ᠬᠣᠶᠠᠳᠤᠭᠠᠷ ᠫᠧᠲ᠋ᠧᠷ ᠨᠢᠭᠡ
ᠡᠰᠢ ᠦᠵᠡᠭᠦᠯᠦᠯᠭᠡ ᠶᠢᠨ ᠭᠡᠷᠡᠴᠢᠯᠡᠯ
1 ᠢᠰᠦ᠋ᠰ ᠾᠷᠢᠰᠲ᠋ᠣᠰ ᠤᠨ ᠵᠠᠷᠤᠴᠠ᠂ ᠰᠢᠳᠠᠷ ᠱᠠᠪᠢ ᠰᠢᠮᠣᠨ ᠫᠧᠲ᠋ᠧᠷ ᠡᠴᠡ ᠪᠢᠳᠡᠨ ᠦ ᠪᠤᠷᠬᠠᠨ ᠪᠠ ᠠᠪᠤᠷᠠᠭᠴᠢ ᠢᠰᠦ᠋ᠰ ᠾᠷᠢᠰᠲ᠋ᠣᠰ ᠤᠨ ᠵᠥᠪ ᠢᠶᠡᠷ ᠪᠢᠳᠡᠨ ᠲᠡᠢ ᠠᠳᠠᠯᠢᠬᠠᠨ ᠦᠨᠡᠲᠦ ᠢᠲᠡᠭᠡᠯ ᠢ ᠣᠯᠣᠭᠰᠠᠨ ᠬᠥᠮᠦᠰ ᠲᠦ᠄
2 ᠲᠠ ᠨᠠᠷ ᠪᠤᠷᠬᠠᠨ ᠪᠠ ᠪᠢᠳᠡᠨ ᠦ ᠡᠵᠡᠨ ᠢᠰᠦ᠋ᠰ ᠢ ᠲᠠᠨᠢᠵᠤ ᠮᠡᠳᠡᠬᠦ ᠳᠦ᠂ ᠢᠪᠡᠭᠡᠯ ᠪᠠ ᠠᠮᠤᠷ ᠠᠮᠤᠭᠤᠯᠠᠩ ᠨᠡᠮᠡᠭᠳᠡᠬᠦ ᠪᠣᠯᠲᠤᠭᠠᠢ᠃ 3 ᠪᠢᠳᠡ ᠲᠡᠭᠦᠨ ᠢ ᠲᠠᠨᠢᠵᠤ ᠮᠡᠳᠡᠬᠦ ᠲᠤᠰᠤᠮ ᠲᠡᠷᠡ ᠪᠡᠷ ᠪᠢᠳᠡᠨ ᠦ ᠠᠮᠢᠳᠤᠷᠠᠯ ᠪᠠ ᠰᠦᠰᠦᠭ ᠲᠦ ᠬᠡᠷᠡᠭ ᠲᠡᠢ ᠪᠦᠭᠦᠳᠡ ᠶᠢ ᠪᠤᠷᠬᠠᠨᠯᠢᠭ ᠬᠦᠴᠦ ᠪᠡᠷ ᠢᠶᠠᠨ ᠰᠣᠶᠣᠷᠬᠠᠵᠤ ᠪᠠᠢᠳᠠᠭ᠃ ᠲᠡᠷᠡ ᠰᠦᠷ ᠪᠠ ᠵᠢᠪᠬᠤᠯᠠᠩ ᠲᠠᠢ ᠪᠠᠷ ᠪᠢᠳᠡᠨ ᠢ ᠳᠠᠭᠤᠳᠠᠵᠤ᠂ 4 ᠪᠢᠳᠡᠨ ᠳᠦ ᠦᠨᠡᠲᠦ᠂ ᠠᠭᠤᠤ ᠠᠮᠠᠯᠠᠯᠲᠠ ᠨᠤᠭᠤᠳ ᠢ ᠰᠣᠶᠣᠷᠬᠠᠭᠰᠠᠨ᠃ ᠡᠳᠡᠭᠡᠷ ᠠᠮᠠᠯᠠᠯᠲᠠ ᠶᠢ ᠠᠪᠤᠭᠰᠠᠨ ᠲᠠ ᠨᠠᠷ ᠶᠢᠷᠲᠢᠨᠴᠦ ᠶᠢᠨ ᠢᠯᠵᠢᠷᠠᠮᠠᠯ ᠰᠢᠨᠤᠯ ᠲᠠᠴᠢᠶᠠᠯ ᠠᠴᠠ ᠵᠠᠢᠯᠠᠵᠤ᠂ ᠪᠤᠷᠬᠠᠨᠯᠢᠭ ᠴᠢᠨᠠᠷ ᠠᠴᠠ ᠬᠤᠪᠢᠶᠠᠯᠴᠠᠭᠴᠢ ᠪᠠᠢᠬᠤ ᠤᠴᠢᠷᠲᠠᠢ᠃ 5 ᠡᠢᠮᠦ ᠡᠴᠡ ᠲᠠ ᠨᠠᠷ ᠬᠠᠮᠤᠭ ᠢᠳᠡᠪᠬᠢ ᠪᠠᠨ ᠳᠠᠢᠴᠢᠯᠠᠨ᠂ ᠢᠲᠡᠭᠡᠯ ᠳᠡᠭᠡᠷ᠎ᠡ ᠪᠡᠨ ᠰᠦᠷ ᠬᠦᠴᠦ ᠶᠢ᠂ ᠰᠦᠷ ᠬᠦᠴᠦ ᠳᠡᠭᠡᠷ᠎ᠡ ᠪᠡᠨ ᠮᠡᠳᠡᠯᠭᠡ ᠶᠢ᠂ 6 ᠮᠡᠳᠡᠯᠭᠡ ᠳᠡᠭᠡᠷ᠎ᠡ ᠪᠡᠨ ᠪᠡᠶ᠎ᠡ ᠪᠡᠨ ᠪᠠᠷᠢᠬᠤ ᠶᠢ᠂ ᠪᠡᠶ᠎ᠡ ᠪᠡᠨ ᠪᠠᠷᠢᠬᠤ ᠳᠡᠭᠡᠷ᠎ᠡ ᠪᠡᠨ ᠬᠦᠯᠢᠴᠡᠩᠭᠦᠢ ᠶᠢ᠂ ᠬᠦᠯᠢᠴᠡᠩᠭᠦᠢ ᠳᠡᠭᠡᠷ᠎ᠡ ᠪᠡᠨ ᠰᠦᠰᠦᠭ ᠢ᠂ 7 ᠰᠦᠰᠦᠭ ᠳᠡᠭᠡᠷ᠎ᠡ ᠪᠡᠨ ᠠᠬ᠎ᠠ ᠳᠡᠭᠦᠦᠰ ᠦᠨ ᠬᠠᠢᠷ᠎ᠠ ᠶᠢ᠂ ᠠᠬ᠎ᠠ ᠳᠡᠭᠦᠦᠰ ᠦᠨ ᠬᠠᠢᠷ᠎ᠠ ᠳᠡᠭᠡᠷ᠎ᠡ ᠪᠡᠨ ᠬᠠᠢᠷ᠎ᠠ ᠶᠢ ᠨᠡᠮᠡᠭᠲᠦᠨ᠃ 8 ᠡᠳᠡᠭᠡᠷ ᠵᠦᠢᠯ ᠲᠠ ᠨᠠᠷ ᠲᠤ ᠪᠠᠢᠭ᠂ ᠡᠯᠪᠡᠭᠵᠢᠭ᠃ ᠲᠡᠭᠡᠪᠡᠯ ᠪᠢᠳᠡᠨ ᠦ ᠡᠵᠡᠨ ᠢᠰᠦ᠋ᠰ ᠾᠷᠢᠰᠲ᠋ᠣᠰ ᠢ ᠲᠠᠨᠢᠵᠤ ᠮᠡᠳᠡᠬᠦ ᠳᠦ᠂ ᠲᠠ ᠨᠠᠷ ᠵᠠᠯᠬᠠᠭᠤᠷᠠᠬᠤ ᠦᠭᠡᠢ᠂ ᠦᠷ᠎ᠡ ᠵᠢᠮᠢᠰ ᠴᠤ ᠲᠠᠰᠤᠷᠠᠬᠤ ᠦᠭᠡᠢ ᠪᠣᠯᠣᠨ᠎ᠠ᠃ 9 ᠡᠳᠡᠭᠡᠷ ᠵᠦᠢᠯ ᠦᠭᠡᠢ ᠬᠥᠮᠦᠨ ᠪᠣᠯ ᠰᠣᠬᠣᠷ ᠪᠤᠶᠤ ᠬᠣᠯᠠ ᠶᠢᠨ ᠬᠠᠷᠠᠴᠠ ᠦᠭᠡᠢ᠂ ᠤᠷᠢᠳᠤ ᠶᠢᠨ ᠨᠢᠭᠦᠯ ᠦᠨ ᠢᠶᠠᠨ ᠴᠡᠪᠡᠷᠯᠡᠭᠳᠡᠭᠰᠡᠨ ᠢ ᠮᠠᠷᠲᠠᠭᠰᠠᠨ ᠪᠠᠢᠳᠠᠭ᠃ 10 ᠡᠢᠮᠦ ᠡᠴᠡ ᠠᠬ᠎ᠠ ᠳᠡᠭᠦᠦ ᠨᠠᠷ ᠡ᠂ ᠢᠯᠡᠭᠦᠦ ᠴᠢᠷᠮᠠᠢᠯᠲᠠ ᠭᠠᠷᠭ᠎ᠠ᠂ ᠳᠠᠭᠤᠳᠠᠭᠳᠠᠵᠤ ᠰᠣᠩ᠋ᠭᠣᠭᠳᠠᠭᠰᠠᠨ ᠢᠶᠠᠨ ᠪᠠᠲᠤᠵᠢᠭᠤᠯ᠃ ᠲᠠ ᠨᠠᠷ ᠡᠳᠡᠭᠡᠷ ᠢ ᠬᠢᠬᠦ ᠵᠠᠭᠤᠷ᠎ᠠ ᠪᠠᠨ ᠶᠡᠷᠦ ᠪᠦᠳᠦᠷᠢᠬᠦ ᠦᠭᠡᠢ᠂ 11 ᠡᠢᠨ ᠬᠦ ᠪᠢᠳᠡᠨ ᠦ ᠡᠵᠡᠨ ᠪᠠ ᠠᠪᠤᠷᠠᠭᠴᠢ ᠢᠰᠦ᠋ᠰ ᠾᠷᠢᠰᠲ᠋ᠣᠰ ᠤᠨ ᠮᠥᠩᠬᠡ ᠬᠠᠭᠠᠨᠴᠢᠯᠠᠯ ᠳᠤ ᠣᠷᠣᠬᠤ ᠡᠷᠬᠡ ᠲᠠ ᠨᠠᠷ ᠲᠤ ᠭᠦᠢᠴᠡᠳ ᠰᠣᠶᠣᠷᠬᠠᠭᠳᠠᠬᠤ ᠪᠣᠯᠣᠨ᠎ᠠ᠃
12 ᠲᠠ ᠨᠠᠷ ᠡᠳᠡᠭᠡᠷ ᠢ ᠮᠡᠳᠡᠳᠡᠭ ᠪᠥᠭᠡᠳ ᠣᠯᠣᠭᠰᠠᠨ ᠦᠨᠡᠨ ᠳᠣᠲᠣᠷ᠎ᠠ ᠪᠠᠨ ᠲᠣᠭᠲᠠᠪᠤᠷᠢᠲᠠᠢ ᠪᠠᠢᠳᠠᠭ ᠴᠤ ᠪᠢ ᠲᠠ ᠨᠠᠷ ᠲᠤ ᠡᠳᠡᠭᠡᠷ ᠵᠦᠢᠯ ᠢ ᠦᠷᠭᠦᠯᠵᠢ ᠰᠠᠨᠠᠭᠤᠯᠬᠤ ᠪᠠᠷ ᠪᠡᠯᠡᠬᠡᠨ ᠪᠠᠢᠨ᠎ᠠ᠃ 13 ᠪᠢ ᠡᠨᠡ ᠮᠢᠬᠠᠨ ᠪᠡᠶ᠎ᠡ 1 ᠶᠢᠨ ᠢᠶᠠᠨ ᠳᠣᠲᠣᠷ᠎ᠠ ᠪᠠᠢᠬᠤ ᠵᠠᠭᠤᠷ᠎ᠠ ᠪᠠᠨ ᠲᠠ ᠨᠠᠷ ᠲᠤ ᠰᠠᠨᠠᠭᠤᠯᠤᠨ ᠰᠡᠷᠡᠮᠵᠢᠯᠡᠭᠦᠯᠬᠦ ᠨᠢ ᠵᠥᠪ ᠭᠡᠵᠦ ᠪᠣᠳᠣᠳᠠᠭ᠃ 14 ᠤᠴᠢᠷ ᠨᠢ ᠪᠢ ᠮᠢᠬᠠᠨ ᠪᠡᠶ᠎ᠡ 2 ᠡᠴᠡ ᠪᠡᠨ ᠤᠳᠠᠯ ᠦᠭᠡᠢ ᠰᠠᠯᠤᠨ᠎ᠠ ᠭᠡᠳᠡᠭ ᠢᠶᠡᠨ ᠮᠡᠳᠡᠵᠦ ᠪᠠᠢᠨ᠎ᠠ᠃ ᠪᠢᠳᠡᠨ ᠦ ᠡᠵᠡᠨ ᠢᠰᠦ᠋ᠰ ᠾᠷᠢᠰᠲ᠋ᠣᠰ ᠡᠭᠦᠨ ᠢ ᠨᠠᠳᠠ ᠳᠤ ᠲᠣᠳᠣᠷᠠᠭᠤᠯᠤᠭᠰᠠᠨ ᠶᠤᠮ᠃ 15 ᠨᠠᠮᠠᠶᠢ ᠨᠥᠭᠴᠢᠭᠰᠡᠨ ᠦ ᠳᠠᠷᠠᠭ᠎ᠠ ᠴᠤ ᠲᠠ ᠨᠠᠷ ᠡᠳᠡᠭᠡᠷ ᠢ ᠦᠷᠭᠦᠯᠵᠢ ᠰᠠᠨᠠᠭᠠᠯᠵᠠᠵᠤ ᠪᠠᠢᠭᠠᠰᠠᠢ᠃ ᠪᠢ ᠡᠭᠦᠨ ᠦ ᠲᠥᠯᠥᠭᠡ ᠴᠢᠷᠮᠠᠢᠶ᠎ᠠ᠃
ᠢᠲᠡᠭᠡᠯ ᠦᠨ ᠦᠨᠳᠦᠰᠦ ᠰᠠᠭᠤᠷᠢ
16 ᠪᠢᠳᠡᠨ ᠦ ᠡᠵᠡᠨ ᠢᠰᠦ᠋ᠰ ᠾᠷᠢᠰᠲ᠋ᠣᠰ ᠤᠨ ᠬᠦᠴᠦ ᠪᠣᠯᠣᠨ ᠲᠡᠭᠦᠨ ᠦ ᠢᠷᠡᠬᠦ ᠲᠤᠬᠠᠢ ᠲᠠ ᠨᠠᠷ ᠲᠤ ᠪᠢᠳᠡ ᠮᠡᠳᠡᠭᠦᠯᠬᠦ ᠳᠡᠭᠡᠨ᠂ ᠣᠪᠵᠢᠨ ᠵᠠᠯᠢ ᠲᠠᠢ ᠵᠣᠬᠢᠶᠠᠭᠰᠠᠨ ᠳᠣᠮᠣᠭ ᠢ ᠳᠠᠭᠠᠭᠰᠠᠨ ᠦᠭᠡᠢ᠂ ᠲᠡᠭᠦᠨ ᠦ ᠶᠡᠬᠡ ᠵᠢᠪᠬᠤᠯᠠᠩ ᠢ ᠨᠢᠳᠦ ᠪᠡᠷ ᠢᠶᠠᠨ ᠦᠵᠡᠭᠰᠡᠨ ᠶᠤᠮ᠃ 17 ᠶᠡᠬᠡ ᠴᠣᠭ ᠵᠢᠪᠬᠤᠯᠠᠩ ᠤᠨ ᠳᠤᠮᠳᠠ ᠠᠴᠠ 《ᠡᠨᠡ ᠪᠣᠯ ᠮᠢᠨᠦ ᠬᠠᠢᠷᠠᠲᠠᠢ ᠬᠦᠦ᠂ ᠲᠡᠷᠡ ᠨᠠᠳᠠ ᠳᠤ ᠲᠠᠭᠠᠯᠠᠭᠳᠠᠳᠠᠭ》 ᠬᠡᠮᠡᠬᠦ ᠳᠠᠭᠤ ᠲᠡᠭᠦᠨ ᠳᠦ ᠬᠦᠷᠦᠩᠭᠦᠲᠡ ᠲᠡᠷᠡ ᠪᠡᠷ ᠡᠴᠢᠭᠡ ᠪᠤᠷᠬᠠᠨ ᠠᠴᠠ ᠬᠦᠨᠳᠦᠯᠡᠯ ᠪᠠ ᠠᠯᠳᠠᠷ ᠰᠤᠤ ᠶᠢ ᠣᠯᠣᠯ᠎ᠠ᠃ 18 ᠲᠩᠷᠢ ᠡᠴᠡ ᠴᠤᠤᠷᠢᠶᠠᠲᠤᠭᠰᠠᠨ ᠡᠨᠡ ᠳᠠᠭᠤ ᠶᠢ ᠪᠢᠳᠡ ᠲᠡᠭᠦᠨ ᠲᠡᠢ ᠬᠠᠮᠲᠤ ᠠᠷᠢᠭᠤᠨ ᠠᠭᠤᠯᠠᠨ ᠳᠤ ᠪᠠᠢᠬᠤ ᠳᠠᠭᠠᠨ ᠰᠣᠨᠣᠰᠣᠭᠰᠠᠨ᠃
19 ᠡᠭᠦᠨ ᠡᠴᠡ ᠴᠤ ᠲᠣᠳᠣᠷᠬᠠᠢ ᠡᠰᠢ ᠦᠵᠡᠭᠦᠯᠦᠯᠭᠡ ᠶᠢᠨ ᠦᠭᠡ ᠪᠢᠳᠡᠨ ᠳᠦ ᠪᠤᠢ᠃ ᠬᠠᠷᠠᠩ᠋ᠭᠤᠢ ᠭᠠᠵᠠᠷ ᠢ ᠭᠡᠶᠢᠭᠦᠯᠳᠡᠭ ᠳ᠋ᠧᠩ ᠢ ᠠᠩ᠋ᠬᠠᠷᠬᠤ ᠰᠢᠭ᠋᠂ ᠰᠡᠳᠬᠢᠯ ᠳᠣᠲᠣᠷ᠎ᠠ ᠴᠢᠨᠢ ᠦᠷ ᠴᠠᠢᠵᠤ ᠴᠣᠯᠮᠣᠨ ᠭᠠᠷᠲᠠᠯ᠎ᠠ ᠲᠠ ᠨᠠᠷ ᠲᠡᠷᠡ ᠦᠭᠡ ᠶᠢ ᠠᠩ᠋ᠬᠠᠷᠪᠠᠯ ᠰᠠᠢᠨ᠃ 20 ᠬᠠᠷᠢᠨ ᠡᠭᠦᠨ ᠢ ᠶᠠᠭᠤᠨ ᠤ ᠡᠮᠦᠨ᠎ᠡ ᠮᠡᠳᠡᠲᠦᠭᠡᠢ᠃ ᠠᠷᠢᠭᠤᠨ ᠨᠣᠮ ᠤᠨ ᠠᠯᠢ ᠡᠰᠢ ᠦᠵᠡᠭᠦᠯᠦᠯᠭᠡ ᠶᠢ ᠴᠤ ᠳᠤᠷ᠎ᠠ ᠪᠠᠷ ᠢᠶᠠᠨ ᠲᠠᠢᠯᠪᠤᠷᠢᠯᠠᠵᠤ ᠦᠯᠦ ᠪᠣᠯᠣᠨ᠎ᠠ᠃ 21 ᠤᠴᠢᠷ ᠨᠢ᠂ ᠡᠰᠢ ᠦᠵᠡᠭᠦᠯᠦᠯᠭᠡ ᠪᠣᠯ ᠬᠡᠵᠢᠶ᠎ᠡ ᠴᠤ ᠬᠥᠮᠦᠨ ᠦ ᠰᠠᠨᠠᠭᠠᠨ ᠳᠤ ᠬᠥᠲᠥᠯᠥᠭᠳᠡᠭᠰᠡᠨ ᠦᠭᠡᠢ᠂ ᠬᠠᠷᠢᠨ ᠪᠤᠷᠬᠠᠨ ᠠᠴᠠ ᠭᠠᠷᠤᠭᠰᠠᠨ ᠪᠥᠭᠡᠳ ᠬᠥᠮᠦᠰ ᠠᠷᠢᠭᠤᠨ ᠰᠦᠨᠡᠰᠦᠨ ᠳᠦ ᠬᠥᠲᠥᠯᠥᠭᠳᠡᠭᠡᠳ ᠡᠭᠦᠨ ᠢ ᠶᠠᠷᠢᠭᠰᠠᠨ ᠶᠤᠮ᠃