1 2 3


ᠬᠣᠶᠠᠳᠤᠭᠠᠷ ᠫᠧᠲ᠋ᠧᠷ ᠭᠤᠷᠪᠠ
 ᠡᠨᠡ ᠵᠠᠬᠢᠳᠠᠯ ᠤᠨ ᠵᠣᠷᠢᠯᠭ᠎ᠠ

1 ᠬᠠᠢᠷᠠᠲᠤ ᠨᠤᠭᠤᠳ ᠮᠢᠨᠢ᠂ ᠣᠳᠣ ᠪᠢ ᠲᠠ ᠨᠠᠷ ᠲᠤ ᠡᠨᠡ ᠬᠣᠶᠠᠳᠠᠬᠢ ᠵᠠᠬᠢᠳᠠᠯ ᠢᠶᠠᠨ ᠪᠢᠴᠢᠵᠦ ᠪᠠᠢᠨ᠎ᠠ᠃ ᠡᠳᠡᠭᠡᠷ ᠵᠠᠬᠢᠳᠠᠯ ᠳᠤ ᠪᠢ ᠰᠠᠨᠠᠭᠤᠯᠭ᠎ᠠ ᠪᠠᠷ ᠢᠶᠠᠨ ᠲᠠ ᠨᠠᠷ ᠤᠨ ᠡᠷᠡᠭᠦᠯ ᠤᠬᠠᠭᠠᠨ ᠢ ᠰᠡᠷᠭᠦᠭᠡᠬᠦ ᠭᠡᠰᠡᠨ ᠶᠤᠮ᠃ 2 ᠡᠢᠨ ᠬᠦ ᠠᠷᠢᠭᠤᠨ ᠡᠰᠢ ᠦᠵᠡᠭᠦᠯᠦᠭᠴᠢᠳ ᠤᠨ ᠤᠷᠢᠳᠠᠪᠠᠷ ᠬᠡᠯᠡᠭᠰᠡᠨ ᠦᠭᠡᠰ᠂ ᠡᠵᠡᠨ ᠪᠠ ᠠᠪᠤᠷᠠᠭᠴᠢ ᠶᠢᠨ ᠰᠢᠳᠠᠷ ᠱᠠᠪᠢ ᠨᠠᠷ ᠢᠶᠠᠷ ᠴᠢᠨᠢ ᠳᠠᠮᠵᠢᠭᠤᠯᠤᠨ ᠬᠡᠯᠡᠭᠰᠡᠨ ᠵᠠᠷᠯᠢᠭ ᠲᠠ ᠨᠠᠷ ᠲᠤ ᠲᠣᠭᠲᠠᠬᠤ ᠪᠣᠯᠲᠤᠭᠠᠢ᠃
 ᠡᠵᠡᠨ ᠦ ᠳᠠᠬᠢᠨ ᠢᠷᠡᠬᠦ ᠡᠳᠦᠷ ᠦᠨ ᠰᠢᠨᠵᠢ

3 ᠶᠠᠭᠤᠨ ᠤ ᠡᠮᠦᠨ᠎ᠡ ᠡᠭᠦᠨ ᠢ ᠮᠡᠳᠡᠲᠦᠭᠡᠢ᠄ ᠡᠴᠦᠰ ᠦᠨ ᠡᠳᠦᠷ ᠤᠳ ᠲᠤ ᠡᠯᠡᠭᠯᠡᠭᠴᠢᠳ ᠭᠠᠷᠬᠤ ᠪᠥᠭᠡᠳ ᠲᠠᠴᠢᠶᠠᠯ ᠢᠶᠠᠨ ᠳᠠᠭᠠᠨ ᠠᠮᠢᠳᠤᠷᠠᠵᠤ ᠲᠠ ᠨᠠᠷ ᠢ ᠡᠯᠡᠭᠯᠡᠨ᠄ 4 《ᠲᠡᠭᠦᠨ ᠦ ᠢᠷᠡᠬᠦ ᠠᠮᠠᠯᠠᠯᠲᠠ ᠬᠠᠮᠢᠭ᠎ᠠ ᠪᠠᠢᠨ᠎ᠠ︖ ᠳᠡᠭᠡᠳᠦᠰ ᠴᠢᠨᠢ ᠨᠣᠢᠷᠰᠣᠭᠰᠠᠨ ᠠᠴᠠ ᠬᠣᠢᠰᠢ ᠴᠤ᠂ ᠪᠦᠬᠦ ᠶᠠᠭᠤᠮ᠎ᠠ ᠪᠦᠲᠦᠭᠡᠭᠳᠡᠭᠰᠡᠨ ᠡᠴᠡ ᠬᠣᠢᠰᠢ ᠪᠠᠢᠭᠰᠠᠨ ᠬᠡᠪ ᠢᠶᠡᠷ ᠢᠶᠠᠨ ᠪᠠᠢᠭᠰᠠᠭᠠᠷ ᠰᠢᠦ ᠳᠠ》 ᠭᠡᠵᠦ ᠬᠡᠯᠡᠨ᠎ᠡ᠃ 5 ᠬᠠᠷᠢᠨ ᠪᠤᠷᠬᠠᠨ ᠤ ᠦᠭᠡ ᠪᠡᠷ ᠯᠠ ᠲᠩᠷᠢ ᠨᠢ ᠪᠠᠯᠠᠷ ᠡᠷᠲᠡ ᠪᠤᠢ ᠪᠣᠯᠣᠭᠰᠠᠨ ᠢ᠂ ᠪᠠᠰᠠ ᠭᠠᠵᠠᠷ ᠨᠢ ᠤᠰᠤᠨ ᠠᠴᠠ᠂ ᠤᠰᠤ ᠪᠠᠷ ᠬᠡᠯᠪᠡᠷᠢᠵᠢᠭᠰᠡᠨ ᠢ ᠲᠡᠳᠡ ᠵᠣᠷᠢᠭᠤᠳᠠ ᠣᠢᠰᠢᠶᠠᠬᠤ ᠦᠭᠡᠢ ᠪᠠᠢᠳᠠᠭ᠃ 6 ᠲᠡᠷᠡ ᠦᠶ᠎ᠡ ᠶᠢᠨ ᠶᠢᠷᠲᠢᠨᠴᠦ ᠤᠰᠤᠨ ᠳᠤ ᠠᠪᠲᠠᠵᠤ ᠰᠥᠨᠥᠭᠰᠡᠨ ᠪᠢᠯᠡ᠃ 7 ᠠᠳᠠᠯᠢᠬᠠᠨ ᠦᠭᠡ ᠪᠡᠷ ᠡᠳᠦᠭᠡ ᠶᠢᠨ ᠲᠩᠷᠢ ᠪᠠ ᠭᠠᠵᠠᠷ ᠢ ᠭᠠᠯᠳᠠᠬᠤ ᠶᠢᠨ ᠲᠥᠯᠥᠭᠡ ᠦᠯᠡᠳᠡᠭᠡᠵᠦ ᠪᠠᠢᠭ᠎ᠠ ᠪᠥᠭᠡᠳ ᠰᠦᠰᠦᠭ ᠦᠭᠡᠢ ᠬᠥᠮᠦᠰ ᠦᠨ ᠰᠢᠳᠬᠡᠭᠳᠡᠵᠦ ᠰᠥᠨᠥᠬᠦ ᠡᠳᠦᠷ ᠬᠦᠷᠲᠡᠯ᠎ᠡ ᠪᠠᠢᠯᠭᠠᠨ᠎ᠠ᠃
 ᠰᠢᠨ᠎ᠡ ᠲᠩᠷᠢ ᠰᠢᠨ᠎ᠡ ᠭᠠᠵᠠᠷ

8 ᠡᠨᠡ ᠨᠢᠭᠡᠨ ᠵᠦᠢᠯ ᠢ ᠮᠠᠷᠲᠠᠭᠤᠵᠠᠢ᠂ ᠬᠠᠢᠷᠠᠲᠤ ᠨᠤᠭᠤᠳ ᠮᠢᠨᠢ᠂ ᠡᠵᠡᠨ ᠦ ᠬᠤᠪᠢ ᠳᠤ᠂ ᠨᠢᠭᠡ ᠡᠳᠦᠷ ᠨᠢ ᠮᠢᠩ᠋ᠭᠠᠨ ᠵᠢᠯ ᠮᠡᠲᠦ᠂ ᠮᠢᠩ᠋ᠭᠠᠨ ᠵᠢᠯ ᠨᠢ ᠨᠢᠭᠡ ᠡᠳᠦᠷ ᠮᠡᠲᠦ ᠪᠢᠯᠡ᠃ 9 ᠵᠠᠷᠢᠮ ᠬᠥᠮᠦᠨ ᠦ ᠤᠳᠠᠭᠠᠨ ᠭᠡᠵᠦ ᠪᠣᠳᠣᠳᠠᠭ ᠰᠢᠭ᠋ ᠡᠵᠡᠨ ᠠᠮᠠᠯᠠᠭᠰᠠᠨ ᠢᠶᠠᠨ ᠤᠳᠠᠭᠠᠰᠢᠷᠠᠭᠤᠯᠵᠤ ᠪᠠᠢᠭ᠎ᠠ ᠪᠢᠰᠢ᠂ ᠬᠠᠷᠢᠨ ᠲᠠ ᠨᠠᠷ ᠲᠤ ᠬᠦᠯᠢᠴᠡᠩᠭᠦᠢ ᠪᠠᠷ ᠬᠠᠨᠳᠤᠵᠤ ᠬᠡᠨ ᠴᠤ ᠰᠥᠨᠥᠬᠦ ᠦᠭᠡᠢ ᠪᠠᠷ᠂ ᠪᠦᠬᠦ ᠬᠥᠮᠦᠨ ᠢ ᠭᠡᠮᠰᠢᠯ ᠳᠤ ᠡᠷᠭᠢᠭᠡᠰᠡᠢ ᠭᠡᠵᠦ ᠬᠦᠰᠡᠵᠦ ᠪᠠᠢᠨ᠎ᠠ᠃ 10 ᠭᠡᠪᠡᠴᠦ ᠡᠵᠡᠨ ᠦ ᠡᠳᠦᠷ ᠬᠤᠯᠠᠭᠠᠢᠴᠢ ᠮᠡᠲᠦ ᠢᠷᠡᠨ᠎ᠡ᠃ ᠲᠡᠷᠡ ᠡᠳᠦᠷ ᠲᠩᠷᠢ ᠨᠦᠷᠵᠢᠭᠢᠨᠡᠨ ᠵᠠᠮᠬᠠᠷᠠᠬᠤ ᠪᠥᠭᠡᠳ ᠤᠤᠯ ᠵᠦᠢᠯ ᠤᠳ ᠵᠠᠳᠠᠷᠠᠨ ᠬᠠᠢᠯᠤᠭᠳᠠᠵᠤ; ᠭᠠᠵᠠᠷ ᠪᠠ ᠭᠠᠵᠠᠷ ᠳᠡᠭᠡᠷᠡᠬᠢ ᠦᠢᠯᠡᠰ ᠰᠢᠲᠠᠬᠤ ᠪᠣᠯᠣᠨ᠎ᠠ᠃

11 ᠡᠳᠡᠭᠡᠷ ᠵᠦᠢᠯ ᠴᠥᠮ ᠡᠢᠨ ᠬᠦ ᠬᠠᠢᠯᠬᠤ ᠪᠣᠯᠣᠨ᠎ᠠ᠂ ᠡᠭᠦᠨ ᠳᠦ ᠲᠠ ᠨᠠᠷ ᠶᠠᠮᠠᠷ ᠬᠥᠮᠦᠨ ᠪᠣᠯᠬᠤ ᠶᠣᠰᠣᠲᠠᠢ ᠪᠤᠢ︖ ᠠᠷᠢᠭᠤᠨ᠂ ᠰᠦᠰᠦᠭ ᠲᠡᠢ ᠦᠢᠯᠡᠰ ᠢ ᠬᠢᠵᠦ᠂ 12 ᠪᠤᠷᠬᠠᠨ ᠤ ᠡᠳᠦᠷ ᠦᠨ ᠢᠷᠡᠬᠦ ᠶᠢ ᠡᠷᠡᠮᠡᠯᠵᠡᠨ᠂ ᠬᠤᠷᠳᠤᠰᠬᠠᠬᠤ ᠶᠣᠰᠣᠲᠠᠢ᠃ ᠲᠡᠷᠡ ᠡᠳᠦᠷ ᠲᠩᠷᠢ ᠭᠠᠯᠳᠠᠭᠳᠠᠨ ᠬᠠᠢᠯᠵᠤ᠂ ᠤᠤᠯ ᠵᠦᠢᠯᠡᠰ ᠰᠢᠲᠠᠵᠤ ᠬᠠᠢᠯᠤᠨ᠎ᠠ᠃ 13 ᠬᠠᠷᠢᠨ ᠲᠡᠭᠦᠨ ᠦ ᠠᠮᠠᠯᠠᠭᠰᠠᠨ ᠰᠢᠨ᠎ᠡ ᠲᠩᠷᠢ ᠰᠢᠨ᠎ᠡ ᠭᠠᠵᠠᠷ ᠪᠤᠶᠤ ᠵᠥᠪ ᠦᠨ ᠣᠷᠣᠨ ᠢ ᠪᠢᠳᠡ ᠡᠷᠡᠮᠡᠯᠵᠡᠵᠦ ᠪᠤᠢ᠃

14 ᠲᠡᠢᠮᠦ ᠡᠴᠡ ᠬᠠᠢᠷᠠᠲᠤ ᠨᠤᠭᠤᠳ ᠮᠢᠨᠢ᠂ ᠡᠳᠡᠭᠡᠷ ᠢ ᠡᠷᠡᠮᠡᠯᠵᠡᠵᠦ ᠪᠠᠢᠭ᠎ᠠ ᠶᠤᠮ ᠪᠣᠯ ᠥ ᠰᠡᠪ ᠦᠭᠡᠢ᠂ ᠭᠡᠮ ᠵᠢᠮ ᠦᠭᠡᠢ᠂ ᠲᠠᠢᠪᠤᠩ ᠪᠠᠢᠳᠠᠯ ᠢᠶᠠᠷ ᠢᠶᠠᠨ ᠡᠵᠡᠨ ᠳᠦ ᠣᠯᠳᠠᠭᠳᠠᠬᠤ ᠪᠠᠷ ᠴᠢᠷᠮᠠᠢ᠃ 15 ᠪᠢᠳᠡᠨ ᠦ ᠡᠵᠡᠨ ᠦ ᠲᠡᠪᠴᠢᠶᠡᠷᠢ ᠶᠢ ᠠᠪᠤᠷᠠᠯ ᠭᠡᠵᠦ ᠪᠣᠳᠣ᠃ ᠪᠢᠳᠡᠨ ᠦ ᠬᠠᠢᠷᠠᠲᠤ ᠨᠥᠬᠥᠷ ᠫᠠᠦ᠋ᠯ ᠴᠤ ᠰᠣᠶᠣᠷᠬᠠᠭᠳᠠᠭᠰᠠᠨ ᠮᠡᠷᠭᠡᠨ ᠤᠬᠠᠭᠠᠨ ᠢᠶᠠᠷ ᠢᠶᠠᠨ ᠲᠠ ᠨᠠᠷ ᠲᠤ ᠲᠡᠭᠡᠵᠦ ᠪᠢᠴᠢᠭᠰᠡᠨ ᠪᠥᠭᠡᠳ 16 ᠪᠦᠬᠦ ᠵᠠᠬᠢᠳᠠᠯ ᠳᠠᠭᠠᠨ ᠡᠳᠡᠭᠡᠷ ᠦᠨ ᠲᠤᠬᠠᠢ ᠳᠤᠷᠠᠳᠤᠭᠰᠠᠨ ᠶᠤᠮ᠃ ᠵᠠᠬᠢᠳᠠᠯ ᠤᠳ ᠳᠡᠭᠡᠷ᠎ᠡ ᠨᠢ ᠣᠢᠯᠠᠭᠠᠮᠵᠢ ᠦᠭᠡᠢ ᠬᠡᠳᠦ ᠬᠡᠳᠦᠨ ᠵᠦᠢᠯ ᠪᠤᠢ᠃ ᠰᠤᠷᠤᠭ᠎ᠠ ᠦᠭᠡᠢ᠂ ᠲᠣᠭᠲᠠᠪᠤᠷᠢ ᠦᠭᠡᠢ ᠬᠥᠮᠦᠰ ᠡᠳᠡᠭᠡᠷ ᠵᠦᠢᠯ ᠢ ᠠᠷᠢᠭᠤᠨ ᠨᠣᠮ ᠤᠨ ᠪᠤᠰᠤᠳ ᠡᠰᠢᠯᠡᠯ ᠤᠳ ᠲᠠᠢ ᠬᠠᠮᠲᠤ ᠪᠤᠷᠤᠭᠤ ᠣᠢᠯᠠᠭᠠᠭᠠᠳ ᠥᠪᠡᠷᠰᠡᠳ ᠢᠶᠡᠨ ᠰᠦᠢᠷᠡᠯ ᠳᠦ ᠬᠦᠷᠲᠡᠭ᠃ 17 ᠬᠠᠢᠷᠠᠲᠤ ᠨᠤᠭᠤᠳ ᠮᠢᠨᠢ᠂ ᠲᠠ ᠨᠠᠷ ᠤᠷᠢᠳᠠ ᠠᠴᠠ ᠮᠡᠳᠡᠭᠰᠡᠨ ᠪᠣᠯ ᠰᠡᠷᠡᠮᠵᠢ ᠲᠠᠢ ᠪᠠᠢ᠂ ᠶᠣᠰᠣ ᠦᠭᠡᠢ ᠬᠥᠮᠦᠰ ᠦᠨ ᠪᠠᠴᠢ ᠳᠤ ᠲᠠᠲᠠᠭᠳᠠᠵᠤ᠂ ᠲᠣᠭᠲᠠᠪᠤᠷᠢ ᠲᠠᠢ ᠪᠠᠢᠳᠠᠯ ᠠᠴᠠ ᠤᠨᠠᠭᠤᠵᠠᠢ᠃ 18 ᠪᠢᠳᠡᠨ ᠦ ᠡᠵᠡᠨ ᠪᠠ ᠠᠪᠤᠷᠠᠭᠴᠢ ᠢᠰᠦ᠋ᠰ ᠾᠷᠢᠰᠲ᠋ᠣᠰ ᠤᠨ ᠢᠪᠡᠭᠡᠯ᠂ ᠮᠡᠳᠡᠯᠭᠡ ᠲᠠᠢ ᠬᠠᠮᠲᠤ ᠥᠰᠥᠭᠲᠦᠨ᠃ ᠣᠳᠣ ᠠᠴᠠ ᠥᠨᠢ ᠮᠥᠩᠬᠡ ᠳᠦ ᠬᠦᠷᠲᠡᠯ᠎ᠡ ᠠᠯᠳᠠᠷ ᠨᠢ ᠲᠡᠭᠦᠨ ᠳᠦ ᠪᠠᠢᠬᠤ ᠪᠣᠯᠲᠤᠭᠠᠢ᠃ 〔ᠠᠮᠧᠨ〕