠡᠷᠡ ᠰᠠᠷ᠎ᠠ ᠶᠢᠨ ᠠᠷᠪᠠᠨ ᠭᠤᠷᠪᠠᠨ᠂ ᠠᠷᠪᠠᠨ ᠳᠥᠷᠪᠡᠨ ᠦ ᠡᠳᠦᠷ ᠴᠤᠭᠯᠠᠷᠠᠭᠰᠠᠨ ᠲᠤᠯᠠ ᠠᠷᠪᠠᠨ ᠲᠠᠪᠤᠨ ᠤ ᠡᠳᠦᠷ ᠨᠢ ᠠᠮᠠᠷᠠᠵᠠᠭᠠᠨ᠂ ᠡᠨᠡ ᠡᠳᠦᠷ ᠢ ᠨᠠᠢᠷ ᠨᠠᠭᠠᠳᠤᠮ ᠪᠦᠬᠦᠢ ᠪᠠᠶᠠᠷ ᠤᠨ ᠡᠳᠦᠷ ᠪᠣᠯᠭᠠᠪᠠ᠃ 19 ᠡᠭᠦᠨ ᠦ ᠤᠯᠠᠮ ᠢᠶᠠᠷ ᠵᠠᠳᠠᠭᠠᠢ ᠲᠣᠰᠬᠣᠳ ᠲᠤ ᠰᠠᠭᠤᠳᠠᠭ ᠶᠦᠳᠠᠢᠴᠤᠳ ᠴᠤ ᠠᠳᠠᠷ ᠰᠠᠷ᠎ᠠ ᠶᠢᠨ ᠠᠷᠪᠠᠨ ᠳᠥᠷᠪᠡᠨ ᠦ ᠡᠳᠦᠷ ᠢ ᠪᠡᠶ᠎ᠡ ᠪᠡᠶ᠎ᠡ ᠳᠡᠭᠡᠨ ᠪᠡᠯᠡᠭ ᠬᠦᠷᠭᠡᠬᠦ᠂ ᠪᠠᠶᠠᠷ ᠨᠠᠭᠠᠳᠤᠮ ᠪᠦᠬᠦᠢ ᠠᠮᠠᠷᠠᠯ ᠤᠨ ᠡᠳᠦᠷ ᠪᠣᠯᠭᠠᠭᠰᠠᠨ ᠪᠠᠢᠨ᠎ᠠ᠃
20 ᠮᠣᠷᠳᠧᠺᠠᠢ ᠡᠨᠡ ᠶᠠᠪᠤᠳᠠᠯ ᠢ ᠲᠡᠮᠳᠡᠭᠯᠡᠭᠦᠯᠵᠦ᠂ ᠠᠬᠠᠰᠦ᠋ᠶᠧᠷᠦ᠋ ᠬᠠᠭᠠᠨ ᠤ ᠬᠣᠯᠠ ᠣᠢᠷ᠎ᠠ ᠶᠢᠨ ᠮᠤᠵᠢ ᠪᠣᠯᠭᠠᠨ ᠳᠤ ᠰᠠᠭᠤᠳᠠᠭ ᠶᠦᠳᠠᠢᠴᠤᠳ ᠪᠦᠭᠦᠳᠡ ᠳᠦ ᠵᠠᠬᠢᠳᠠᠯ ᠢᠯᠡᠭᠡᠨ 21 ᠠᠳᠠᠷ ᠰᠠᠷ᠎ᠠ ᠶᠢᠨ ᠠᠷᠪᠠᠨ ᠳᠥᠷᠪᠡᠨ ᠦ ᠡᠳᠦᠷ᠂ ᠮᠥᠨ ᠠᠷᠪᠠᠨ ᠲᠠᠪᠤᠨ ᠤ ᠡᠳᠦᠷ ᠢ ᠵᠢᠯ ᠪᠦᠷᠢ ᠪᠡᠯᠭᠡᠯᠡᠨ ᠲᠡᠮᠳᠡᠭᠯᠡᠬᠦ ᠶᠢ ᠵᠠᠬᠢᠪᠠ᠃ 22 ᠤᠴᠢᠷ ᠨᠢ ᠶᠦᠳᠠᠢᠴᠤᠳ ᠡᠨᠡ ᠡᠳᠦᠷ ᠤᠳ ᠢᠶᠠᠷ ᠳᠠᠢᠰᠤᠨ ᠨᠤᠭᠤᠳ ᠠᠴᠠ ᠪᠠᠨ ᠮᠤᠯᠲᠤᠷᠠᠵᠤ᠂ ᠡᠨᠡ ᠰᠠᠷ᠎ᠠ ᠳᠤ ᠵᠣᠪᠠᠨᠢᠯ ᠠᠴᠠ ᠪᠠᠨ ᠵᠢᠷᠭᠠᠯ᠂ ᠭᠠᠰᠢᠭᠤᠳᠠᠯ ᠠᠴᠠ ᠪᠠᠨ ᠪᠠᠶᠠᠷᠲᠤ ᠡᠳᠦᠷ ᠤᠷᠤᠭᠤ ᠡᠷᠭᠢᠭᠰᠡᠨ ᠶᠤᠮ᠃ ᠡᠢᠮᠦ ᠡᠴᠡ ᠡᠨᠡ ᠡᠳᠦᠷ ᠤᠳ ᠢ ᠪᠡᠶ᠎ᠡ ᠪᠡᠶ᠎ᠡ ᠳᠡᠭᠡᠨ᠂ ᠮᠥᠨ ᠶᠠᠳᠠᠭᠤᠴᠤᠳ ᠲᠤ ᠪᠡᠯᠡᠭ ᠬᠦᠷᠭᠡᠬᠦ ᠨᠠᠢᠷ ᠨᠠᠭᠠᠳᠤᠮ ᠪᠦᠬᠦᠢ ᠪᠠᠶᠠᠷ ᠤᠨ ᠡᠳᠦᠷ ᠪᠣᠯᠭᠠᠨ ᠲᠡᠮᠳᠡᠭᠯᠡᠬᠦ ᠶᠢ ᠵᠠᠬᠢᠪᠠ᠃ 23 ᠢᠩᠭᠢᠭᠡᠳ ᠶᠦᠳᠠᠢᠴᠤᠳ ᠮᠣᠷᠳᠧᠺᠠᠢ ᠶᠢᠨ ᠪᠢᠴᠢᠭᠰᠡᠨ ᠶᠣᠰᠣᠭᠠᠷ᠂ ᠡᠬᠢᠯᠡᠵᠦ ᠬᠢᠭᠰᠡᠨ ᠪᠠᠶᠠᠷ ᠢᠶᠠᠨ ᠦᠷᠭᠦᠯᠵᠢ ᠬᠢᠬᠦ ᠪᠡᠷ ᠲᠣᠬᠢᠷᠠᠯᠴᠠᠪᠠ᠃
24 ᠴᠤᠬᠤᠮ ᠳᠠᠭᠠᠨ ᠪᠦᠬᠦ ᠶᠦᠳᠠᠢᠴᠤᠳ ᠤᠨ ᠳᠠᠢᠰᠤᠨ ᠠᠭᠠᠭ ᠬᠥᠮᠦᠨ ᠬᠠᠮᠧᠳᠠᠲ᠋ᠠ ᠶᠢᠨ ᠬᠦᠦ ᠬᠠᠮᠠᠨ ᠶᠦᠳᠠᠢᠴᠤᠳ ᠢ ᠤᠰᠠᠳᠬᠠᠬᠤ ᠪᠠᠷ ᠰᠠᠨᠠᠭᠠᠴᠢᠯᠠᠵᠤ᠂ ᠲᠡᠳᠡᠨ ᠢ ᠠᠯᠠᠵᠤ ᠰᠥᠨᠥᠭᠡᠬᠦ ᠭᠡᠵᠦ ᠫᠦᠷ ᠬᠡᠮᠡᠬᠦ ᠰᠢᠪᠠᠭ᠎ᠠ ᠬᠠᠶᠠᠭᠰᠠᠨ ᠪᠢᠯᠡ᠃ 25 ᠬᠠᠷᠢᠨ ᠡᠰᠲ᠋ᠧᠷ ᠬᠠᠭᠠᠨ ᠳᠡᠭᠡᠷ᠎ᠡ ᠣᠴᠢᠭᠰᠠᠨ ᠢᠶᠠᠷ᠂ ᠬᠠᠭᠠᠨ ᠬᠠᠮᠠᠨ ᠤ ᠶᠦᠳᠠᠢᠴᠤᠳ ᠢ ᠬᠥᠨᠥᠭᠡᠬᠦ ᠪᠡᠷ ᠰᠠᠨᠠᠭᠠᠴᠢᠯᠠᠭᠰᠠᠨ ᠬᠣᠷᠣᠨ ᠮᠠᠭᠤ ᠲᠥᠯᠥᠪᠯᠡᠭᠡ ᠶᠢ ᠥᠪᠡᠷ ᠦᠨ ᠬᠢᠨᠢ ᠲᠣᠯᠣᠭᠠᠢ ᠳᠡᠭᠡᠷ᠎ᠡ ᠪᠠᠭᠤᠯᠭᠠᠵᠤ᠂ ᠮᠥᠨ ᠲᠡᠭᠦᠨ ᠢ ᠪᠣᠯᠣᠨ ᠬᠥᠪᠡᠭᠦᠳ ᠢ ᠨᠢ ᠳᠡᠭᠦᠵᠢᠯᠡᠭᠦᠷ ᠲᠦ ᠳᠡᠭᠦᠵᠢᠯᠡᠬᠦ ᠪᠢᠴᠢᠭ ᠢ ᠭᠠᠷᠭᠠᠭᠰᠠᠨ ᠶᠤᠮ᠃ 26 ᠲᠡᠢᠮᠦ ᠡᠴᠡ ᠡᠨᠡ ᠡᠳᠦᠷ ᠤᠳ ᠢ ᠲᠡᠳᠡ ᠫᠦᠷ 2 ᠭᠡᠳᠡᠭ ᠦᠭᠡᠨ ᠡᠴᠡ ᠭᠠᠷᠤᠯᠲᠠᠢ ᠫᠦᠷᠢᠮ ᠭᠡᠳᠡᠭ ᠨᠡᠷ᠎ᠡ ᠪᠡᠷ ᠨᠡᠷᠡᠯᠡᠪᠡ᠃ ᠡᠨᠡ ᠪᠦᠬᠦᠨ ᠢ ᠮᠣᠷᠳᠧᠺᠠᠢ ᠵᠠᠬᠢᠳᠠᠯ ᠳᠠᠭᠠᠨ ᠵᠢᠭᠠᠪᠤᠷᠢᠯᠠᠭᠰᠠᠨ ᠪᠥᠭᠡᠳ ᠶᠦᠳᠠᠢᠴᠤᠳ ᠥᠪᠡᠷᠰᠡᠳ ᠲᠤᠨᠢ ᠲᠣᠬᠢᠶᠠᠯᠳᠤᠭᠰᠠᠨ ᠶᠠᠪᠤᠳᠠᠯ ᠢ ᠥᠩᠭᠡᠷᠡᠭᠦᠯᠦᠭᠰᠡᠨ ᠤᠴᠢᠷ ᠠᠴᠠ 27 ᠲᠡᠳᠡ ᠡᠨᠡ ᠬᠣᠶᠠᠷ ᠡᠳᠦᠷ ᠢ ᠵᠢᠯ ᠪᠦᠷᠢ ᠲᠣᠪᠯᠠᠭᠰᠠᠨ ᠴᠠᠭ ᠲᠤ ᠪᠢᠴᠢᠭᠳᠡᠭᠰᠡᠨ ᠵᠢᠭᠠᠪᠤᠷᠢ ᠨᠤᠭᠤᠳ ᠤᠨ ᠳᠠᠭᠠᠤ ᠠᠯᠳᠠᠯ ᠦᠭᠡᠢ ᠲᠡᠮᠳᠡᠭᠯᠡᠬᠦ ᠪᠡᠷ ᠰᠢᠢᠳᠴᠦ᠂ ᠥᠪᠡᠷᠰᠡᠳ ᠦᠨ ᠢᠶᠠᠨ᠂ ᠦᠷ᠎ᠡ ᠤᠳᠤᠮ ᠤᠨ ᠢᠶᠠᠨ᠂ ᠪᠠᠰᠠ ᠥᠪᠡᠷᠰᠡᠳ ᠲᠡᠢ ᠨᠢ ᠨᠢᠭᠡᠳᠦᠭᠰᠡᠨ ᠪᠦᠬᠦᠨ ᠦ ᠰᠠᠬᠢᠬᠤ ᠵᠠᠩᠰᠢᠯ ᠪᠣᠯᠭᠠᠨ ᠬᠦᠯᠢᠶᠡᠨ ᠠᠪᠴᠠᠢ᠃ 28 ᠡᠢᠮᠦ ᠡᠴᠡ ᠡᠨᠡ ᠡᠳᠦᠷ ᠤᠳ ᠢ ᠦᠶ᠎ᠡ ᠶᠢᠨ ᠦᠶ᠎ᠡ ᠳᠦ ᠭᠡᠷ ᠪᠦᠯᠢ ᠪᠣᠯᠭᠠᠨ᠂ ᠮᠤᠵᠢ ᠪᠣᠯᠣᠨ ᠬᠣᠲᠠ ᠪᠦᠷᠢ ᠳᠤ ᠳᠤᠷᠠᠰᠤᠨ ᠰᠠᠨᠠᠵᠤ ᠲᠡᠮᠳᠡᠭᠯᠡᠬᠦ ᠪᠣᠯᠪᠠ᠃ ᠫᠦᠷᠢᠮ ᠤᠨ ᠡᠨᠡ ᠡᠳᠦᠷ ᠤᠳ ᠨᠢ ᠶᠦᠳᠠᠢᠴᠤᠳ ᠤᠨ ᠳᠤᠮᠳᠠ ᠠᠴᠠ ᠲᠠᠰᠤᠷᠠᠬᠤ ᠶᠣᠰᠣ ᠦᠭᠡᠢ᠂ ᠪᠠᠰᠠ ᠲᠡᠳᠡᠨ ᠦ ᠦᠷ᠎ᠡ ᠤᠳᠤᠮ ᠤᠨ ᠳᠤᠷᠠᠰᠤᠮᠵᠢ ᠡᠴᠡ ᠠᠷᠢᠯᠬᠤ ᠶᠣᠰᠣ ᠦᠭᠡᠢ ᠪᠣᠯᠪᠠ᠃
29 ᠠᠪᠢᠬᠠᠢᠯ ᠤᠨ ᠥᠬᠢᠨ ᠡᠰᠲ᠋ᠧᠷ ᠬᠠᠲᠤᠨ ᠪᠣᠯᠣᠨ ᠶᠦᠳᠠᠢ ᠬᠥᠮᠦᠨ ᠮᠣᠷᠳᠧᠺᠠᠢ ᠪᠦᠷᠢᠨ ᠡᠷᠬᠡ ᠲᠠᠢ ᠪᠠᠷ ᠬᠣᠶᠠᠳᠠᠬᠢ ᠵᠠᠬᠢᠳᠠᠯ ᠢᠶᠠᠨ ᠪᠢᠴᠢᠵᠦ᠂ ᠫᠦᠷᠢᠮ ᠡᠳᠦᠷ ᠢ ᠲᠣᠭᠲᠠᠭᠠᠵᠠᠢ᠃ 30 ᠡᠢᠨ ᠬᠦ ᠮᠣᠷᠳᠧᠺᠠᠢ ᠠᠮᠤᠷ ᠠᠮᠤᠭᠤᠯᠠᠩ ᠪᠣᠯᠣᠨ ᠦᠨᠡᠨ ᠦᠭᠡ ᠲᠠᠢ ᠵᠠᠬᠢᠳᠠᠯ ᠤᠳ ᠢ ᠠᠬᠠᠰᠦ᠋ᠶᠧᠷᠦ᠋ ᠶᠢᠨ ᠬᠠᠭᠠᠨᠴᠢᠯᠠᠯ ᠤᠨ ᠵᠠᠭᠤ ᠬᠣᠷᠢᠨ ᠳᠣᠯᠣᠭᠠᠨ ᠮᠤᠵᠢ ᠳᠤ ᠪᠤᠢ ᠪᠦᠬᠦ ᠶᠦᠳᠠᠢᠴᠤᠳ ᠲᠤ ᠢᠯᠡᠭᠡᠵᠦ᠂ 31 ᠫᠦᠷᠢᠮ ᠡᠳᠦᠷ ᠤᠳ ᠢ ᠲᠣᠪᠯᠠᠭᠰᠠᠨ ᠴᠠᠭ ᠲᠠᠭᠠᠨ ᠪᠠᠲᠤᠲᠠᠢ ᠰᠠᠬᠢᠬᠤ ᠪᠠ ᠡᠭᠦᠨ ᠢ ᠶᠦᠳᠠᠢ ᠬᠥᠮᠦᠨ ᠮᠣᠷᠳᠧᠺᠠᠢ ᠪᠣᠯᠣᠨ ᠡᠰᠲ᠋ᠧᠷ ᠬᠠᠲᠤᠨ ᠤ ᠲᠡᠳᠡᠨ ᠳᠦ ᠵᠠᠬᠢᠭᠰᠠᠨ ᠶᠣᠰᠣᠭᠠᠷ᠂ ᠪᠠᠴᠠᠭ ᠪᠠᠷᠢᠬᠤ ᠪᠣᠯᠣᠨ ᠭᠠᠰᠢᠭᠤᠳᠠᠬᠤ ᠲᠠᠯ᠎ᠠ ᠪᠠᠷ ᠶᠦᠳᠠᠢᠴᠤᠳ ᠤᠨ ᠥᠪᠡᠷᠰᠡᠳ ᠦᠨ ᠢᠶᠠᠨ᠂ ᠮᠥᠨ ᠦᠷ᠎ᠡ ᠤᠳᠤᠮ ᠤᠨ ᠢᠶᠠᠨ ᠰᠠᠬᠢᠬᠤ ᠵᠠᠩᠰᠢᠯ ᠪᠣᠯᠭᠠᠨ᠂ ᠰᠢᠢᠳᠦᠭᠰᠡᠨ ᠶᠣᠰᠣᠭᠠᠷ ᠰᠠᠬᠢᠬᠤ ᠶᠢ ᠬᠦᠰᠡᠵᠡᠢ᠃ 32 ᠡᠰᠲ᠋ᠧᠷ ᠤᠨ ᠵᠠᠷᠯᠢᠭ ᠢᠶᠠᠷ ᠫᠦᠷᠢᠮ ᠤᠨ ᠡᠳᠡᠭᠡᠷ ᠵᠠᠩᠰᠢᠯ ᠲᠣᠭᠲᠠᠭᠰᠠᠨ ᠪᠢᠯᠡ᠃ ᠡᠳᠡᠭᠡᠷ ᠨᠢ ᠨᠣᠮ ᠳᠤ ᠪᠢᠴᠢᠭᠳᠡᠵᠡᠢ᠃