1 2 3 4 5 6 7 8 9 10 11 12 13 14 15 16 17 18 19 20 21 22 23 24 25 26 27 28


ᠦᠢᠯᠡᠰ ᠠᠷᠪᠠᠨ ᠨᠠᠢ᠌ᠮᠠ
 ᠺᠣᠷᠢᠨᠲ ᠲᠤ

1 ᠡᠭᠦᠨ ᠦ ᠳᠠᠷᠠᠭ᠎ᠠ᠂ ᠫᠠᠦ᠋ᠯ ᠠᠲ᠋ᠧᠨ ᠡᠴᠡ ᠭᠠᠷᠴᠤ ᠺᠣᠷᠢᠨᠲ ᠲᠤ ᠬᠦᠷᠦᠭᠡᠳ 2 ᠫᠣᠨᠲ ᠲᠤ ᠲᠥᠷᠥᠭᠰᠡᠨ ᠠᠺᠦ᠋ᠯᠠ ᠭᠡᠳᠡᠭ ᠶᠦᠳᠠᠢ ᠬᠥᠮᠦᠨ ᠲᠡᠢ ᠠᠭᠤᠯᠵᠠᠪᠠ᠃ ᠪᠦᠬᠦ ᠶᠦᠳᠠᠢᠴᠤᠳ ᠢ ᠷᠣᠮᠠ ᠠᠴᠠ ᠭᠠᠷ ᠭᠡᠵᠦ ᠺᠯᠠᠦ᠋ᠳᠢ ᠬᠠᠭᠠᠨ ᠵᠠᠬᠢᠭᠰᠠᠨ ᠲᠤᠯᠠ ᠠᠺᠦ᠋ᠯᠠ ᠡᠬᠡᠨᠡᠷ ᠫᠷᠢᠰᠺᠢᠯᠠ ᠶᠢᠨ ᠢᠶᠠᠨ ᠬᠠᠮᠲᠤ ᠢᠲ᠋ᠠᠯᠢ ᠡᠴᠡ ᠰᠠᠶ᠋ᠢᠬᠠᠨ ᠢᠷᠡᠭᠰᠡᠨ ᠠᠵᠢ᠃ ᠫᠠᠦ᠋ᠯ ᠲᠡᠳᠡᠨ ᠦ ᠳᠦ ᠣᠴᠢᠵᠠᠢ᠃ 3 ᠫᠠᠦ᠋ᠯ ᠲᠡᠳᠡᠨ ᠲᠡᠢ ᠠᠳᠠᠯᠢᠬᠠᠨ ᠢᠶᠠᠷ ᠮᠠᠢᠬᠠᠨ ᠬᠢᠳᠡᠭ ᠮᠡᠷᠭᠡᠵᠢᠯ ᠲᠠᠢ ᠲᠤᠯᠠ ᠬᠠᠮᠲᠤ ᠰᠠᠭᠤᠵᠤ ᠠᠵᠢᠯᠯᠠᠪᠠ᠃ 4 ᠠᠮᠠᠷᠠᠯ ᠤᠨ ᠡᠳᠦᠷ ᠪᠣᠯᠭᠠᠨ ᠫᠠᠦ᠋ᠯ ᠬᠤᠷᠠᠯ ᠤᠨ ᠲᠠᠩᠬᠢᠮ ᠳᠤ ᠰᠤᠷᠭᠠᠵᠤ ᠶᠦᠳᠠᠢᠴᠤᠳ ᠪᠠ ᠭᠷᠧᠭᠴᠦᠳ ᠢ ᠢᠳᠬᠠᠳᠠᠭ ᠪᠠᠢᠯ᠎ᠠ᠃

5 ᠰᠢᠯᠠ ᠪᠣᠯᠣᠨ ᠲᠢᠮᠣᠲ ᠮᠠᠺᠧᠳᠣᠨᠢᠶ᠎ᠠ ᠠᠴᠠ ᠢᠷᠡᠬᠦ ᠳᠦ᠂ ᠫᠠᠦ᠋ᠯ ᠵᠥᠪᠬᠡᠨ ᠦᠭᠡᠨ ᠳᠦ ᠮᠡᠷᠡᠢᠵᠦ᠂ ᠨᠥᠭᠥᠭᠡ ᠾᠷᠢᠰᠲ᠋ᠣᠰ 18 ᠪᠣᠯ ᠢᠰᠦ᠋ᠰ ᠮᠥᠨ ᠭᠡᠵᠦ ᠶᠦᠳᠠᠢᠴᠤᠳ ᠲᠤ ᠭᠡᠷᠡᠴᠢᠯᠡᠵᠦ ᠪᠠᠢᠪᠠ᠃ 6 ᠶᠦᠳᠠᠢᠴᠤᠳ ᠲᠡᠭᠦᠨ ᠢ ᠡᠰᠡᠷᠭᠦᠴᠡᠵᠦ ᠳᠣᠷᠣᠮᠵᠢᠯᠠᠬᠤ ᠳᠤ᠂ ᠫᠠᠦ᠋ᠯ ᠬᠤᠪᠴᠠᠰᠤ ᠪᠠᠨ ᠰᠡᠭᠰᠦᠷᠦᠨ᠄ 《ᠲᠠ ᠨᠠᠷ ᠤᠨ ᠴᠢᠰᠤ ᠥᠪᠡᠷᠰᠡᠳ ᠦᠨ ᠴᠢᠨᠢ ᠲᠣᠯᠣᠭᠠᠢ ᠳᠡᠭᠡᠷ᠎ᠡ ᠪᠠᠭᠤᠭ︕ ᠬᠠᠷᠢᠨ ᠪᠢ ᠴᠡᠪᠡᠷ ᠪᠠᠢᠨ᠎ᠠ᠂ ᠪᠢ ᠣᠳᠣ ᠬᠠᠷᠢᠴᠤᠳ ᠤᠷᠤᠭᠤ ᠣᠴᠢᠨ᠎ᠠ》 ᠭᠡᠪᠡ᠃ 7 ᠫᠠᠦ᠋ᠯ ᠲᠡᠨᠳᠡ ᠡᠴᠡ ᠭᠠᠷᠴᠤ᠂ ᠪᠤᠷᠬᠠᠨ ᠳᠤ ᠰᠦᠰᠦᠭᠯᠡᠭᠴᠢ ᠲᠢᠲ᠋ᠠᠯ ᠶᠦᠰᠲ ᠭᠡᠳᠡᠭ ᠬᠥᠮᠦᠨ ᠦ ᠭᠡᠷ ᠲᠦ ᠣᠴᠢᠵᠠᠢ᠃ ᠲᠡᠭᠦᠨ ᠦ ᠭᠡᠷ ᠬᠤᠷᠠᠯ ᠤᠨ ᠲᠠᠩᠬᠢᠮ ᠤᠨ ᠬᠠᠵᠠᠭᠤ ᠳᠤ ᠪᠠᠢᠵᠠᠢ᠃ 8 ᠬᠤᠷᠠᠯ ᠤᠨ ᠲᠠᠩᠬᠢᠮ ᠤᠨ ᠠᠬᠠᠯᠠᠭᠴᠢ ᠺᠷᠢᠰᠫ ᠪᠦᠬᠦ ᠭᠡᠷ ᠪᠦᠯᠢ ᠪᠠᠷ ᠢᠶᠠᠨ ᠡᠵᠡᠨ ᠳᠦ ᠢᠲᠡᠭᠡᠭᠰᠡᠨ ᠪᠥᠭᠡᠳ ᠺᠣᠷᠢᠨᠲ ᠤᠨ ᠣᠯᠠᠨ ᠬᠥᠮᠦᠨ ᠴᠤ ᠰᠣᠨᠣᠰᠣᠭᠠᠳ ᠢᠲᠡᠭᠡᠵᠦ ᠤᠬᠢᠶᠠᠯ ᠬᠦᠷᠲᠡᠵᠦ ᠪᠠᠢᠯ᠎ᠠ᠃ 9 ᠰᠥᠨᠢ ᠨᠢ ᠡᠵᠡᠨ ᠦᠵᠡᠭᠳᠡᠯ ᠢᠶᠡᠷ ᠫᠠᠦ᠋ᠯ ᠳᠤ᠄ 《ᠪᠦᠦ ᠠᠶᠤ︕ ᠶᠠᠷᠢᠭᠠᠳ ᠪᠠᠢ︕ ᠪᠢᠲᠡᠭᠡᠢ ᠳᠤᠭᠤᠢ ᠪᠣᠯ︕ 10 ᠪᠢ ᠴᠢᠮ᠎ᠠ ᠲᠠᠢ ᠬᠠᠮᠲᠤ ᠪᠠᠢᠨ᠎ᠠ᠃ ᠬᠡᠨ ᠴᠤ ᠴᠢᠮᠠᠶᠢ ᠳᠠᠭᠠᠷᠢᠨ ᠬᠣᠬᠢᠷᠠᠭᠠᠬᠤ ᠦᠭᠡᠢ᠂ ᠮᠢᠨᠦ ᠠᠷᠠᠳ ᠲᠦᠮᠡᠨ ᠡᠨᠡ ᠬᠣᠲᠠ ᠳᠤ ᠣᠯᠠᠨ ᠪᠤᠢ》 ᠭᠡᠵᠡᠢ᠃ 11 ᠫᠠᠦ᠋ᠯ ᠪᠤᠷᠬᠠᠨ ᠤ ᠦᠭᠡ ᠶᠢ ᠵᠢᠭᠠᠵᠤ ᠲᠡᠳᠡᠨ ᠦ ᠳᠤᠮᠳᠠ ᠵᠢᠯ ᠬᠠᠭᠠᠰ ᠰᠠᠭᠤᠪᠠ᠃

12 ᠭᠠᠯᠢᠣ᠋ ᠠᠺᠠᠢᠶ᠎ᠠ ᠶᠢᠨ ᠵᠠᠬᠢᠷᠤᠭᠴᠢ ᠪᠠᠢᠬᠤ ᠳᠤ᠂ ᠶᠦᠳᠠᠢᠴᠤᠳ ᠰᠡᠳᠬᠢᠯ ᠨᠢᠭᠡᠳᠦᠨ ᠫᠠᠦ᠋ᠯ ᠢ ᠡᠰᠡᠷᠭᠦᠴᠡᠨ ᠪᠣᠰᠴᠤ ᠰᠢᠭᠦᠬᠦ ᠭᠠᠵᠠᠷ ᠲᠤ ᠠᠪᠠᠴᠢᠭᠠᠳ᠄ 13 《ᠡᠨᠡ ᠬᠥᠮᠦᠨ ᠬᠠᠤᠯᠢ ᠡᠴᠡ ᠭᠠᠳᠠᠭᠤᠷ ᠠᠷᠭ᠎ᠠ ᠪᠠᠷ ᠪᠤᠷᠬᠠᠨ ᠳᠤ ᠰᠦᠰᠦᠭᠯᠡᠬᠦ ᠶᠢ ᠬᠥᠮᠦᠰ ᠲᠦ ᠢᠳᠬᠠᠵᠤ ᠪᠠᠢᠨ᠎ᠠ》 ᠭᠡᠵᠡᠢ᠃ 14 ᠫᠠᠦ᠋ᠯ ᠠᠮᠠ ᠨᠡᠭᠡᠭᠡᠬᠦ ᠭᠡᠲᠡᠯ᠎ᠡ ᠭᠠᠯᠢᠣ᠋᠄ 《ᠶᠦᠳᠠᠢᠴᠤᠳ ᠡ᠂ ᠶᠠᠮᠠᠷ ᠨᠢᠭᠡ ᠭᠡᠮᠲᠦ ᠬᠡᠷᠡᠭ ᠪᠤᠶᠤ ᠵᠢᠭᠰᠢᠭᠦᠷᠢᠲᠡᠢ ᠶᠠᠪᠤᠳᠠᠯ ᠤᠨ ᠲᠠᠯ᠎ᠠ ᠪᠠᠷ ᠪᠣᠯ ᠪᠢ ᠲᠠ ᠨᠠᠷ ᠤᠨ ᠬᠢ ᠶᠢ ᠰᠣᠨᠣᠰᠬᠤ ᠨᠢ ᠵᠦᠢᠲᠡᠢ᠃ 15 ᠬᠠᠷᠢᠨ ᠦᠭᠡ ᠶᠠᠷᠢᠶ᠎ᠠ᠂ ᠨᠡᠷ᠎ᠡ ᠲᠣᠮᠢᠶ᠎ᠠ ᠪᠤᠶᠤ ᠲᠠ ᠨᠠᠷ ᠤᠨ ᠬᠠᠤᠯᠢ ᠶᠢᠨ ᠠᠰᠠᠭᠤᠳᠠᠯ ᠢᠶᠠᠷ ᠪᠣᠯ ᠲᠠ ᠨᠠᠷ ᠥᠪᠡᠷᠰᠡᠳ ᠢᠶᠡᠨ ᠰᠢᠢᠳᠦᠭᠲᠦᠨ︕ ᠪᠢ ᠡᠢᠮᠦ ᠶᠠᠪᠤᠳᠠᠯ ᠢ ᠰᠢᠭᠦᠬᠦ ᠶᠢ ᠬᠦᠰᠡᠬᠦ ᠦᠭᠡᠢ》 ᠭᠡᠳ 16 ᠲᠡᠳᠡᠨ ᠢ ᠰᠢᠭᠦᠬᠦ ᠭᠠᠵᠠᠷ ᠠᠴᠠ ᠬᠥᠭᠡᠭᠡᠪᠡ᠃ 17 ᠲᠡᠭᠡᠭᠡᠳ ᠬᠥᠮᠦᠰ ᠬᠤᠷᠠᠯ ᠤᠨ ᠲᠠᠩᠬᠢᠮ ᠤᠨ ᠠᠬᠠᠯᠠᠭᠴᠢ ᠰᠣᠰᠲ᠋ᠧᠨᠧ ᠶᠢ ᠪᠠᠷᠢᠵᠤ ᠰᠢᠭᠦᠬᠦ ᠲᠠᠢᠰᠠ ᠶᠢᠨ ᠡᠮᠦᠨ᠎ᠡ ᠵᠣᠳᠣᠵᠤ ᠡᠬᠢᠯᠡᠪᠡ᠃ ᠬᠠᠷᠢᠨ ᠭᠠᠯᠢᠣ᠋ ᠡᠭᠦᠨ ᠢ ᠣᠭᠲᠣ ᠣᠢᠰᠢᠶᠠᠭᠰᠠᠨ ᠦᠭᠡᠢ᠃

18 ᠫᠠᠦ᠋ᠯ ᠲᠡᠨᠳᠡ ᠨᠡᠯᠢᠶᠡᠳ ᠡᠳᠦᠷ ᠪᠠᠢᠭᠰᠠᠨ ᠢᠶᠠᠨ ᠠᠬ᠎ᠠ ᠳᠡᠭᠦᠦ ᠨᠠᠷ ᠠᠴᠠ ᠠᠶᠠᠷᠯᠠᠵᠤ ᠫᠷᠢᠰᠺᠢᠯᠠ ᠪᠣᠯᠣᠨ ᠠᠺᠦ᠋ᠯᠠ ᠲᠠᠢ ᠬᠠᠮᠲᠤ ᠣᠩ᠋ᠭᠣᠴᠠ ᠪᠠᠷ ᠰᠢᠷᠢᠶ᠎ᠠ ᠤᠷᠤᠭᠤ ᠶᠠᠪᠤᠵᠠᠢ᠃ ᠫᠠᠦ᠋ᠯ ᠲᠠᠩ᠋ᠭᠠᠷᠢᠭᠯᠠᠭᠰᠠᠨ ᠤᠴᠢᠷ ᠠᠴᠠ ᠶᠠᠪᠤᠬᠤ ᠶᠢᠨ ᠢᠶᠠᠨ ᠡᠮᠦᠨ᠎ᠡ ᠺᠧᠨᠬᠧᠷᠢᠶ᠎ᠠ ᠳᠤ ᠦᠰᠦ ᠪᠡᠨ ᠬᠤᠰᠤᠭᠤᠯᠪᠠ᠃ 19 ᠫᠠᠦ᠋ᠯ ᠲᠡᠷᠡ ᠬᠣᠶᠠᠷ ᠲᠠᠢ ᠬᠠᠮᠲᠤ ᠧᠹᠧᠰ ᠲᠤ ᠬᠦᠷᠦᠭᠡᠳ ᠲᠡᠳᠡᠨ ᠢ ᠦᠯᠡᠳᠡᠭᠡᠵᠦ᠂ ᠬᠤᠷᠠᠯ ᠤᠨ ᠲᠠᠩᠬᠢᠮ ᠳᠤ ᠣᠴᠢᠨ ᠶᠦᠳᠠᠢᠴᠤᠳ ᠲᠤ ᠰᠤᠷᠭᠠᠵᠠᠢ᠃ 20 ᠲᠡᠨᠳᠡᠬᠢ ᠶᠢᠨ ᠬᠢᠨ ᠫᠠᠦ᠋ᠯ ᠢ ᠢᠯᠡᠬᠦᠭᠡᠨ ᠪᠠᠢᠵᠤ ᠪᠠᠢᠭᠠᠷᠠᠢ ᠭᠡᠵᠦ ᠭᠤᠶᠤᠭᠰᠠᠨ ᠳᠤ᠂ ᠲᠡᠷᠡ ᠵᠥᠪᠰᠢᠶᠡᠷᠡᠭᠰᠡᠨ ᠦᠭᠡᠢ᠃ 21 ᠬᠠᠷᠢᠨ ᠲᠡᠳᠡᠨ ᠡᠴᠡ ᠠᠶᠠᠷᠯᠠᠬᠤ ᠳᠠᠭᠠᠨ᠄ 《ᠪᠤᠷᠬᠠᠨ ᠤ ᠲᠠᠭᠠᠯᠠᠯ ᠮᠥᠨ ᠪᠣᠯ ᠪᠢ ᠲᠠᠨ ᠤ ᠡ᠊ᠨᠳᠡ ᠳᠠᠬᠢᠭᠠᠳ ᠢᠷᠡᠨ᠎ᠡ》 ᠭᠡᠳ ᠣᠩ᠋ᠭᠣᠴᠠ ᠪᠠᠷ ᠧᠹᠧᠰ ᠡᠴᠡ ᠶᠠᠪᠤᠯ᠎ᠠ᠃

22 ᠫᠠᠦ᠋ᠯ ᠺᠠᠶᠧᠰᠠᠷᠢᠶ᠎ᠠ ᠳᠤ ᠪᠠᠭᠤᠵᠤ᠂ ᠶᠧᠷᠦ᠋ᠰᠠᠯᠧᠮ ᠳᠤ ᠣᠴᠢᠨ ᠴᠢᠭᠤᠯᠭᠠᠨ ᠤ ᠠᠮᠤᠷ ᠢ ᠡᠷᠢᠭᠡᠳ ᠠᠨᠲ᠋ᠢᠶᠣᠬᠢᠶ᠎ᠠ ᠳᠤ ᠪᠤᠴᠠᠪᠠ᠃ 23 ᠬᠡᠰᠡᠭ ᠬᠤᠭᠤᠴᠠᠭᠠᠨ ᠤ ᠳᠠᠷᠠᠭ᠎ᠠ ᠫᠠᠦ᠋ᠯ ᠲᠡᠨᠳᠡ ᠡᠴᠡ ᠭᠠᠷᠴᠤ᠂ ᠭᠠᠯᠠᠲ᠋ᠢᠶ᠎ᠠ ᠪᠣᠯᠣᠨ ᠹᠷᠦ᠋ᠭᠢᠶ᠎ᠠ ᠪᠠᠷ ᠳᠠᠷᠠᠭᠠᠯᠠᠨ ᠬᠦᠷᠦᠭᠡᠳ ᠱᠠᠪᠢ ᠨᠠᠷ ᠢ ᠪᠠᠲᠤᠳᠬᠠᠪᠠ᠃
 ᠭᠤᠷᠪᠠᠳᠤᠭᠠᠷ ᠤᠳᠠᠭᠠᠨ ᠤ ᠭᠠᠳᠠᠭᠠᠳᠤ ᠠᠶᠠᠯᠠᠯ

24 ᠲᠡᠷᠡ ᠦᠶ᠎ᠡ ᠳᠦ ᠠᠫᠣᠯᠣ᠋ ᠭᠡᠳᠡᠭ ᠶᠦᠳᠠᠢ ᠬᠥᠮᠦᠨ ᠧᠹᠧᠰ ᠲᠤ ᠢᠷᠡᠵᠡᠢ᠃ ᠲᠡᠷᠡ ᠠᠯᠧᠺᠰᠠᠨᠳ᠋ᠧᠷᠢᠶ᠎ᠠ ᠳᠤ ᠲᠥᠷᠥᠭᠰᠡᠨ ᠪᠥᠭᠡᠳ ᠬᠡᠯᠡᠮᠡᠭᠡᠢ᠂ ᠠᠷᠢᠭᠤᠨ ᠨᠣᠮ ᠳᠤ ᠨᠡᠪᠲᠡᠷᠬᠡᠢ ᠪᠠᠢᠯ᠎ᠠ᠃ 25 ᠡᠨᠡ ᠬᠥᠮᠦᠨ ᠡᠵᠡᠨ ᠦ ᠵᠠᠮ ᠢ ᠰᠤᠷᠤᠭᠠᠳ ᠬᠠᠯᠠᠭᠤᠨ ᠰᠡᠳᠬᠢᠯ ᠢᠶᠠᠷ ᠢᠰᠦ᠋ᠰ ᠤᠨ ᠲᠤᠬᠠᠢ ᠵᠥᠪ ᠵᠢᠭᠠᠳᠠᠭ ᠪᠣᠯᠪᠠᠴᠤ ᠶᠣᠬᠠᠨ ᠤ ᠤᠬᠢᠶᠠᠯ ᠢ ᠯᠠ ᠮᠡᠳᠡᠳᠡᠭ ᠪᠠᠢᠵᠠᠢ᠃ 26 ᠲᠡᠷᠡ ᠬᠤᠷᠠᠯ ᠤᠨ ᠲᠠᠩᠬᠢᠮ ᠳᠤ ᠵᠣᠷᠢᠭᠲᠠᠢ ᠶᠠᠷᠢᠵᠤ ᠡᠬᠢᠯᠡᠪᠡ᠂ ᠫᠷᠢᠰᠺᠢᠯᠠ ᠪᠣᠯᠣᠨ ᠠᠺᠦ᠋ᠯᠠ ᠰᠣᠨᠣᠰᠣᠭᠠᠳ ᠭᠡᠷ ᠲᠡᠭᠡᠨ ᠠᠪᠠᠴᠢᠵᠤ ᠪᠤᠷᠬᠠᠨ ᠤ ᠵᠠᠮ ᠢ ᠤᠯᠠᠮ ᠵᠥᠪ ᠲᠠᠢᠯᠪᠤᠷᠢᠯᠠᠵᠤ ᠥᠭᠴᠡᠢ᠃ 27 ᠠᠫᠣᠯᠣ᠋ ᠠᠺᠠᠢᠶ᠎ᠠ ᠳᠤ ᠣᠴᠢᠬᠤ ᠶᠢ ᠬᠦᠰᠡᠪᠡ᠃ ᠠᠬ᠎ᠠ ᠳᠡᠭᠦᠦ ᠨᠠᠷ ᠲᠡᠭᠦᠨ ᠢ ᠤᠷᠮᠠᠰᠢᠭᠤᠯᠵᠤ ᠲᠡᠨᠳᠡᠬᠢ ᠶᠢᠨ ᠱᠠᠪᠢ ᠨᠠᠷ ᠲᠤ ᠵᠠᠬᠢᠳᠠᠯ ᠪᠢᠴᠢᠨ ᠤᠭᠲᠤᠭᠤᠯᠵᠠᠢ᠃ ᠲᠡᠷᠡ ᠣᠴᠢᠭᠠᠳ ᠢᠪᠡᠭᠡᠯ ᠢᠶᠡᠷ ᠢᠲᠡᠭᠡᠭᠴᠢᠳ ᠲᠤ ᠶᠡᠬᠡ ᠲᠤᠰᠠ ᠬᠦᠷᠭᠡᠪᠡ᠃ 28 ᠤᠴᠢᠷ ᠨᠢ᠂ ᠲᠡᠷᠡ ᠪᠡᠷ ᠢᠰᠦ᠋ᠰ ᠪᠣᠯ ᠾᠷᠢᠰᠲ᠋ᠣᠰ ᠮᠥᠨ ᠭᠡᠳᠡᠭ ᠢ ᠣᠯᠠᠨ ᠤ ᠡᠮᠦᠨ᠎ᠡ ᠠᠷᠢᠭᠤᠨ ᠨᠣᠮ ᠤᠨ ᠡᠰᠢᠯᠡᠯ ᠤᠳ ᠢᠶᠠᠷ ᠪᠠᠲᠤᠯᠠᠵᠤ ᠶᠦᠳᠠᠢᠴᠤᠳ ᠢ ᠬᠦᠴᠦᠲᠡᠢ ᠨᠢᠴᠤᠭᠠᠵᠤ ᠪᠠᠢᠪᠠ᠃