1 2 3 4 5 6 7 8 9 10 11 12 13 14 15 16 17 18 19 20 21 22 23 24 25 26 27 28


ᠦᠢᠯᠡᠰ ᠨᠢᠭᠡ

1 ᠲᠧᠣᠹᠢᠯ ᠡ᠂ ᠪᠢ ᠤᠷᠢᠳᠠᠬᠢ ᠨᠣᠮ 1  ᠳᠠᠭᠠᠨ ᠢᠰᠦ᠋ᠰ ᠤᠨ ᠦᠢᠯᠡᠳᠦᠭᠰᠡᠨ ᠰᠤᠷᠭᠠᠭᠰᠠᠨ ᠪᠦᠬᠦᠨ ᠡᠴᠡ ᠠᠪᠤᠭᠠᠳ᠂ 2 ᠰᠣᠩ᠋ᠭᠣᠭᠰᠠᠨ ᠰᠢᠳᠠᠷ ᠱᠠᠪᠢ ᠨᠠᠷ ᠲᠠᠭᠠᠨ ᠠᠷᠢᠭᠤᠨ ᠰᠦᠨᠡᠰᠦ ᠪᠡᠷ ᠳᠠᠮᠵᠢᠭᠤᠯᠤᠨ ᠵᠢᠭᠠᠪᠤᠷᠢ ᠥᠭᠭᠥᠭᠰᠡᠨ ᠦ ᠳᠠᠷᠠᠭ᠎ᠠ᠂ ᠲᠩᠷᠢ ᠳᠤ ᠠᠪᠠᠴᠢᠭᠳᠠᠭᠰᠠᠨ ᠡᠳᠦᠷ ᠬᠦᠷᠲᠡᠯᠡᠬᠢ ᠪᠦᠬᠦᠨ ᠢ ᠨᠢ ᠪᠢᠴᠢᠭᠰᠡᠨ ᠶᠤᠮ᠃
 ᠠᠷᠢᠭᠤᠨ ᠰᠦᠨᠡᠰᠦ ᠰᠣᠶᠣᠷᠬᠠᠬᠤ ᠠᠮᠠᠯᠠᠯᠲᠠ

3 ᠢᠰᠦ᠋ᠰ ᠵᠣᠪᠠᠯᠠᠩ ᠠᠮᠰᠠᠭᠰᠠᠨ ᠤ ᠪᠠᠨ ᠳᠠᠷᠠᠭ᠎ᠠ᠂ ᠳᠥᠴᠢ ᠬᠣᠨᠣᠭ ᠤᠨ ᠲᠤᠷᠰᠢ ᠱᠠᠪᠢ ᠨᠠᠷ ᠲᠠᠭᠠᠨ ᠦᠵᠡᠭᠳᠡᠨ ᠠᠮᠢᠳᠤ ᠪᠠᠢᠭ᠎ᠠ ᠭᠡᠳᠡᠭ ᠢᠶᠡᠨ ᠪᠠᠲᠤᠲᠠᠢ ᠪᠠᠷᠢᠮᠲᠠ ᠪᠠᠷ ᠲᠡᠳᠡᠨ ᠳᠦ ᠬᠠᠷᠠᠭᠤᠯᠤᠭᠰᠠᠨ ᠪᠥᠭᠡᠳ ᠪᠤᠷᠬᠠᠨ ᠤ ᠬᠠᠭᠠᠨᠴᠢᠯᠠᠯ ᠤᠨ ᠲᠤᠬᠠᠢ ᠣᠯᠠᠨ ᠢ ᠠᠢᠯᠠᠳᠴᠤ ᠪᠠᠢᠪᠠ᠃ 4 ᠢᠰᠦ᠋ᠰ ᠲᠡᠳᠡ ᠨᠠᠷ ᠲᠠᠢ ᠬᠠᠮᠲᠤ ᠪᠠᠢᠬᠤ ᠳᠠᠭᠠᠨ᠄ 《ᠶᠧᠷᠦ᠋ᠰᠠᠯᠧᠮ ᠡᠴᠡ ᠶᠠᠪᠤᠯ ᠦᠭᠡᠢ᠂ ᠠᠪᠤ ᠶᠢᠨ ᠠᠮᠠᠯᠠᠭᠰᠠᠨ 2  ᠢ ᠬᠦᠯᠢᠶᠡᠭᠲᠦᠨ᠂ ᠲᠠ ᠨᠠᠷ ᠨᠠᠳᠠ ᠠᠴᠠ ᠲᠡᠷᠡ ᠠᠮᠠᠯᠠᠯᠲᠠ ᠶᠢ ᠰᠣᠨᠣᠰᠣᠭᠰᠠᠨ ᠪᠢᠯᠡ᠃ 5 ᠶᠣᠬᠠᠨ ᠤᠰᠤ ᠪᠠᠷ ᠤᠬᠢᠶᠠᠯ ᠬᠦᠷᠲᠡᠭᠡᠭᠰᠡᠨ ᠪᠣᠯ᠂ ᠬᠡᠳᠦ ᠬᠣᠨᠣᠭ ᠤᠨ ᠳᠠᠷᠠᠭ᠎ᠠ᠂ ᠲᠠ ᠨᠠᠷ ᠠᠷᠢᠭᠤᠨ ᠰᠦᠨᠡᠰᠦ ᠪᠡᠷ ᠤᠬᠢᠶᠠᠯ ᠬᠦᠷᠲᠡᠬᠦ ᠪᠣᠯᠣᠨ᠎ᠠ》 ᠭᠡᠵᠦ ᠵᠠᠬᠢᠭᠰᠠᠨ ᠶᠤᠮ᠃
 ᠢᠰᠦ᠋ᠰ ᠤᠨ ᠡᠭᠡᠯᠲᠡ

6 ᠲᠡᠳᠡ ᠨᠠᠷ ᠴᠤᠭ ᠪᠠᠢᠬᠤ ᠦᠶ᠎ᠡ ᠳᠡᠭᠡᠨ ᠢᠰᠦ᠋ᠰ ᠡᠴᠡ᠄ 《ᠡᠵᠡᠨ ᠡ᠂ ᠲᠠ ᠢᠰᠷᠧᠯ ᠳᠤ ᠬᠠᠭᠠᠨᠴᠢᠯᠠᠯ ᠢ ᠡᠨᠡ ᠴᠠᠭ ᠲᠤ ᠰᠡᠷᠭᠦᠭᠡᠬᠦ ᠨᠢ ᠤᠤ︖》 ᠭᠡᠵᠦ ᠠᠰᠠᠭᠤᠬᠤ ᠳᠤ᠂ 7 ᠢᠰᠦ᠋ᠰ᠄ 《ᠠᠪᠤ ᠶᠢᠨ ᠥᠪᠡᠷ ᠦᠨ ᠢᠶᠠᠨ ᠮᠡᠳᠡᠯ ᠢᠶᠡᠷ ᠲᠣᠭᠲᠠᠭᠠᠭᠰᠠᠨ ᠴᠠᠭ ᠪᠠ ᠬᠤᠭᠤᠴᠠᠭ᠎ᠠ ᠶᠢ ᠮᠡᠳᠡᠬᠦ ᠨᠢ ᠲᠠ ᠨᠠᠷ ᠤᠨ ᠬᠡᠷᠡᠭ ᠪᠢᠰᠢ᠃ 8 ᠬᠠᠷᠢᠨ ᠠᠷᠢᠭᠤᠨ ᠰᠦᠨᠡᠰᠦ ᠲᠠ ᠨᠠᠷ ᠤᠨ ᠳᠡᠭᠡᠷ᠎ᠡ ᠪᠠᠭᠤᠬᠤ ᠳᠤ᠂ ᠲᠠ ᠨᠠᠷ ᠬᠦᠴᠦ ᠶᠢ ᠣᠯᠣᠭᠠᠳ ᠶᠧᠷᠦ᠋ᠰᠠᠯᠧᠮ᠂ ᠪᠦᠬᠦ ᠶᠦᠳᠠᠢ᠂ ᠰᠠᠮᠠᠷᠢᠶ᠎ᠠ ᠪᠠ ᠳᠡᠯᠡᠬᠡᠢ ᠶᠢᠨ ᠬᠢᠵᠠᠭᠠᠷ ᠬᠦᠷᠲᠡᠯ᠎ᠡ ᠶᠠᠪᠤᠵᠤ᠂ ᠮᠢᠨᠦ ᠭᠡᠷᠡᠴᠢ ᠪᠣᠯᠬᠤ ᠪᠣᠯᠣᠨ᠎ᠠ》 ᠭᠡᠪᠡ᠃ 9 ᠢᠩᠭᠢᠵᠦ ᠠᠢᠯᠠᠳᠤᠭᠰᠠᠨ ᠤ ᠬᠢᠨᠢ ᠳᠠᠷᠠᠭ᠎ᠠ᠂ ᠲᠡᠳᠡ ᠬᠠᠷᠠᠵᠤ ᠪᠠᠢᠲᠠᠯ᠎ᠠ ᠢᠰᠦ᠋ᠰ ᠳᠡᠭᠡᠭᠰᠢ ᠪᠠᠨ ᠡᠷᠭᠦᠭᠳᠡᠵᠦ᠂ ᠡᠭᠦᠯᠡᠨ ᠳᠦ ᠪᠦᠷᠬᠦᠭᠳᠡᠭᠡᠳ ᠬᠠᠷᠠᠭᠳᠠᠬᠤ ᠪᠠᠨ ᠪᠣᠯᠢᠭᠰᠠᠨ ᠪᠠᠢᠵᠠᠢ᠃ 10 ᠢᠰᠦ᠋ᠰ ᠶᠠᠪᠤᠵᠤ᠂ ᠲᠡᠳᠡ ᠲᠩᠷᠢ ᠥᠭᠡᠳᠡ ᠰᠢᠷᠲᠡᠵᠦ ᠪᠠᠢᠬᠤ ᠳᠤ᠂ ᠭᠡᠨᠡᠳᠲᠡ ᠴᠠᠭᠠᠨ ᠬᠤᠪᠴᠠᠰᠤ ᠲᠠᠢ ᠬᠣᠶᠠᠷ ᠬᠥᠮᠦᠨ ᠬᠠᠵᠠᠭᠤ ᠳᠤᠨᠢ ᠵᠣᠭᠰᠣᠭᠠᠳ᠄ 11 《ᠭᠠᠯᠢᠯᠠᠶ᠎ᠠ ᠶᠢᠨ ᠬᠥᠮᠦᠰ ᠡ᠂ ᠲᠠ ᠨᠠᠷ ᠶᠠᠭᠤᠨ ᠳᠤ ᠲᠩᠷᠢ ᠶᠢ ᠬᠠᠷᠠᠵᠤ ᠵᠣᠭᠰᠣᠨ᠎ᠠ ᠪᠤᠢ︖ ᠲᠠᠨ ᠤ ᠡ᠊ᠨᠳᠡ ᠡᠴᠡ ᠲᠩᠷᠢ ᠳᠤ ᠠᠪᠠᠴᠢᠭᠳᠠᠭᠰᠠᠨ ᠡᠨᠡ ᠢᠰᠦ᠋ᠰ ᠲᠠ ᠨᠠᠷ ᠤᠨ ᠦᠵᠡᠭᠰᠡᠨ ᠢᠶᠡᠷ ᠶᠠᠭᠠᠬᠢᠵᠤ ᠲᠩᠷᠢ ᠥᠭᠡᠳᠡ ᠶᠠᠪᠤᠭᠰᠠᠨ ᠪᠣᠯ᠂ ᠮᠥᠨ ᠲᠡᠭᠡᠵᠦ ᠢᠷᠡᠬᠦ ᠪᠣᠯᠣᠨ᠎ᠠ》 ᠭᠡᠵᠦ ᠬᠡᠯᠡᠪᠡ᠃
 ᠰᠣᠶᠣᠷᠬᠠᠯ ᠢ ᠬᠦᠯᠢᠶᠡᠵᠦ ᠪᠠᠢᠭᠰᠠᠨ ᠨᠢ

12 ᠲᠡᠭᠡᠭᠡᠳ ᠱᠠᠪᠢ ᠨᠠᠷ ᠨᠢ ᠴᠢᠳᠦᠨ ᠬᠡᠮᠡᠬᠦ ᠠᠭᠤᠯᠠᠨ ᠠᠴᠠ ᠶᠧᠷᠦ᠋ᠰᠠᠯᠧᠮ ᠳᠤ ᠪᠤᠴᠠᠵᠠᠢ᠃ ᠡᠨᠡ ᠠᠭᠤᠯᠠ ᠨᠢ ᠶᠧᠷᠦ᠋ᠰᠠᠯᠧᠮ ᠡᠴᠡ ᠣᠢᠷᠠᠬᠠᠨ᠂ ᠠᠮᠠᠷᠠᠯ ᠤᠨ ᠡᠳᠦᠷ ᠲᠦ ᠠᠶᠠᠯᠠᠵᠤ ᠪᠣᠯᠬᠤ ᠵᠠᠢ 3  ᠲᠠᠢ ᠪᠢᠯᠡ᠃ 13 ᠲᠡᠳᠡ ᠬᠣᠲᠠ ᠳᠤ ᠣᠷᠣᠭᠠᠳ᠂ ᠤᠤᠯ ᠤᠨ ᠰᠠᠭᠤᠳᠠᠭ ᠪᠠᠢᠭᠰᠠᠨ ᠳᠡᠭᠡᠳᠦ ᠳᠠᠪᠬᠤᠷ ᠤᠨ ᠥᠷᠥᠭᠡᠨ ᠳᠦ ᠣᠷᠣᠪᠠ᠃ ᠲᠡᠨᠳᠡ ᠫᠧᠲ᠋ᠧᠷ᠂ ᠶᠣᠬᠠᠨ᠂ ᠶᠠᠺᠣᠪ᠂ ᠠᠨᠳ᠋ᠷᠧ᠂ ᠹᠢᠯᠢᠫ᠂ ᠲᠣᠮᠠ᠂ ᠪᠠᠷᠲ᠋ᠣᠯᠣᠮᠠᠢ᠂ ᠮᠠᠲ᠋ᠠᠢ᠂ ᠠᠯᠹᠠᠢ ᠶᠢᠨ ᠬᠦᠦ ᠶᠠᠺᠣᠪ᠂ ᠬᠡᠲᠦᠷᠡᠮᠡᠭᠡᠢ ᠪᠦᠯᠦᠭ ᠦᠨ ᠰᠢᠮᠣᠨ ᠪᠠ ᠶᠠᠺᠣᠪ ᠤᠨ ᠬᠦᠦ ᠶᠦᠳᠠ ᠪᠠᠢᠪᠠ᠃ 14 ᠡᠨᠡ ᠬᠥᠮᠦᠰ ᠬᠢᠭᠡᠳ ᠬᠡᠳᠦᠨ ᠡᠮᠡᠭᠲᠡᠢᠴᠦᠳ ᠢᠰᠦ᠋ᠰ ᠤᠨ ᠡᠬᠡ ᠮᠠᠷᠢᠶᠠ᠂ ᠢᠰᠦ᠋ᠰ ᠤᠨ ᠳᠡᠭᠦᠦ ᠨᠠᠷ ᠲᠠᠢ ᠬᠠᠮᠲᠤ ᠪᠦᠭᠦᠳᠡᠭᠡᠷ ᠢᠶᠡᠨ ᠰᠡᠳᠬᠢᠯ ᠨᠢᠭᠡᠳᠦᠨ ᠲᠤᠤᠱᠲᠠᠢ ᠳᠠᠭᠠᠳᠬᠠᠭᠰᠠᠭᠠᠷ ᠪᠠᠢᠯ᠎ᠠ᠃
 ᠰᠢᠳᠠᠷ ᠱᠠᠪᠢ ᠨᠥᠬᠥᠨ ᠰᠣᠩ᠋ᠭᠣᠭᠰᠠᠨ ᠨᠢ

15 ᠲᠡᠷᠡ ᠦᠶ᠎ᠡ ᠳᠦ᠂ ᠵᠠᠭᠤ ᠬᠣᠷᠢ ᠣᠷᠴᠢᠮ ᠬᠥᠮᠦᠨ ᠴᠤᠭᠯᠠᠷᠠᠭᠰᠠᠨ ᠪᠠᠢᠵᠠᠢ᠂ ᠫᠧᠲ᠋ᠧᠷ ᠠᠬ᠎ᠠ ᠳᠡᠭᠦᠦ ᠨᠠᠷ ᠤᠨ ᠢᠶᠠᠨ ᠳᠤᠮᠳᠠ ᠠᠴᠠ ᠪᠣᠰᠴᠤ᠄ 16 《ᠠᠬ᠎ᠠ ᠳᠡᠭᠦᠦ ᠨᠠᠷ ᠡ᠂ ᠢᠰᠦ᠋ᠰ ᠢ ᠪᠠᠷᠢᠬᠤ ᠵᠠᠮᠴᠢᠯᠠᠭᠴᠢ ᠪᠣᠯᠣᠭᠰᠠᠨ ᠶᠦᠳᠠ ᠶᠢᠨ ᠲᠤᠬᠠᠢ ᠳ᠋ᠠᠸᠢᠳ᠋ ᠤᠨ ᠠᠮᠠ ᠪᠠᠷ ᠳᠠᠮᠵᠢᠭᠤᠯᠵᠤ ᠠᠷᠢᠭᠤᠨ ᠰᠦᠨᠡᠰᠦᠨ ᠦ ᠤᠷᠢᠳᠤ ᠠᠴᠠ ᠨᠣᠮ ᠳᠤ ᠬᠡᠯᠡᠭᠰᠡᠨ ᠦᠭᠡ ᠨᠢ ᠪᠡᠶᠡᠯᠡᠭᠳᠡᠬᠦ ᠶᠣᠰᠣᠲᠠᠢ ᠪᠠᠢᠭᠰᠠᠨ᠂ 17 ᠲᠡᠷᠡ ᠤᠤᠯ ᠨᠢ ᠮᠠᠨ ᠤ ᠬᠢ ᠭᠡᠵᠦ ᠲᠣᠭᠠᠴᠠᠭᠳᠠᠭᠰᠠᠨ ᠪᠥᠭᠡᠳ ᠪᠢᠳᠡᠨ ᠦ ᠠᠵᠢᠯ ᠠᠴᠠ ᠬᠤᠪᠢᠳᠠᠭᠰᠠᠨ ᠪᠢᠯᠡ᠃ 18 ᠡᠨᠡ ᠬᠥᠮᠦᠨ ᠵᠥᠪ ᠪᠤᠰᠤ ᠶᠢ ᠦᠢᠯᠡᠳᠴᠦ ᠣᠯᠣᠭᠰᠠᠨ ᠵᠣᠭᠣᠰ ᠢᠶᠠᠷ ᠢᠶᠠᠨ ᠲᠠᠷᠢᠶ᠎ᠠ ᠠᠪᠤᠭᠠᠳ᠂ ᠲᠣᠯᠣᠭᠠᠢ ᠪᠠᠷ ᠢᠶᠠᠨ ᠤᠨᠠᠨ ᠬᠡᠪᠡᠯᠢ ᠨᠢ ᠬᠠᠭᠠᠷᠠᠵᠤ᠂ ᠭᠡᠳᠡᠰᠦ ᠨᠢ ᠴᠤᠪᠤᠷᠠᠵᠠᠢ᠃ 19 ᠶᠧᠷᠦ᠋ᠰᠠᠯᠧᠮ ᠳᠤ ᠰᠠᠭᠤᠭ᠎ᠠ ᠬᠥᠮᠦᠨ ᠪᠦᠬᠦᠨ ᠡᠨᠡ ᠶᠠᠪᠤᠳᠠᠯ ᠢ ᠮᠡᠳᠡᠭᠰᠡᠨ ᠲᠤᠯᠠ ᠲᠡᠳᠡᠨ ᠦ ᠬᠡᠯᠡ ᠪᠡᠷ ᠢᠶᠠᠨ ᠲᠡᠷᠡ ᠭᠠᠵᠠᠷ ᠲᠠᠷᠢᠶ᠎ᠠ ᠶᠢ ᠠᠺᠧᠯᠳᠠᠮ᠎ᠠ ᠭᠡᠵᠦ ᠨᠡᠷᠡᠯᠡᠵᠡᠢ᠃ ᠡᠨᠡ ᠨᠢ ᠴᠢᠰᠤᠲᠤ ᠭᠠᠵᠠᠷ ᠲᠠᠷᠢᠶ᠎ᠠ ᠭᠡᠰᠡᠨ ᠤᠳᠬ᠎ᠠ ᠲᠠᠢ ᠶᠤᠮ᠃ 20 ᠡᠢᠨ ᠬᠦ ᠳᠠᠭᠤᠯᠠᠯ ᠨᠣᠮ ᠳᠤ᠄ 〈ᠣᠷᠣᠨ ᠭᠡᠷ ᠨᠢ ᠡᠵᠡᠭᠦᠢᠷᠡᠵᠦ᠂ ᠲᠡᠨᠳᠡ ᠰᠠᠭᠤᠬᠤ ᠬᠥᠮᠦᠨ ᠦᠭᠡᠢ ᠪᠣᠯᠣᠭ〉᠂ ᠪᠠᠰᠠ᠄ 〈ᠲᠤᠰᠢᠶᠠᠯ ᠢ ᠨᠢ ᠥᠭᠡᠷ᠎ᠡ ᠬᠥᠮᠦᠨ ᠠᠪᠤᠭ〉 ᠭᠡᠵᠦ ᠪᠢᠴᠢᠭᠳᠡᠭᠰᠡᠨ ᠪᠠᠢᠳᠠᠭ᠃ 21 ᠲᠡᠢᠮᠦ ᠡᠴᠡ ᠡᠵᠡᠨ ᠢᠰᠦ᠋ᠰ ᠤᠨ ᠪᠢᠳᠡᠨ ᠲᠡᠢ ᠬᠠᠮᠲᠤ ᠶᠠᠪᠤᠭᠰᠠᠨ ᠪᠦᠬᠦᠢᠯᠡ ᠦᠶ᠎ᠡ᠂ 22 ᠲᠤᠬᠠᠢᠯᠠᠪᠠᠯ ᠶᠣᠬᠠᠨ ᠠᠴᠠ ᠤᠬᠢᠶᠠᠯ ᠬᠦᠷᠲᠡᠭᠰᠡᠨ ᠡᠴᠡ ᠠᠪᠤᠭᠠᠳ ᠪᠢᠳᠡᠨ ᠦ ᠳᠤᠮᠳᠠ ᠠᠴᠠ ᠳᠡᠭᠡᠭᠰᠢ ᠠᠪᠠᠴᠢᠭᠳᠠᠭᠰᠠᠨ ᠡᠳᠦᠷ ᠬᠦᠷᠲᠡᠯ᠎ᠡ ᠪᠢᠳᠡᠨ ᠲᠡᠢ ᠬᠠᠮᠲᠤ ᠶᠠᠪᠤᠭᠰᠠᠨ ᠬᠥᠮᠦᠰ ᠦᠨ ᠳᠣᠲᠣᠷ᠎ᠠ ᠠᠴᠠ ᠨᠢᠭᠡ ᠶᠢ ᠨᠢ ᠰᠣᠩ᠋ᠭᠣᠵᠤ ᠪᠢᠳᠡᠨ ᠲᠡᠢ ᠬᠠᠮᠲᠤ ᠡᠵᠡᠨ ᠢᠰᠦ᠋ᠰ ᠤᠨ ᠠᠮᠢᠯᠠᠭᠰᠠᠨ ᠤ ᠭᠡᠷᠡᠴᠢᠯᠡᠭᠴᠢ ᠪᠣᠯᠭᠠᠬᠤ ᠬᠡᠷᠡᠭ ᠲᠡᠢ》 ᠭᠡᠵᠦ ᠶᠠᠷᠢᠪᠠ᠃ 23 ᠲᠡᠭᠡᠭᠡᠳ ᠲᠡᠳᠡ ᠪᠠᠷᠰᠠᠪᠠ ᠪᠤᠶᠤ ᠶᠦᠰᠲ ᠭᠡᠭᠳᠡᠳᠡᠭ ᠶᠣᠰᠧᠹ ᠪᠠ ᠮᠠᠲ᠋ᠢᠶ᠎ᠠ ᠬᠣᠶᠠᠷ ᠤᠨ ᠨᠡᠷ᠎ᠡ ᠶᠢ ᠳᠡᠪᠰᠢᠭᠦᠯᠪᠡ᠃ 24 ᠲᠡᠳᠡ᠄ 《ᠬᠥᠮᠦᠨ ᠪᠦᠬᠦᠨ ᠦ ᠰᠡᠳᠬᠢᠯ ᠢ ᠣᠢᠯᠠᠭᠠᠭᠴᠢ ᠡᠵᠡᠨ ᠡ᠂ ᠲᠠ ᠡᠳᠡ ᠬᠣᠶᠠᠭᠤᠯᠠ ᠶᠢᠨ ᠬᠡᠨ ᠢ ᠨᠢ ᠦᠢᠯᠡᠴᠢᠯᠡᠭᠴᠢ ᠪᠠ ᠰᠢᠳᠠᠷ ᠱᠠᠪᠢ ᠶᠢᠨ ᠪᠠᠢᠷᠢ ᠳᠤ ᠰᠣᠩ᠋ᠭᠣᠭᠰᠠᠨ ᠢᠶᠠᠨ ᠢᠯᠡᠷᠬᠡᠶᠢᠯᠡᠭᠡᠴᠢ᠃ 25 ᠡᠨᠡ ᠪᠠᠢᠷᠢ ᠶᠢ ᠶᠦᠳᠠ ᠣᠷᠬᠢᠭᠠᠳ ᠥᠪᠡᠷ ᠲᠤᠨᠢ ᠵᠣᠬᠢᠬᠤ ᠭᠠᠵᠠᠷ ᠲᠠᠭᠠᠨ ᠶᠠᠪᠤᠴᠢᠬᠠᠭᠰᠠᠨ》 ᠭᠡᠵᠦ ᠳᠠᠭᠠᠳᠬᠠᠭᠠᠳ 26 ᠰᠢᠪᠠᠭ᠎ᠠ ᠬᠠᠶᠠᠭᠰᠠᠨ ᠳᠤ᠂ ᠮᠠᠲ᠋ᠢᠶ᠎ᠠ ᠰᠣᠩ᠋ᠭᠣᠭᠳᠠᠵᠤ᠂ ᠨᠥᠭᠥᠭᠡ ᠠᠷᠪᠠᠨ ᠨᠢᠭᠡ ᠲᠠᠢ ᠬᠠᠮᠲᠤ ᠰᠢᠳᠠᠷ ᠱᠠᠪᠢ ᠶᠢᠨ ᠲᠣᠭᠠᠨ ᠳᠤ ᠣᠷᠣᠭᠰᠠᠨ ᠪᠠᠢᠨ᠎ᠠ᠃