ᠦᠢᠯᠡᠰ ᠬᠣᠶᠠᠷ
ᠲᠠᠪᠢᠨ ᠡᠳᠦᠷ ᠦᠨ ᠪᠠᠶᠠᠷ ᠢᠶᠠᠷ ᠠᠷᠢᠭᠤᠨ ᠰᠦᠨᠡᠰᠦ ᠪᠠᠭᠤᠭᠰᠠᠨ ᠨᠢ ᠠᠷᠢᠭᠤᠨ ᠰᠦᠨᠡᠰᠦᠨ ᠦ ᠴᠢᠳᠬᠤᠯᠲᠠ
1 ᠲᠠᠪᠢᠨ ᠡᠳᠦᠷ ᠦᠨ ᠪᠠᠶᠠᠷ ᠪᠣᠯᠣᠭᠰᠠᠨ ᠳᠤ᠂ ᠱᠠᠪᠢ ᠨᠠᠷ ᠪᠦᠭᠦᠳᠡᠭᠡᠷ ᠢᠶᠡᠨ ᠨᠢᠭᠡ ᠭᠠᠵᠠᠷ ᠲᠤ ᠪᠠᠢᠲᠠᠯ᠎ᠠ 2 ᠭᠡᠨᠡᠳᠲᠡ ᠲᠩᠷᠢ ᠡᠴᠡ ᠬᠦᠴᠦᠲᠦ ᠰᠠᠯᠬᠢ ᠬᠥᠳᠡᠯᠬᠦ ᠮᠡᠲᠦ ᠳᠠᠭᠤᠨ ᠭᠠᠷᠴᠤ᠂ ᠲᠡᠳᠡᠨ ᠦ ᠰᠠᠭᠤᠭ᠎ᠠ ᠭᠡᠷ ᠢ ᠳᠦᠭᠦᠷᠭᠡᠪᠡ᠃ 3 ᠲᠡᠭᠡᠲᠡᠯ᠎ᠡ ᠭᠠᠯ ᠤᠨ ᠳᠥᠯᠥ ᠰᠠᠯᠠᠭᠠᠯᠠᠭᠳᠠᠭᠰᠠᠨ ᠮᠡᠲᠦ ᠬᠡᠯᠡ ᠨᠦᠭᠦᠳ ᠦᠵᠡᠭᠳᠡᠵᠦ ᠬᠥᠮᠦᠨ ᠪᠦᠷᠢ ᠶᠢᠨ ᠳᠡᠭᠡᠷ᠎ᠡ ᠲᠤᠰ ᠲᠤᠰ ᠪᠠᠭᠤᠭᠰᠠᠨ ᠳᠤ᠂ 4 ᠲᠡᠳᠡ ᠪᠦᠭᠦᠳᠡᠭᠡᠷ ᠠᠷᠢᠭᠤᠨ ᠰᠦᠨᠡᠰᠦ ᠪᠡᠷ ᠳᠦᠭᠦᠷᠴᠦ᠂ ᠠᠷᠢᠭᠤᠨ ᠰᠦᠨᠡᠰᠦᠨ ᠦ ᠬᠡᠯᠡᠭᠦᠯᠦᠭᠰᠡᠨ ᠥᠭᠡᠷ᠎ᠡ ᠬᠡᠯᠡ ᠨᠦᠭᠦᠳ ᠢᠶᠡᠷ ᠶᠠᠷᠢᠵᠤ ᠡᠬᠢᠯᠡᠪᠡ᠃
5 ᠲᠡᠷᠡ ᠦᠶ᠎ᠡ ᠶᠢᠨ ᠶᠧᠷᠦ᠋ᠰᠠᠯᠧᠮ ᠳᠤ᠂ ᠪᠤᠷᠬᠠᠨ ᠠᠴᠠ ᠡᠮᠢᠶᠡᠳᠡᠭ ᠶᠦᠳᠠᠢᠴᠤᠳ ᠲᠩᠷᠢ ᠶᠢᠨ ᠳᠣᠣᠷᠠᠬᠢ ᠤᠯᠤᠰ ᠪᠦᠬᠦᠨ ᠡᠴᠡ ᠢᠷᠡᠭᠡᠳ ᠰᠠᠭᠤᠵᠤ ᠪᠠᠢᠭᠰᠠᠨ᠃ 6 ᠡᠨᠡ ᠳᠠᠭᠤ ᠭᠠᠷᠬᠤ ᠳᠤ ᠣᠯᠠᠨ ᠬᠥᠮᠦᠨ ᠴᠤᠭᠯᠠᠷᠠᠵᠤ ᠮᠡᠩᠳᠡᠭᠦᠷᠡᠵᠡᠭᠡᠪᠡ᠃ ᠶᠠᠭᠤ ᠭᠡᠪᠡᠯ᠂ ᠲᠡᠳᠡ ᠱᠠᠪᠢ ᠨᠠᠷ ᠤᠨ ᠶᠠᠷᠢᠬᠤ ᠶᠢ ᠲᠤᠰ ᠲᠤᠰ ᠤᠨ ᠢᠶᠠᠨ ᠨᠤᠲᠤᠭ ᠤᠨ ᠬᠡᠯᠡ ᠪᠡᠷ ᠰᠣᠨᠣᠰᠣᠭᠰᠠᠨ ᠪᠠᠢᠯ᠎ᠠ᠃ 7 ᠲᠡᠳᠡ ᠮᠡᠯᠡᠷᠡᠨ ᠭᠠᠢᠬᠠᠵᠤ᠄ 《ᠦᠵᠡᠭᠡᠴᠢ︕ ᠦᠭᠡ ᠶᠠᠷᠢᠵᠤ ᠪᠠᠢᠭ᠎ᠠ ᠡᠳᠡᠭᠡᠷ ᠬᠥᠮᠦᠰ ᠴᠢᠨᠢ ᠪᠦᠷ ᠭᠠᠯᠢᠯᠠᠶ᠎ᠠ ᠶᠢᠨ ᠬᠢ ᠪᠢᠰᠢ ᠤᠤ︖ 8 ᠪᠢᠳᠡ ᠶᠠᠭᠠᠬᠢᠬᠤ ᠳᠠᠭᠠᠨ ᠥᠪᠡᠷ ᠥᠪᠡᠷ ᠦᠨ ᠨᠤᠲᠤᠭ ᠤᠨ ᠢᠶᠠᠨ ᠬᠡᠯᠡ ᠪᠡᠷ ᠰᠣᠨᠣᠰᠴᠤ ᠪᠠᠢᠭ᠎ᠠ ᠶᠤᠮ ᠪᠤᠢ︖ 9 ᠪᠢᠳᠡᠨ ᠦ ᠳᠤᠮᠳᠠ ᠫᠠᠷᠲ᠋ᠢ ᠬᠥᠮᠦᠨ᠂ ᠮᠧᠳᠧ ᠬᠥᠮᠦᠨ᠂ ᠧᠯᠮᠢ ᠬᠥᠮᠦᠨ ᠴᠤ ᠪᠤᠢ᠂ ᠮᠧᠰᠣᠫᠣᠲ᠋ᠠᠮᠢᠶᠠ᠂ ᠶᠦᠳᠠᠢ᠂ ᠺᠠᠫᠠᠳᠣᠺᠢᠶᠠ᠂ ᠫᠣᠨᠲ᠂ ᠠᠽᠢᠶ᠎ᠠ᠂ 10 ᠹᠷᠦ᠋ᠭᠢᠶᠠ᠂ ᠫᠠᠮᠹᠦ᠋ᠯᠢᠶᠠ᠂ ᠶᠧᠵᠢᠫᠲ᠂ ᠺᠦᠷᠧᠨᠠᠢ ᠶᠢᠨ ᠣᠢᠷᠠᠯᠴᠠᠭᠠᠬᠢ ᠯᠢᠪᠢᠶᠠ ᠶᠢᠨ ᠣᠯᠠᠨ ᠨᠤᠲᠤᠭ ᠲᠤ ᠰᠠᠭᠤᠭ᠎ᠠ ᠬᠥᠮᠦᠰ ᠴᠤ ᠪᠤᠢ᠂ ᠷᠣᠮᠠ ᠠᠴᠠ ᠢᠷᠡᠭᠰᠡᠨ ᠠᠶᠠᠨᠴᠢᠳ ᠤᠨ ᠳᠣᠲᠣᠷᠠᠬᠢ ᠶᠦᠳᠠᠢᠴᠤᠳ᠂ ᠶᠦᠳᠠᠢ ᠱᠠᠰᠢᠨ ᠳᠤ ᠣᠷᠣᠭᠰᠠᠨ ᠬᠥᠮᠦᠰ ᠴᠤ ᠪᠤᠢ᠂ 11 ᠺᠷᠧᠲ᠋ᠠ ᠬᠥᠮᠦᠨ᠂ ᠠᠷᠠᠪ ᠬᠥᠮᠦᠨ ᠴᠤ ᠪᠤᠢ᠃ ᠪᠢᠳᠡ ᠥᠭᠡᠷ᠎ᠡ ᠬᠡᠯᠡ ᠨᠦᠭᠦᠳ ᠢᠶᠡᠷ ᠪᠤᠷᠬᠠᠨ ᠤ ᠠᠤᠭ᠎ᠠ ᠬᠦᠴᠦᠲᠦ ᠦᠢᠯᠡᠰ ᠢ ᠶᠠᠷᠢᠬᠤ ᠶᠢ ᠨᠢ ᠰᠣᠨᠣᠰᠴᠤ ᠪᠠᠢᠭ᠎ᠠ︕》 ᠭᠡᠵᠡᠭᠡᠪᠡ᠃ 12 ᠪᠦᠭᠦᠳᠡ ᠰᠣᠴᠢᠰᠬᠢᠨ ᠮᠡᠯᠡᠷᠡᠵᠦ᠄ 《ᠶᠠᠭᠤ ᠪᠣᠯᠵᠤ ᠪᠠᠢᠭ᠎ᠠ ᠨᠢ ᠡᠨᠡ ᠪᠤᠢ︖》 ᠭᠡᠯᠴᠡᠬᠦ ᠳᠦ᠂ 13 ᠪᠠᠰᠠ ᠵᠠᠷᠢᠮ ᠨᠢ ᠳᠣᠭᠣᠭᠢᠯᠠᠨ᠄ 《ᠲᠡᠳᠡ ᠨᠠᠷ ᠰᠢᠨ᠎ᠡ ᠳᠠᠷᠠᠰᠤᠨ ᠳᠤ ᠰᠣᠭᠲᠣᠭᠰᠠᠨ ᠪᠠᠢᠬ᠎ᠠ》 ᠭᠡᠪᠡ᠃
ᠲᠠᠪᠢᠨ ᠡᠳᠦᠷ ᠦᠨ ᠪᠠᠶᠠᠷ ᠢ ᠲᠠᠢᠯᠪᠤᠷᠢᠯᠠᠭᠰᠠᠨ ᠨᠢ
14 ᠫᠧᠲ᠋ᠧᠷ ᠠᠷᠪᠠᠨ ᠨᠢᠭᠡᠨ ᠰᠢᠳᠠᠷ ᠱᠠᠪᠢ ᠲᠠᠢ ᠬᠠᠮᠲᠤ ᠵᠣᠭᠰᠣᠵᠤ᠂ ᠥᠨᠳᠥᠷ ᠳᠠᠭᠤᠨ ᠢᠶᠠᠷ᠄ 《ᠶᠦᠳᠠᠢᠴᠤᠳ ᠡ᠂ ᠶᠧᠷᠦ᠋ᠰᠠᠯᠧᠮ ᠳᠤ ᠰᠠᠭᠤᠭ᠎ᠠ ᠪᠦᠬᠦ ᠬᠥᠮᠦᠨ ᠡ︕ ᠡᠭᠦᠨ ᠢ ᠲᠠ ᠨᠠᠷ ᠲᠤ ᠮᠡᠳᠡᠭᠦᠯᠦᠶ᠎ᠡ᠂ ᠮᠢᠨᠦ ᠦᠭᠡ ᠶᠢ ᠴᠢᠬᠢ ᠲᠠᠯᠪᠢᠨ ᠰᠣᠨᠣᠰᠣᠭᠠᠷᠠᠢ᠃ 15 ᠲᠠ ᠨᠠᠷ ᠤᠨ ᠪᠣᠳᠣᠭᠰᠠᠨ ᠰᠢᠭ᠋ ᠢᠶᠠᠷ ᠡᠳᠡᠭᠡᠷ ᠬᠥᠮᠦᠰ ᠰᠣᠭᠲᠣᠭᠰᠠᠨ ᠪᠢᠰᠢ᠂ ᠤᠴᠢᠷ ᠨᠢ᠂ ᠣᠳᠣ ᠦᠳᠡ ᠶᠢᠨ ᠡᠮᠦᠨᠡᠬᠢ ᠶᠢᠰᠦᠨ ᠴᠠᠭ ᠪᠣᠯᠵᠤ ᠪᠠᠢᠨ᠎ᠠ᠃ 16 ᠬᠠᠷᠢᠨ ᠡᠭᠦᠨ ᠦ ᠲᠤᠬᠠᠢ ᠡᠰᠢ ᠦᠵᠡᠭᠦᠯᠦᠭᠴᠢ ᠶᠣᠶᠧᠯ ᠤᠷᠢᠳᠴᠢᠯᠠᠨ ᠶᠠᠷᠢᠭᠰᠠᠨ ᠪᠠᠢᠳᠠᠭ᠄
17 〈ᠪᠤᠷᠬᠠᠨ ᠠᠢᠯᠠᠳᠴᠤ ᠪᠠᠢᠨ᠎ᠠ᠄ 〔ᠡᠴᠦᠰ ᠦᠨ ᠡᠳᠦᠷ ᠤᠳ ᠲᠤ ᠪᠢ ᠮᠢᠬᠠᠨ ᠪᠡᠶᠡᠲᠦ ᠪᠦᠬᠦᠨ ᠦ ᠳᠡᠭᠡᠷ᠎ᠡ ᠰᠦᠨᠡᠰᠦ ᠪᠡᠨ ᠴᠢᠳᠬᠤᠨ᠎ᠠ ᠬᠥᠪᠡᠭᠦᠳ ᠥᠬᠢᠳ ᠴᠢᠨᠢ ᠡᠰᠢ ᠦᠵᠡᠭᠦᠯᠵᠦ ᠵᠠᠯᠠᠭᠤᠰ ᠴᠢᠨᠢ ᠦᠵᠡᠭᠳᠡᠯ ᠦᠵᠡᠵᠦ ᠥᠲᠡᠭᠦᠰ ᠴᠢᠨᠢ ᠵᠡᠭᠦᠳᠦ ᠵᠡᠭᠦᠳᠦᠯᠡᠨ᠎ᠡ᠃
18 ᠲᠡᠷᠡ ᠡᠳᠦᠷ ᠤᠳ ᠲᠤ ᠪᠢ ᠡᠷᠡᠭᠲᠡᠢ ᠡᠮᠡᠭᠲᠡᠢ ᠵᠠᠷᠤᠴᠠ ᠨᠠᠷ ᠳᠡᠭᠡᠷ᠎ᠡ ᠪᠡᠨ ᠥᠪᠡᠷ ᠦᠨ ᠰᠦᠨᠡᠰᠦ ᠶᠢ ᠴᠢᠳᠬᠤᠬᠤ ᠲᠤᠯᠠ ᠲᠡᠳᠡ ᠡᠰᠢ ᠦᠵᠡᠭᠦᠯᠬᠦ ᠪᠣᠯᠣᠨ᠎ᠠ᠃
19 ᠪᠢ ᠪᠠᠰᠠ ᠳᠡᠭᠡᠷ᠎ᠡ ᠲᠩᠷᠢ ᠳᠤ ᠭᠠᠢᠬᠠᠮᠰᠢᠭ ᠤᠳ ᠢ ᠳᠣᠣᠷ᠎ᠠ ᠭᠠᠵᠠᠷ ᠲᠤ ᠲᠡᠮᠳᠡᠭ ᠤᠳ ᠢ ᠥᠭᠴᠦ ᠴᠢᠰᠤ᠂ ᠭᠠᠯ᠂ ᠤᠲᠤᠭᠠᠨ ᠪᠠᠭᠠᠨ᠎ᠠ ᠨᠤᠭᠤᠳ ᠢ ᠦᠵᠡᠭᠦᠯᠦᠨ᠎ᠡ᠃
20 ᠨᠠᠷᠠ ᠬᠠᠷᠠᠩ᠋ᠭᠤᠢ ᠪᠣᠯᠵᠤ᠂ ᠰᠠᠷ᠎ᠠ ᠬᠤᠪᠢᠷᠠᠨ ᠴᠢᠰᠤ ᠪᠣᠯᠣᠭᠰᠠᠨ ᠤ ᠳᠠᠷᠠᠭ᠎ᠠ ᠡᠵᠡᠨ ᠦ ᠠᠭᠤᠤ᠂ ᠰᠦᠷ ᠲᠡᠢ ᠡᠳᠦᠷ ᠢᠷᠡᠨ᠎ᠡ᠂
21 ᠡᠵᠡᠨ ᠦ ᠨᠡᠷ᠎ᠡ ᠶᠢ ᠳᠠᠭᠤᠳᠠᠭᠴᠢ ᠪᠣᠯᠭᠠᠨ ᠠᠪᠤᠷᠠᠭᠳᠠᠨ᠎ᠠ᠃〕〉
22 ᠢᠰᠷᠧᠯᠴᠦᠳ ᠡ᠂ ᠡᠨᠡ ᠦᠭᠡ ᠶᠢ ᠰᠣᠨᠣᠰᠣᠭᠲᠤᠨ︕ ᠪᠤᠷᠬᠠᠨ ᠨᠠᠽᠠᠷᠧᠲ ᠤᠨ ᠢᠰᠦ᠋ᠰ ᠢᠶᠠᠷ ᠳᠠᠮᠵᠢᠭᠤᠯᠤᠨ ᠲᠠ ᠨᠠᠷ ᠤᠨ ᠳᠤᠮᠳᠠ ᠶᠡᠬᠡ ᠬᠦᠴᠦ᠂ ᠰᠣᠳᠣᠨ ᠵᠦᠢᠯ᠂ ᠰᠢᠳᠢ ᠲᠡᠮᠳᠡᠭ ᠦᠢᠯᠡᠳᠴᠦ᠂ ᠲᠡᠭᠦᠨ ᠢ ᠭᠡᠷᠡᠴᠢᠯᠡᠭᠰᠡᠨ ᠢ ᠲᠠ ᠨᠠᠷ ᠮᠡᠳᠡᠨ᠎ᠡ᠃ 23 ᠪᠤᠷᠬᠠᠨ ᠤ ᠤᠷᠢᠳᠴᠢᠯᠠᠨ ᠮᠡᠳᠡᠵᠦ ᠲᠣᠭᠲᠠᠭᠠᠭᠰᠠᠨ ᠲᠥᠯᠥᠪᠯᠡᠭᠡᠨ ᠦ ᠶᠣᠰᠣᠭᠠᠷ ᠲᠤᠰᠢᠶᠠᠭᠳᠠᠭᠰᠠᠨ ᠲᠡᠭᠦᠨ ᠢ ᠲᠠ ᠨᠠᠷ ᠬᠠᠤᠯᠢ ᠦᠭᠡᠢ ᠬᠥᠮᠦᠰ 4 ᠤᠨ ᠭᠠᠷ ᠢᠶᠠᠷ ᠴᠣᠪᠳᠣᠯᠠᠵᠤ ᠠᠯᠠᠵᠠᠢ᠃ 24 ᠬᠠᠷᠢᠨ ᠪᠤᠷᠬᠠᠨ ᠲᠡᠭᠦᠨ ᠢ ᠦᠬᠦᠯ ᠦᠨ ᠵᠣᠪᠠᠯᠠᠩ ᠠᠴᠠ ᠭᠠᠷᠭᠠᠵᠤ ᠠᠮᠢᠯᠠᠭᠤᠯᠤᠭᠰᠠᠨ ᠶᠤᠮ᠂ ᠦᠬᠦᠯ ᠦᠨ ᠬᠦᠴᠦ ᠲᠡᠭᠦᠨ ᠢ ᠡᠵᠡᠮᠳᠡᠵᠦ ᠴᠢᠳᠠᠭᠰᠠᠨ ᠦᠭᠡᠢ᠃ 25 ᠳ᠋ᠠᠸᠢᠳ᠋ ᠲᠡᠭᠦᠨ ᠦ ᠲᠤᠬᠠᠢ᠄ 〈ᠡᠵᠡᠨ ᠦᠷᠭᠦᠯᠵᠢ ᠮᠢᠨᠦ ᠡᠮᠦᠨ᠎ᠡ ᠪᠠᠢᠭ᠎ᠠ ᠶᠢ ᠪᠢ ᠬᠠᠷᠠᠭᠰᠠᠨ ᠲᠡᠷᠡ ᠮᠢᠨᠦ ᠪᠠᠷᠠᠭᠤᠨ ᠲᠠᠯ᠎ᠠ ᠳᠤ ᠪᠠᠢᠳᠠᠭ ᠤᠴᠢᠷ ᠠᠴᠠ ᠪᠢ ᠭᠠᠩ᠋ᠬᠤᠬᠤ ᠦᠭᠡᠢ᠃
26 ᠡᠢᠮᠦ ᠡᠴᠡ ᠵᠢᠷᠦᠬᠡ ᠮᠢᠨᠢ ᠪᠠᠶᠠᠷᠯᠠᠨ᠂ ᠬᠡᠯᠡ ᠮᠢᠨᠢ ᠪᠠᠶᠠᠰᠴᠤ ᠪᠡᠶ᠎ᠡ ᠮᠢᠨᠢ ᠴᠤ ᠨᠠᠢᠳᠠᠪᠤᠷᠢ ᠳᠣᠲᠣᠷ᠎ᠠ ᠠᠮᠠᠷᠠᠨ᠎ᠠ᠃
27 ᠤᠴᠢᠷ ᠨᠢ ᠲᠠ ᠠᠮᠢ ᠶᠢ ᠮᠢᠨᠢ ᠦᠬᠦᠭᠰᠡᠳ ᠦᠨ ᠣᠷᠣᠨ ᠳᠤ ᠣᠷᠬᠢᠬᠤ ᠦᠭᠡᠢ ᠠᠷᠢᠭᠤᠨ ᠨᠢᠭᠡᠨ ᠳᠡᠭᠡᠨ ᠢᠯᠵᠢᠷᠡᠯ ᠢ ᠦᠵᠡᠭᠦᠯᠬᠦ ᠦᠭᠡᠢ᠃
28 ᠲᠠ ᠠᠮᠢ ᠶᠢᠨ ᠵᠠᠮ ᠢ ᠨᠠᠳᠠ ᠳᠤ ᠮᠡᠳᠡᠭᠦᠯᠦᠭᠰᠡᠨ ᠲᠠ ᠣᠷᠣᠰᠢᠬᠤᠢ ᠶᠢᠨ ᠢᠶᠠᠨ ᠪᠠᠶᠠᠷ ᠢᠶᠠᠷ ᠨᠠᠮᠠᠶᠢ ᠳᠦᠭᠦᠷᠭᠡᠨ᠎ᠡ〉 ᠭᠡᠰᠡᠨ
ᠪᠢᠯᠡ᠃
29 ᠠᠬ᠎ᠠ ᠳᠡᠭᠦᠦ ᠨᠠᠷ ᠡ᠂ ᠡᠪᠦᠭᠡ ᠳᠡᠭᠡᠳᠦ ᠳ᠋ᠠᠸᠢᠳ᠋ ᠤᠨ ᠲᠤᠬᠠᠢ ᠪᠢ ᠪᠠᠲᠤᠲᠠᠢ ᠬᠡᠯᠡᠵᠦ ᠴᠢᠳᠠᠨ᠎ᠠ᠃ ᠲᠡᠷᠡ ᠨᠥᠭᠴᠢᠵᠦ ᠪᠤᠯᠠᠰᠢᠯᠠᠭᠳᠠᠭᠰᠠᠨ ᠪᠥᠭᠡᠳ ᠪᠤᠯᠠᠰᠢ ᠨᠢ ᠥᠨᠥ ᠪᠣᠯᠲᠠᠯ᠎ᠠ ᠮᠠᠨ ᠤ ᠡ᠊ᠨᠳᠡ ᠪᠠᠢᠭᠰᠠᠭᠠᠷ᠃ 30 ᠬᠠᠷᠢᠨ ᠲᠡᠷᠡ ᠡᠰᠢ ᠦᠵᠡᠭᠦᠯᠦᠭᠴᠢ ᠪᠣᠯᠬᠣᠷ ᠪᠤᠷᠬᠠᠨ ᠥᠪᠡᠷ ᠲᠤᠨᠢ ᠠᠮᠠᠯᠠᠭᠰᠠᠨ ᠶᠣᠰᠣᠭᠠᠷ ᠢᠶᠠᠨ ᠪᠡᠶ᠎ᠡ ᠡᠴᠡ ᠨᠢ ᠭᠠᠷᠬᠤ ᠦᠷ᠎ᠡ ᠬᠣᠢᠴᠢ ᠶᠢ ᠨᠢ ᠥᠪᠡᠷ ᠦᠨ ᠬᠢᠨᠢ ᠰᠡᠨᠲᠢ ᠳᠤ ᠰᠠᠭᠤᠯᠭᠠᠬᠤ ᠶᠢ ᠮᠡᠳᠡᠵᠦ ᠪᠠᠢᠭᠰᠠᠨ ᠪᠥᠭᠡᠳ 31 ᠾᠷᠢᠰᠲ᠋ᠣᠰ ᠤᠨ ᠠᠮᠢᠯᠠᠯᠲᠠ ᠶᠢ ᠤᠭᠲᠤᠨ ᠬᠠᠷᠠᠵᠤ᠂ ᠡᠭᠦᠨ ᠦ ᠲᠤᠬᠠᠢ᠄ 〈ᠲᠡᠷᠡ ᠦᠬᠦᠭᠰᠡᠳ ᠦᠨ ᠣᠷᠣᠨ ᠳᠤ ᠣᠷᠬᠢᠭᠳᠠᠭᠰᠠᠨ ᠦᠭᠡᠢ᠂ ᠮᠢᠬᠠᠨ ᠪᠡᠶ᠎ᠡ ᠨᠢ ᠢᠯᠵᠢᠷᠡᠭᠰᠡᠨ ᠦᠭᠡᠢ〉 ᠭᠡᠰᠡᠨ ᠶᠤᠮ᠃ 32 ᠡᠨᠡ ᠢᠰᠦ᠋ᠰ ᠢ ᠪᠤᠷᠬᠠᠨ ᠠᠮᠢᠯᠠᠭᠤᠯᠤᠭᠰᠠᠨ ᠪᠥᠭᠡᠳ ᠪᠢᠳᠡ ᠪᠦᠬᠦᠨ ᠲᠡᠷᠡ ᠶᠠᠪᠤᠳᠠᠯ ᠤᠨ ᠭᠡᠷᠡᠴᠢ ᠮᠥᠨ᠃ 33 ᠲᠡᠷᠡ ᠪᠤᠷᠬᠠᠨ ᠤ ᠪᠠᠷᠠᠭᠤᠨ ᠭᠠᠷ ᠲᠤ ᠡᠷᠭᠦᠭᠳᠡᠵᠦ᠂ ᠠᠷᠢᠭᠤᠨ ᠰᠦᠨᠡᠰᠦᠨ ᠦ ᠲᠤᠬᠠᠢ ᠠᠮᠠᠯᠠᠯᠲᠠ ᠶᠢ ᠡᠴᠢᠭᠡ ᠡᠴᠡ ᠪᠡᠨ ᠠᠪᠤᠭᠠᠳ ᠲᠠ ᠨᠠᠷ ᠤᠨ ᠦᠵᠡᠵᠦ ᠰᠣᠨᠣᠰᠴᠤ ᠪᠠᠢᠭ᠎ᠠ ᠰᠢᠭ᠋ ᠢᠶᠠᠷ ᠠᠷᠢᠭᠤᠨ ᠰᠦᠨᠡᠰᠦ ᠶᠢ ᠪᠠᠭᠤᠯᠭᠠᠭᠰᠠᠨ ᠶᠤᠮ᠃ 34 ᠳ᠋ᠠᠸᠢᠳ᠋ ᠥᠪᠡᠷ ᠢᠶᠡᠨ ᠲᠩᠷᠢ ᠥᠭᠡᠳᠡ ᠭᠠᠷᠤᠭ᠎ᠠ ᠦᠭᠡᠢ ᠪᠣᠯᠪᠠᠴᠤ ᠶᠠᠷᠢᠬᠤ ᠳᠠᠭᠠᠨ᠄ 〈ᠡᠵᠡᠨ ᠮᠢᠨᠦ ᠡᠵᠡᠨ ᠳᠦ 35 〔ᠪᠢ ᠴᠢᠨᠦ ᠳᠠᠢᠰᠤᠨ ᠨᠤᠭᠤᠳ ᠢ ᠬᠥᠯ ᠦᠨ ᠴᠢᠨᠢ ᠭᠢᠰᠬᠢᠭᠦᠷ ᠪᠣᠯᠭᠠᠬᠤ ᠬᠦᠷᠲᠡᠯ᠎ᠡ ᠴᠢ ᠮᠢᠨᠦ ᠪᠠᠷᠠᠭᠤᠨ ᠲᠠᠯ᠎ᠠ ᠳᠤ ᠰᠠᠭᠤᠵᠤ ᠪᠠᠢ〕 ᠭᠡᠵᠦ ᠬᠡᠯᠡᠭᠰᠡᠨ〉 ᠭᠡᠪᠡ᠃ 36 ᠣᠳᠣ ᠪᠦᠬᠦ ᠢᠰᠷᠧᠯ ᠤᠨ ᠬᠢᠨ ᠪᠠᠲᠤᠲᠠᠢ ᠮᠡᠳᠡᠭᠲᠦᠨ᠃ ᠪᠤᠷᠬᠠᠨ ᠲᠠ ᠨᠠᠷ ᠤᠨ ᠵᠠᠭᠠᠯᠮᠠᠢ ᠳᠤ ᠴᠣᠪᠳᠣᠯᠠᠭᠰᠠᠨ ᠲᠡᠷᠡ ᠢᠰᠦ᠋ᠰ ᠢ ᠡᠵᠡᠨ ᠪᠠ ᠾᠷᠢᠰᠲ᠋ᠣᠰ ᠪᠣᠯᠭᠠᠭᠰᠠᠨ ᠶᠤᠮ》 ᠭᠡᠰᠡᠨ ᠪᠠᠢᠨ᠎ᠠ᠃
ᠠᠩ᠋ᠬᠠᠨ ᠤ ᠴᠢᠭᠤᠯᠭᠠᠨ
37 ᠲᠡᠳᠡ ᠡᠭᠦᠨ ᠢ ᠰᠣᠨᠣᠰᠣᠭᠠᠳ ᠰᠡᠳᠬᠢᠯ ᠡᠮᠵᠡᠭᠯᠡᠵᠦ᠂ ᠫᠧᠲ᠋ᠧᠷ ᠪᠠ ᠪᠤᠰᠤᠳ ᠰᠢᠳᠠᠷ ᠱᠠᠪᠢ ᠨᠠᠷ ᠠᠴᠠ᠄ 《ᠠᠬ᠎ᠠ ᠳᠡᠭᠦᠦ ᠨᠠᠷ ᠡ᠂ ᠪᠢᠳᠡ ᠶᠠᠭᠠᠬᠢᠬᠤ ᠶᠣᠰᠣᠲᠠᠢ ᠪᠤᠢ︖》 ᠭᠡᠵᠦ ᠠᠰᠠᠭᠤᠭᠰᠠᠨ ᠳᠤ᠂ 38 ᠫᠧᠲ᠋ᠧᠷ᠄ 《ᠭᠡᠮᠰᠢᠵᠡᠭᠡ᠂ ᠬᠥᠮᠦᠨ ᠪᠦᠬᠦᠨ ᠢᠰᠦ᠋ᠰ ᠾᠷᠢᠰᠲ᠋ᠣᠰ ᠤᠨ ᠨᠡᠷ᠎ᠡ ᠪᠡᠷ ᠤᠬᠢᠶᠠᠯ ᠬᠦᠷᠲᠡᠭᠡᠳ ᠭᠡᠮ ᠨᠢᠭᠦᠯ ᠢᠶᠡᠨ ᠠᠭᠤᠴᠢᠯᠠᠭᠤᠯᠤᠭᠠᠷᠠᠢ᠂ ᠲᠡᠭᠡᠪᠡᠯ ᠲᠠ ᠨᠠᠷ ᠠᠷᠢᠭᠤᠨ ᠰᠦᠨᠡᠰᠦᠨ ᠦ ᠪᠡᠯᠡᠭ ᠢ ᠬᠦᠷᠲᠡᠬᠦ ᠪᠣᠯᠣᠨ᠎ᠠ᠃ 39 ᠡᠨᠡ ᠠᠮᠠᠯᠠᠯᠲᠠ ᠪᠣᠯ ᠲᠠ ᠨᠠᠷ ᠤᠨ᠂ ᠲᠠ ᠨᠠᠷ ᠤᠨ ᠬᠡᠦᠬᠡᠳ ᠤᠳ ᠪᠠ ᠬᠣᠯᠠ ᠶᠢᠨ ᠪᠦᠬᠦ ᠬᠥᠮᠦᠨ᠂ ᠲᠤᠬᠠᠢᠯᠠᠪᠠᠯ ᠡᠵᠡᠨ ᠪᠤᠷᠬᠠᠨ ᠤ ᠳᠠᠭᠤᠳᠠᠭᠰᠠᠨ ᠬᠥᠮᠦᠨ ᠪᠦᠬᠦᠨ ᠦ ᠬᠢ ᠶᠤᠮ》 ᠭᠡᠵᠡᠢ᠃ 40 ᠡᠭᠦᠨ ᠡᠴᠡ ᠭᠠᠳᠠᠨ᠎ᠠ᠂ ᠫᠧᠲ᠋ᠧᠷ ᠪᠠᠰᠠ ᠣᠯᠠᠨ ᠦᠭᠡ ᠪᠡᠷ ᠭᠡᠷᠡᠴᠢᠯᠡᠨ ᠢᠳᠬᠠᠵᠤ᠄ 《ᠲᠠ ᠨᠠᠷ ᠡᠨᠡ ᠬᠦ ᠢᠯᠵᠢᠷᠡᠮᠡᠯ ᠦᠶ᠎ᠡ ᠶᠢᠨ ᠬᠢᠨ ᠡᠴᠡ ᠠᠪᠤᠷᠠᠭᠳᠠᠲᠤᠭᠠᠢ》 ᠭᠡᠯᠡ᠃ 41 ᠡᠢᠨ ᠬᠦ ᠲᠡᠭᠦᠨ ᠦ ᠦᠭᠡ ᠶᠢ ᠬᠦᠯᠢᠶᠡᠨ ᠠᠪᠤᠭᠰᠠᠨ ᠬᠥᠮᠦᠰ ᠤᠬᠢᠶᠠᠯ ᠬᠦᠷᠲᠡᠵᠡᠢ᠃ ᠲᠡᠷᠡ ᠡᠳᠦᠷ ᠭᠤᠷᠪᠠᠨ ᠮᠢᠩ᠋ᠭ᠎ᠠ ᠭᠠᠷᠤᠢ ᠬᠥᠮᠦᠨ ᠨᠡᠮᠡᠭᠳᠡᠭᠰᠡᠨ ᠪᠠᠢᠯ᠎ᠠ᠃ 42 ᠲᠡᠳᠡ ᠰᠢᠳᠠᠷ ᠱᠠᠪᠢ ᠨᠠᠷ ᠤᠨ ᠰᠤᠷᠭᠠᠯ᠂ ᠨᠥᠬᠥᠷᠯᠡᠯ᠂ ᠪᠣᠣᠪᠣ ᠬᠤᠪᠢᠶᠠᠯᠴᠠᠬᠤ ᠶᠣᠰᠣ᠂ ᠳᠠᠭᠠᠳᠬᠠᠯ ᠢ ᠪᠠᠷᠢᠮᠲᠠᠯᠠᠭᠰᠠᠭᠠᠷ ᠪᠠᠢᠪᠠ᠃
43 ᠰᠢᠳᠠᠷ ᠱᠠᠪᠢ ᠨᠠᠷ ᠢᠶᠠᠷ ᠳᠠᠮᠵᠢᠨ ᠣᠯᠠᠨ ᠰᠣᠳᠣᠨ ᠵᠦᠢᠯ ᠪᠠ ᠰᠢᠳᠢ ᠲᠡᠮᠳᠡᠭ ᠦᠢᠯᠡᠳᠦᠭᠳᠡᠵᠦ ᠪᠠᠢᠭᠰᠠᠨ ᠲᠤᠯᠠ ᠬᠥᠮᠦᠨ ᠪᠦᠬᠦᠨ ᠠᠢᠳᠠᠰ ᠬᠦᠷᠪᠡ᠃ 44 ᠢᠲᠡᠭᠡᠭᠴᠢᠳ ᠪᠦᠭᠦᠳᠡᠭᠡᠷ ᠬᠠᠮᠲᠤ ᠪᠠᠢᠯᠴᠠᠵᠤ᠂ ᠪᠦᠬᠦ ᠶᠠᠭᠤᠮ᠎ᠠ ᠪᠠᠨ ᠬᠠᠮᠲᠤ ᠪᠠᠷ ᠡᠵᠡᠮᠰᠢᠵᠦ᠂ 45 ᠡᠳ᠋ ᠬᠥᠷᠥᠩᠭᠡ᠂ ᠪᠠᠢᠭ᠎ᠠ ᠪᠦᠬᠦᠨ ᠢᠶᠡᠨ ᠬᠤᠳᠠᠯᠳᠤᠭᠠᠳ ᠬᠥᠮᠦᠨ ᠪᠦᠷᠢ ᠶᠢᠨ ᠬᠡᠷᠡᠭᠴᠡᠭᠡᠨ ᠦ ᠬᠢᠨᠢ ᠬᠢᠷᠢ ᠪᠠᠷ ᠬᠤᠪᠢᠶᠠᠵᠤ ᠥᠭᠪᠡ᠃ 46 ᠲᠡᠳᠡ ᠰᠡᠳᠬᠢᠯ ᠨᠢᠭᠡᠳᠦᠨ ᠠᠷᠢᠭᠤᠨ ᠣᠷᠳᠣᠨ ᠳᠤ ᠡᠳᠦᠷ ᠪᠦᠷᠢ ᠪᠠᠢᠩ᠋ᠭᠤ ᠴᠤᠭᠯᠠᠷᠠᠵᠤ᠂ ᠭᠡᠷ ᠭᠡᠷ ᠲᠡᠭᠡᠨ ᠪᠣᠣᠪᠣ ᠬᠤᠪᠢᠶᠠᠯᠴᠠᠨ ᠪᠠᠶᠠᠷ ᠲᠠᠢ᠂ ᠭᠬᠢᠷ ᠦᠭᠡᠢ ᠰᠡᠳᠬᠢᠯ ᠢᠶᠠᠷ ᠬᠣᠭᠣᠯᠠ ᠪᠠᠨ ᠢᠳᠡᠵᠡᠭᠡᠨ᠂ 47 ᠪᠤᠷᠬᠠᠨ ᠢ ᠮᠠᠭᠲᠠᠵᠤ ᠪᠦᠬᠦ ᠠᠷᠠᠳ ᠲᠦᠮᠡᠨ ᠦ ᠰᠠᠢᠰᠢᠶᠠᠯ ᠢ ᠬᠦᠷᠲᠡᠵᠡᠢ᠃ ᠡᠵᠡᠨ ᠠᠪᠤᠷᠠᠭᠳᠠᠭᠰᠠᠳ ᠤᠨ ᠲᠣᠭ᠎ᠠ ᠶᠢ ᠡᠳᠦᠷ ᠪᠦᠷᠢ ᠨᠡᠮᠡᠭᠳᠡᠭᠦᠯᠦᠭᠰᠡᠭᠡᠷ ᠪᠠᠢᠪᠠ᠃