ᠦᠢᠯᠡᠰ ᠠᠷᠪᠠᠨ ᠲᠠᠪᠤ
ᠶᠧᠷᠦ᠋ᠰᠠᠯᠧᠮ ᠳᠤ ᠪᠣᠯᠣᠭᠰᠠᠨ ᠬᠤᠷᠠᠯ
1 ᠬᠡᠳᠦᠨ ᠬᠥᠮᠦᠨ ᠶᠦᠳᠠᠢ ᠨᠤᠲᠤᠭ ᠠᠴᠠ ᠢᠷᠡᠵᠦ ᠠᠬ᠎ᠠ ᠳᠡᠭᠦᠦ ᠨᠠᠷ ᠲᠤ 《ᠮᠣᠰᠧ ᠶᠢᠨ ᠤᠯᠠᠮᠵᠢᠯᠠᠯ ᠶᠣᠰᠣ ᠪᠠᠷ ᠬᠥᠪᠴᠢᠷᠬᠡᠢ ᠬᠥᠨᠳᠡᠭᠦᠯᠬᠦ ᠦᠭᠡᠢ ᠪᠣᠯ ᠲᠠ ᠨᠠᠷ ᠠᠪᠤᠷᠠᠭᠳᠠᠬᠤ ᠠᠷᠭ᠎ᠠ ᠦᠭᠡᠢ》 ᠭᠡᠵᠦ ᠰᠤᠷᠭᠠᠭᠰᠠᠨ ᠳᠤ᠂ 2 ᠫᠠᠦ᠋ᠯ ᠪᠣᠯᠣᠨ ᠪᠠᠷᠨᠠᠪᠠ ᠲᠡᠳᠡᠨ ᠲᠡᠢ ᠶᠡᠬᠡᠳᠡ ᠮᠠᠷᠭᠤᠯᠳᠤᠵᠤ ᠮᠡᠳᠬᠡᠯᠴᠡᠪᠡ᠃ ᠡᠨᠡ ᠠᠰᠠᠭᠤᠳᠠᠯ ᠢ ᠰᠢᠢᠳᠬᠦ ᠶᠢᠨ ᠲᠤᠯᠠᠳᠠ ᠫᠠᠦ᠋ᠯ ᠪᠣᠯᠣᠨ ᠪᠠᠷᠨᠠᠪᠠ ᠲᠡᠨᠳᠡᠬᠢ ᠶᠢᠨ ᠬᠡᠳᠦᠨ ᠬᠥᠮᠦᠨ ᠲᠡᠢ ᠬᠠᠮᠲᠤ ᠶᠧᠷᠦ᠋ᠰᠠᠯᠧᠮ ᠳᠤ ᠣᠴᠢᠵᠤ ᠰᠢᠳᠠᠷ ᠱᠠᠪᠢ ᠨᠠᠷ 12 ᠪᠠ ᠠᠬᠠᠯᠠᠭᠴᠢᠳ ᠲᠠᠢ ᠠᠭᠤᠯᠵᠠᠬᠤ ᠪᠠᠷ ᠪᠣᠯᠵᠠᠢ᠃ 3 ᠴᠢᠭᠤᠯᠭᠠᠨ ᠤ ᠬᠢᠨ ᠲᠡᠳᠡᠨ ᠢ ᠦᠳᠡᠨ ᠮᠣᠷᠳᠠᠭᠤᠯᠪᠠ᠃ ᠲᠡᠳᠡ ᠹᠣᠢᠨᠢᠺᠢᠶᠠ ᠪᠣᠯᠣᠨ ᠰᠠᠮᠠᠷᠢᠶ᠎ᠠ ᠨᠤᠲᠤᠭ ᠢᠶᠠᠷ ᠥᠩᠭᠡᠷᠡᠬᠦ ᠳᠡᠭᠡᠨ ᠬᠠᠷᠢᠴᠤᠳ ᠤᠨ ᠶᠠᠭᠠᠬᠢᠵᠤ ᠡᠵᠡᠨ ᠤᠷᠤᠭᠤ ᠡᠷᠭᠢᠭᠰᠡᠨ ᠢ ᠥᠭᠦᠯᠡᠵᠦ ᠪᠦᠬᠦ ᠠᠬ᠎ᠠ ᠳᠡᠭᠦᠦ ᠨᠠᠷ ᠢ ᠶᠡᠬᠡᠳᠡ ᠪᠠᠶᠠᠷᠯᠠᠭᠤᠯᠤᠭᠰᠠᠨ ᠪᠠᠢᠨ᠎ᠠ᠃ 4 ᠲᠡᠳᠡ ᠨᠠᠷ ᠶᠧᠷᠦ᠋ᠰᠠᠯᠧᠮ ᠳᠤ ᠬᠦᠷᠬᠦ ᠳᠦ᠂ ᠴᠢᠭᠤᠯᠭᠠᠨ᠂ ᠰᠢᠳᠠᠷ ᠱᠠᠪᠢ ᠨᠠᠷ ᠪᠠ ᠠᠬᠠᠯᠠᠭᠴᠢᠳ ᠤᠭᠲᠤᠨ ᠠᠪᠤᠪᠠ᠃ ᠲᠡᠳᠡ ᠪᠤᠷᠬᠠᠨ ᠤ ᠥᠪᠡᠷᠰᠡᠳ ᠲᠡᠢ ᠨᠢ ᠬᠠᠮᠲᠤ ᠦᠢᠯᠡᠳᠦᠭᠰᠡᠨ ᠪᠦᠬᠦᠨ ᠢ ᠳᠤᠭᠤᠯᠭᠠᠪᠠ᠃ 5 ᠭᠡᠲᠡᠯ᠎ᠡ ᠹᠠᠷᠢᠰᠠᠢ ᠪᠦᠯᠦᠭ ᠲᠦ ᠪᠠᠢᠭᠰᠠᠨ ᠬᠡᠳᠦᠨ ᠢᠲᠡᠭᠡᠭᠴᠢ ᠪᠣᠰᠣᠭᠠᠳ᠄ 《ᠬᠥᠪᠴᠢᠷᠬᠡᠢ ᠪᠡᠨ ᠬᠥᠨᠳᠡᠭᠦᠯᠵᠦ᠂ ᠮᠣᠰᠧ ᠶᠢᠨ ᠬᠠᠤᠯᠢ ᠶᠢ ᠰᠠᠬᠢ ᠭᠡᠵᠦ ᠬᠠᠷᠢᠴᠤᠳ ᠲᠤ ᠵᠠᠬᠢᠬᠤ ᠶᠣᠰᠣᠲᠠᠢ》 ᠭᠡᠯᠡ᠃
6 ᠲᠡᠢᠨ ᠬᠦ ᠰᠢᠳᠠᠷ ᠱᠠᠪᠢ ᠨᠠᠷ ᠪᠠ ᠠᠬᠠᠯᠠᠭᠴᠢᠳ ᠡᠨᠡ ᠠᠰᠠᠭᠤᠳᠠᠯ ᠢ ᠵᠥᠪᠯᠡᠬᠦ ᠪᠡᠷ ᠴᠤᠭᠯᠠᠷᠠᠪᠠ᠃ 7 ᠨᠡᠯᠢᠶᠡᠳ ᠶᠠᠷᠢᠯᠴᠠᠭᠰᠠᠨ ᠤ ᠳᠠᠷᠠᠭ᠎ᠠ᠂ ᠫᠧᠲ᠋ᠧᠷ ᠪᠣᠰᠴᠤ᠄ 《ᠠᠬ᠎ᠠ ᠳᠡᠭᠦᠦ ᠨᠠᠷ ᠡ᠂ ᠪᠤᠷᠬᠠᠨ ᠮᠢᠨᠦ ᠠᠮᠠ ᠪᠠᠷ ᠬᠠᠷᠢᠴᠤᠳ ᠲᠤ ᠪᠠᠶᠠᠷ ᠤᠨ ᠮᠡᠳᠡᠭᠡ ᠶᠢ ᠰᠣᠨᠣᠰᠬᠠᠵᠤ ᠢᠲᠡᠭᠡᠭᠦᠯᠬᠦ ᠶᠢᠨ ᠲᠤᠯᠠᠳᠠ ᠲᠠ ᠨᠠᠷ ᠤᠨ ᠳᠤᠮᠳᠠ ᠠᠴᠠ ᠨᠠᠮᠠᠶᠢ ᠠᠯᠢ ᠬᠡᠳᠦᠢᠨ ᠰᠣᠩ᠋ᠭᠣᠭᠰᠠᠨ ᠢ ᠮᠡᠳᠡᠨ᠎ᠡ ᠪᠢᠵᠡ ᠳᠠ᠃ 8 ᠬᠥᠮᠦᠨ ᠦ ᠰᠡᠳᠬᠢᠯ ᠢ ᠮᠡᠳᠡᠭᠴᠢ ᠪᠤᠷᠬᠠᠨ ᠪᠢᠳᠡᠨ ᠳᠦ ᠰᠣᠶᠣᠷᠬᠠᠭᠰᠠᠨ ᠰᠢᠭ᠋ ᠢᠶᠠᠨ ᠲᠡᠳᠡᠨ ᠳᠦ ᠴᠤ ᠮᠥᠨ ᠠᠷᠢᠭᠤᠨ ᠰᠦᠨᠡᠰᠦ ᠶᠢ ᠰᠣᠶᠣᠷᠬᠠᠵᠤ ᠲᠡᠳᠡᠨ ᠢ ᠬᠦᠯᠢᠶᠡᠨ ᠠᠪᠤᠭᠰᠠᠨ ᠪᠥᠭᠡᠳ 9 ᠲᠡᠳᠡᠨ ᠦ ᠰᠡᠳᠬᠢᠯ ᠢ ᠢᠲᠡᠭᠡᠯ ᠢᠶᠡᠷ ᠨᠢ ᠠᠷᠢᠭᠤᠳᠬᠠᠵᠤ᠂ ᠲᠡᠳᠡ ᠪᠠ ᠪᠢᠳᠡᠨ ᠦ ᠬᠣᠭᠣᠷᠣᠨᠳᠣ ᠶᠠᠮᠠᠷ ᠴᠤ ᠵᠠᠭᠠᠭ ᠭᠠᠷᠭᠠᠭ᠎ᠠ ᠦᠭᠡᠢ ᠪᠢᠯᠡ᠃ 10 ᠲᠡᠭᠡᠬᠦ ᠳᠦ᠂ ᠲᠠ ᠨᠠᠷ ᠣᠳᠣ ᠶᠠᠭᠤᠨ ᠳᠤ ᠪᠤᠷᠬᠠᠨ ᠢ ᠲᠡᠩᠰᠡᠨᠡ ᠪᠤᠢ︖ ᠪᠢᠳᠡᠨ ᠦ ᠳᠡᠭᠡᠳᠦᠰ ᠪᠠ ᠪᠢᠳᠡᠨ ᠦ ᠥᠪᠡᠷᠰᠡᠳ ᠢᠶᠡᠨ ᠴᠤ ᠳᠠᠭᠠᠭᠠᠵᠤ ᠶᠠᠳᠠᠬᠤ ᠪᠤᠭᠤᠯᠠᠭ᠎ᠠ ᠶᠢ ᠱᠠᠪᠢ ᠨᠠᠷ ᠤᠨ ᠬᠦᠵᠦᠭᠦᠨ ᠳᠡᠭᠡᠷ᠎ᠡ ᠲᠠᠯᠪᠢᠬᠤ ᠭᠡᠵᠢ ᠤᠤ︖ 11 ᠦᠭᠡᠢ ᠡ︕ ᠪᠢᠳᠡ ᠡᠵᠡᠨ ᠢᠰᠦ᠋ᠰ ᠤᠨ ᠢᠪᠡᠭᠡᠯ ᠢᠶᠡᠷ ᠠᠪᠤᠷᠠᠭᠳᠠᠨ᠎ᠠ ᠭᠡᠵᠦ ᠢᠲᠡᠭᠡᠳᠡᠭ᠂ ᠲᠡᠳᠡ ᠴᠤ ᠠᠳᠠᠯᠢᠬᠠᠨ》 ᠭᠡᠪᠡ᠃
ᠶᠠᠺᠣᠪ ᠤᠨ ᠰᠢᠢᠳᠪᠦᠷᠢ
12 ᠴᠤᠭᠯᠠᠷᠠᠭᠰᠠᠨ ᠪᠦᠭᠦᠳᠡᠭᠡᠷ ᠨᠠᠮ ᠵᠢᠮ ᠪᠣᠯᠵᠤ᠂ ᠪᠤᠷᠬᠠᠨ ᠤ ᠪᠠᠷᠨᠠᠪᠠ ᠫᠠᠦ᠋ᠯ ᠬᠣᠶᠠᠷ ᠢᠶᠠᠷ ᠳᠠᠮᠵᠢᠭᠤᠯᠤᠨ ᠬᠠᠷᠢᠴᠤᠳ ᠤᠨ ᠳᠤᠮᠳᠠ ᠬᠢᠭᠰᠡᠨ ᠰᠢᠳᠢ ᠲᠡᠮᠳᠡᠭ ᠪᠠ ᠭᠠᠢᠬᠠᠮᠰᠢᠭ ᠤᠳ ᠤᠨ ᠲᠤᠬᠠᠢ ᠲᠡᠳᠡᠨ ᠦ ᠥᠭᠦᠯᠡᠬᠦ ᠶᠢ ᠰᠣᠨᠣᠰᠴᠤ ᠡᠬᠢᠯᠡᠪᠡ᠃ 13 ᠲᠡᠳᠡᠨ ᠦ ᠶᠠᠷᠢᠶ᠎ᠠ ᠳᠠᠭᠤᠰᠬᠤ ᠳᠤ᠂ ᠶᠠᠺᠣᠪ᠄ 《ᠠᠬ᠎ᠠ ᠳᠡᠭᠦᠦ ᠨᠠᠷ ᠡ᠂ ᠮᠢᠨᠦᠬᠢ ᠶᠢ ᠰᠣᠨᠣᠰ︕ 14 ᠪᠤᠷᠬᠠᠨ ᠥᠪᠡᠷ ᠦᠨ ᠢᠶᠠᠨ ᠨᠡᠷ᠎ᠡ ᠶᠢᠨ ᠲᠥᠯᠥᠭᠡ ᠬᠠᠷᠢᠴᠤᠳ ᠤᠨ ᠳᠤᠮᠳᠠ ᠠᠴᠠ ᠠᠷᠠᠳ ᠲᠦᠮᠡᠨ ᠢᠶᠡᠨ ᠭᠠᠷᠭᠠᠵᠤ ᠠᠪᠬᠤ ᠶᠢᠨ ᠲᠤᠯᠠᠳᠠ ᠠᠩᠬ᠎ᠠ ᠲᠡᠳᠡᠨ ᠦ ᠳᠦ ᠬᠡᠷᠬᠢᠨ ᠵᠠᠯᠠᠷᠠᠨ ᠢᠷᠡᠭᠰᠡᠨ ᠢ ᠰᠢᠮᠣᠨ ᠥᠭᠦᠯᠡᠪᠡ᠃ 15 ᠡᠨᠡ ᠨᠢ ᠡᠰᠢ ᠦᠵᠡᠭᠦᠯᠦᠭᠴᠢᠳ ᠤᠨ ᠦᠭᠡᠰ ᠲᠡᠢ ᠨᠡᠢᠴᠡᠵᠦ ᠪᠠᠢᠨ᠎ᠠ᠃ ᠲᠡᠨᠳᠡ ᠪᠢᠴᠢᠭᠳᠡᠬᠦ ᠳᠡᠭᠡᠨ᠄
16 〈ᠡᠳᠡᠭᠡᠷ ᠦᠨ ᠳᠠᠷᠠᠭ᠎ᠠ ᠪᠢ ᠪᠤᠴᠠᠵᠤ ᠢᠷᠡᠭᠡᠳ ᠳ᠋ᠠᠸᠢᠳ᠋ ᠤᠨ ᠨᠤᠷᠠᠭᠰᠠᠨ ᠮᠠᠢᠬᠠᠨ ᠢ ᠪᠣᠰᠬᠠᠨ᠎ᠠ ᠰᠦᠢᠷᠡᠭᠰᠡᠨ ᠢ ᠨᠢ ᠪᠢ ᠪᠣᠰᠬᠠᠵᠤ᠂ ᠰᠡᠷᠭᠦᠭᠡᠨ᠎ᠡ᠃
17 ᠡᠢᠨ ᠬᠦ ᠬᠥᠮᠦᠨ ᠲᠥᠷᠥᠯᠬᠢᠲᠡᠨ ᠡᠴᠡ ᠦᠯᠡᠳᠡᠭᠰᠡᠳ ᠪᠣᠯᠣᠨ ᠮᠢᠨᠦ ᠨᠡᠷ᠎ᠡ ᠶᠢ ᠳᠠᠭᠤᠳᠠᠭᠴᠢ ᠪᠦᠬᠦ ᠬᠠᠷᠢᠴᠤᠳ ᠡᠵᠡᠨ ᠤᠷᠤᠭᠤ ᠲᠡᠮᠡᠦᠯᠬᠦ ᠪᠣᠯᠣᠨ᠎ᠠ᠃
18 ᠥᠨᠢ ᠡᠷᠲᠡᠨ ᠡᠴᠡ ᠡᠳᠡᠭᠡᠷ ᠢ ᠮᠡᠳᠡᠭᠦᠯᠦᠭᠰᠡᠨ ᠡᠵᠡᠨ ᠠᠢᠯᠠᠳᠴᠤ ᠪᠠᠢᠨ᠎ᠠ〉 ᠭᠡᠰᠡᠨ ᠪᠤᠢ᠃
19 ᠲᠡᠢᠮᠦ ᠡᠴᠡ ᠪᠤᠷᠬᠠᠨ ᠤᠷᠤᠭᠤ ᠡᠷᠭᠢᠵᠦ ᠪᠠᠢᠭ᠎ᠠ ᠬᠠᠷᠢᠴᠤᠳ ᠲᠤ ᠰᠠᠭᠠᠳ ᠬᠢᠵᠦ ᠪᠣᠯᠬᠤ ᠦᠭᠡᠢ᠃ 20 ᠬᠠᠷᠢᠨ ᠲᠡᠳᠡ ᠨᠠᠷ ᠲᠤ ᠵᠠᠬᠢᠶ᠎ᠠ ᠪᠢᠴᠢᠵᠦ᠂ ᠴᠠᠯᠢᠭ ᠰᠢᠲᠦᠭᠡᠨ ᠳᠦ ᠡᠷᠭᠦᠭᠰᠡᠨ ᠪᠤᠵᠠᠷ ᠢᠳᠡᠭᠡᠨ ᠪᠠ ᠰᠠᠳᠤᠷ ᠰᠠᠮᠠᠭᠤᠨ ᠶᠠᠪᠤᠳᠠᠯ᠂ ᠴᠢᠰᠤ ᠪᠣᠯᠣᠨ ᠪᠣᠭᠣᠮᠢᠯᠠᠵᠤ ᠠᠯᠠᠭᠰᠠᠨ ᠠᠮᠢᠲᠠᠨ ᠤ ᠮᠢᠬ᠎ᠠ ᠶᠢ ᠴᠡᠭᠡᠷᠯᠡᠭᠦᠯᠬᠦ ᠬᠡᠷᠡᠭᠲᠡᠢ ᠭᠡᠵᠦ ᠪᠢ ᠦᠵᠡᠵᠦ ᠪᠠᠢᠨ᠎ᠠ᠃ 21 ᠤᠴᠢᠷ ᠨᠢ᠂ ᠡᠷᠲᠡᠨ ᠡᠴᠡ ᠠᠪᠤᠭᠠᠳ ᠬᠥᠮᠦᠰ ᠬᠣᠲᠠ ᠪᠣᠯᠭᠠᠨ ᠳᠤ ᠮᠣᠰᠧ ᠶᠢᠨ ᠬᠠᠤᠯᠢ ᠶᠢ ᠨᠣᠮᠯᠠᠭᠤᠯᠵᠤ᠂ ᠠᠮᠠᠷᠠᠯ ᠤᠨ ᠡᠳᠦᠷ ᠪᠣᠯᠭᠠᠨ ᠬᠤᠷᠠᠯ ᠤᠨ ᠲᠠᠩᠬᠢᠮ ᠳᠤ ᠤᠩ᠋ᠰᠢᠳᠠᠭ ᠪᠠᠢᠵᠠᠢ》 ᠭᠡᠪᠡ᠃
22 ᠲᠡᠢᠮᠦ ᠡᠴᠡ ᠰᠢᠳᠠᠷ ᠱᠠᠪᠢ ᠨᠠᠷ᠂ ᠠᠬᠠᠯᠠᠭᠴᠢᠳ ᠪᠠ ᠪᠦᠬᠦ ᠴᠢᠭᠤᠯᠭᠠᠨ ᠤ ᠬᠢᠨ ᠥᠪᠡᠷᠰᠡᠳ ᠦᠨ ᠢᠶᠠᠨ ᠳᠤᠮᠳᠠ ᠠᠴᠠ ᠬᠥᠮᠦᠨ ᠰᠣᠩ᠋ᠭᠣᠵᠤ ᠫᠠᠦ᠋ᠯ ᠪᠠ ᠪᠠᠷᠨᠠᠪᠠ ᠲᠠᠢ ᠬᠠᠮᠲᠤ ᠠᠨᠲ᠋ᠢᠶᠣᠬᠢᠶᠠ ᠳᠤ ᠶᠠᠪᠤᠭᠤᠯᠬᠤ ᠪᠠᠷ ᠰᠢᠢᠳᠦᠭᠰᠡᠨ ᠳᠦ᠂ ᠠᠬ᠎ᠠ ᠳᠡᠭᠦᠦ ᠨᠠᠷ ᠤᠨ ᠤᠳᠤᠷᠢᠳᠤᠭᠴᠢ ᠪᠠᠷᠰᠠᠪᠠ ᠭᠡᠳᠡᠭ ᠶᠦᠳᠠ᠂ ᠰᠢᠯᠠ ᠬᠣᠶᠠᠷ ᠰᠣᠩ᠋ᠭᠣᠭᠳᠠᠵᠠᠢ᠃ 23 ᠲᠡᠳᠡ ᠨᠠᠷ ᠢᠶᠠᠷ ᠢᠯᠡᠭᠡᠭᠰᠡᠨ ᠵᠠᠬᠢᠳᠠᠯ ᠳᠠᠭᠠᠨ᠄ 《ᠰᠢᠳᠠᠷ ᠱᠠᠪᠢ ᠨᠠᠷ᠂ ᠠᠬᠠᠯᠠᠭᠴᠢ ᠠᠬ᠎ᠠ ᠳᠡᠭᠦᠦ ᠨᠠᠷ ᠴᠢᠨᠢ ᠠᠨᠲ᠋ᠢᠶᠣᠬᠢᠶᠠ ᠬᠣᠲᠠ ᠪᠠ ᠰᠢᠷᠢᠶ᠎ᠠ᠂ ᠺᠢᠯᠢᠺᠢᠶ᠎ᠠ ᠨᠤᠲᠤᠭ ᠲᠤ ᠰᠠᠭᠤᠭ᠎ᠠ ᠬᠠᠷᠢ ᠶᠢᠨ ᠠᠬ᠎ᠠ ᠳᠡᠭᠦᠦᠰ ᠲᠦ ᠮᠡᠨᠳᠦ ᠬᠦᠷᠭᠡᠶ᠎ᠡ᠃ 24 ᠮᠠᠨ ᠤ ᠡ᠊ᠨᠳᠡ ᠡᠴᠡ ᠬᠡᠳᠦᠨ ᠬᠥᠮᠦᠨ ᠣᠴᠢᠵᠤ᠂ ᠬᠡᠯᠡᠭᠰᠡᠨ ᠦᠭᠡ ᠪᠡᠷ ᠢᠶᠠᠨ ᠰᠡᠳᠬᠢᠯ ᠰᠠᠨᠠᠭ᠎ᠠ ᠶᠢ ᠲᠠᠨᠢ ᠦᠢᠮᠡᠭᠦᠯᠦᠨ ᠵᠣᠪᠠᠭᠠᠭᠰᠠᠨ ᠭᠡᠵᠦ ᠪᠢᠳᠡ ᠰᠣᠨᠣᠰᠣᠯ᠎ᠠ᠃ ᠬᠠᠷᠢᠨ ᠪᠢᠳᠡ ᠶᠡᠷᠦ ᠲᠡᠢᠨ ᠬᠦ ᠵᠠᠬᠢᠵᠤ ᠪᠠᠢᠭ᠎ᠠ ᠦᠭᠡᠢ᠃ 25 ᠡᠢᠮᠦ ᠡᠴᠡ ᠪᠢᠳᠡ ᠬᠥᠮᠦᠰ ᠢ ᠰᠣᠩ᠋ᠭᠣᠵᠤ᠂ ᠬᠠᠢᠷᠠᠲᠤ ᠠᠬ᠎ᠠ ᠳᠡᠭᠦᠦ ᠪᠠᠷᠨᠠᠪᠠ ᠪᠣᠯᠣᠨ ᠫᠠᠦ᠋ᠯ ᠲᠠᠢ ᠬᠠᠮᠲᠤ ᠲᠠ ᠨᠠᠷ ᠤᠷᠤᠭᠤ ᠶᠠᠪᠤᠭᠤᠯᠬᠤ ᠪᠠᠷ ᠰᠡᠳᠬᠢᠯ ᠨᠢᠭᠡᠳᠦᠨ ᠰᠢᠢᠳᠦᠭᠰᠡᠨ ᠪᠠᠢᠨ᠎ᠠ᠃ 26 ᠲᠡᠷᠡ ᠬᠣᠶᠠᠷ ᠪᠣᠯ ᠪᠢᠳᠡᠨ ᠦ ᠡᠵᠡᠨ ᠢᠰᠦ᠋ᠰ ᠾᠷᠢᠰᠲ᠋ᠣᠰ ᠤᠨ ᠨᠡᠷ᠎ᠡ ᠶᠢᠨ ᠲᠥᠯᠥᠭᠡ ᠠᠮᠢ ᠪᠠᠨ ᠬᠠᠢᠷᠠᠯᠠᠳᠠᠭ ᠦᠭᠡᠢ ᠬᠥᠮᠦᠰ ᠪᠢᠯᠡ᠃ 27 ᠡᠢᠮᠦ ᠡᠴᠡ ᠪᠢᠳᠡ ᠶᠦᠳᠠ ᠪᠣᠯᠣᠨ ᠰᠢᠯᠠ ᠶᠢ ᠶᠠᠪᠤᠭᠤᠯᠤᠯ᠎ᠠ᠃ ᠲᠡᠳᠡ ᠡᠳᠡᠭᠡᠷ ᠢ ᠠᠮᠠ ᠪᠠᠷ ᠢᠶᠠᠨ ᠳᠤᠭᠤᠯᠭᠠᠬᠤ ᠪᠣᠯᠣᠨ᠎ᠠ᠃ 28 ᠳᠠᠷᠠᠭᠠᠬᠢ ᠭᠣᠣᠯ ᠵᠦᠢᠯ ᠡᠴᠡ ᠭᠠᠳᠠᠨ᠎ᠠ ᠢᠯᠡᠭᠦᠦ ᠠᠴᠢᠶ᠎ᠠ ᠶᠢ ᠲᠠ ᠨᠠᠷ ᠲᠤ ᠲᠣᠬᠣᠬᠤ ᠶᠣᠰᠣ ᠦᠭᠡᠢ ᠭᠡᠵᠦ ᠠᠷᠢᠭᠤᠨ ᠰᠦᠨᠡᠰᠦ ᠪᠠ ᠪᠢᠳᠡᠨ ᠳᠦ ᠰᠠᠨᠠᠭᠳᠠᠪᠠ᠃ 29 ᠴᠠᠯᠢᠭ ᠰᠢᠲᠦᠭᠡᠨ ᠳᠦ ᠡᠷᠭᠦᠭᠰᠡᠨ ᠢᠳᠡᠭᠡᠨ ᠪᠣᠯᠣᠨ ᠴᠢᠰᠤ᠂ ᠪᠣᠭᠣᠮᠢᠯᠠᠵᠤ ᠠᠯᠠᠭᠰᠠᠨ ᠠᠮᠢᠲᠠᠨ ᠪᠠ ᠰᠠᠳᠤᠷ ᠰᠠᠮᠠᠭᠤᠨ ᠢ ᠴᠡᠭᠡᠷᠯᠡᠭᠲᠦᠨ᠃ ᠡᠳᠡᠭᠡᠷ ᠡᠴᠡ ᠵᠠᠢᠳᠠᠪᠠᠯ ᠰᠠᠢᠨ᠃ ᠪᠠᠶᠠᠷᠲᠠᠢ》 ᠭᠡᠪᠡ᠃
30 ᠲᠡᠳᠡ ᠠᠶᠠᠷᠯᠠᠭᠠᠳ ᠠᠨᠲ᠋ᠢᠶᠣᠬᠢᠶᠠ ᠳᠤ ᠬᠦᠷᠴᠦ᠂ ᠣᠯᠠᠨ ᠢᠶᠠᠨ ᠴᠤᠭᠯᠠᠭᠤᠯᠤᠭᠠᠳ ᠵᠠᠬᠢᠳᠠᠯ ᠢ ᠥᠭᠭᠥᠭᠰᠡᠨ ᠳᠦ᠂ 31 ᠲᠡᠳᠡ ᠵᠣᠷᠢᠭᠵᠢᠭᠤᠯᠤᠯ ᠤᠨ ᠦᠭᠡᠰ ᠢ ᠤᠩ᠋ᠰᠢᠭᠠᠳ ᠪᠠᠶᠠᠷᠯᠠᠵᠠᠭᠠᠪᠠ᠃ 32 ᠶᠦᠳᠠ ᠪᠠ ᠰᠢᠯᠠ ᠴᠤ ᠡᠰᠢ ᠦᠵᠡᠭᠦᠯᠦᠭᠴᠢ ᠪᠣᠯᠬᠣᠷ ᠣᠯᠠᠨ ᠰᠤᠷᠭᠠᠯ ᠢᠶᠠᠷ ᠠᠬ᠎ᠠ ᠳᠡᠭᠦᠦ ᠨᠠᠷ ᠢ ᠵᠣᠷᠢᠭᠵᠢᠭᠤᠯᠤᠨ ᠪᠠᠲᠤᠳᠬᠠᠪᠠ᠃ 33 ᠲᠡᠷᠡ ᠬᠣᠶᠠᠷ ᠲᠡᠨᠳᠡ ᠪᠡᠨ ᠲᠦᠷ ᠰᠠᠭᠤᠭᠰᠠᠨ ᠤ ᠳᠠᠷᠠᠭ᠎ᠠ᠂ ᠠᠬ᠎ᠠ ᠳᠡᠭᠦᠦ ᠨᠠᠷ ᠨᠢ ᠲᠡᠳᠡᠨ ᠦ ᠠᠮᠤᠷ ᠲᠠᠢᠪᠤᠩ ᠢ ᠢᠷᠥᠭᠡᠭᠡᠳ ᠦᠳᠡᠭᠰᠡᠨ ᠳᠦ᠂ ᠲᠡᠳᠡ ᠥᠪᠡᠷᠰᠡᠳ ᠢ ᠨᠢ ᠢᠯᠡᠭᠡᠭᠰᠡᠨ ᠬᠥᠮᠦᠰ ᠤᠷᠤᠭᠤ ᠪᠠᠨ ᠪᠤᠴᠠᠯ᠎ᠠ᠃ 34 13 35 ᠫᠠᠦ᠋ᠯ ᠪᠠᠷᠨᠠᠪᠠ ᠬᠣᠶᠠᠷ ᠪᠤᠰᠤᠳ ᠣᠯᠠᠨ ᠬᠥᠮᠦᠨ ᠲᠡᠢ ᠬᠠᠮᠲᠤ ᠡᠵᠡᠨ ᠦ ᠦᠭᠡ ᠶᠢ ᠵᠢᠭᠠᠨ ᠳᠡᠯᠭᠡᠷᠡᠭᠦᠯᠵᠦ᠂ ᠠᠨᠲ᠋ᠢᠶᠣᠬᠢᠶᠠ ᠳᠠᠭᠠᠨ ᠰᠠᠭᠤᠵᠤ ᠪᠠᠢᠯ᠎ᠠ᠃
ᠬᠣᠶᠠᠳᠤᠭᠠᠷ ᠤᠳᠠᠭᠠᠨ ᠤ ᠭᠠᠳᠠᠭᠠᠳᠤ ᠠᠶᠠᠯᠠᠯ
36 ᠬᠡᠰᠡᠭ ᠬᠤᠭᠤᠴᠠᠭᠠᠨ ᠤ ᠳᠠᠷᠠᠭ᠎ᠠ᠂ ᠫᠠᠦ᠋ᠯ ᠪᠠᠷᠨᠠᠪᠠ ᠳᠠᠭᠠᠨ᠄ 《ᠵᠠ᠂ ᠪᠢᠳᠡ ᠡᠵᠡᠨ ᠦ ᠦᠭᠡ ᠶᠢ ᠳᠡᠯᠭᠡᠷᠡᠭᠦᠯᠦᠭᠰᠡᠨ ᠬᠣᠲᠠ ᠪᠣᠯᠭᠠᠨ ᠢᠶᠠᠷ ᠢᠶᠠᠨ ᠳᠠᠬᠢᠨ ᠣᠴᠢᠵᠤ᠂ ᠠᠬ᠎ᠠ ᠳᠡᠭᠦᠦ ᠨᠠᠷ ᠤᠨ ᠶᠠᠮᠠᠷ ᠪᠠᠢᠭ᠎ᠠ ᠶᠢ ᠦᠵᠡᠵᠡᠭᠡᠶ᠎ᠡ》 ᠭᠡᠪᠡ᠃ 37 ᠪᠠᠷᠨᠠᠪᠠ ᠮᠠᠷᠺ ᠭᠡᠭᠳᠡᠳᠡᠭ ᠶᠣᠬᠠᠨ ᠢ ᠳᠠᠭᠠᠭᠤᠯᠬᠤ ᠶᠢ ᠬᠦᠰᠡᠭᠰᠡᠨ ᠳᠦ᠂ 38 ᠫᠠᠦ᠋ᠯ ᠫᠠᠮᠹᠦ᠋ᠯᠢᠶᠠ ᠳᠤ ᠪᠢᠳᠡᠨ ᠡᠴᠡ ᠰᠠᠯᠤᠭᠠᠳ ᠬᠠᠮᠲᠤ ᠶᠠᠪᠤᠵᠤ ᠠᠵᠢᠯᠯᠠᠬᠤ ᠪᠠᠨ ᠪᠣᠯᠢᠭᠰᠠᠨ ᠬᠥᠮᠦᠨ ᠢ ᠳᠠᠭᠠᠭᠤᠯᠬᠤ ᠬᠡᠷᠡᠭ ᠦᠭᠡᠢ ᠭᠡᠵᠦ ᠦᠵᠡᠪᠡ᠃ 39 ᠲᠡᠷᠡ ᠬᠣᠶᠠᠷ ᠤᠨ ᠬᠣᠭᠣᠷᠣᠨᠳᠣ ᠬᠤᠷᠴᠠ ᠵᠥᠷᠢᠯᠳᠦᠭᠡᠨ ᠡᠭᠦᠰᠦᠭᠰᠡᠨ ᠦ ᠤᠯᠠᠮ ᠠᠴᠠ ᠲᠡᠳᠡ ᠰᠠᠯᠤᠯᠴᠠᠪᠠ᠃ ᠪᠠᠷᠨᠠᠪᠠ ᠮᠠᠷᠺ ᠢ ᠳᠠᠭᠠᠭᠤᠯᠤᠨ ᠣᠩ᠋ᠭᠣᠴᠠ ᠪᠠᠷ ᠰᠠᠢᠫᠷᠦ᠋ᠰ ᠠᠷᠠᠯ ᠤᠷᠤᠭᠤ ᠶᠠᠪᠤᠬᠤ ᠳᠤ᠂ 40 ᠫᠠᠦ᠋ᠯ ᠰᠢᠯᠠ ᠶᠢ ᠰᠣᠩ᠋ᠭᠣᠨ ᠠᠪᠴᠤ ᠵᠠᠮ ᠰᠠᠯᠪᠠ᠃ ᠠᠬ᠎ᠠ ᠳᠡᠭᠦᠦ ᠨᠠᠷ ᠲᠡᠭᠦᠨ ᠢ ᠡᠵᠡᠨ ᠦ ᠢᠪᠡᠭᠡᠯ ᠳᠦ ᠲᠤᠰᠢᠶᠠᠨ ᠶᠠᠪᠤᠭᠤᠯᠤᠭᠰᠠᠨ ᠳᠤ᠂ 41 ᠲᠡᠷᠡ ᠰᠢᠷᠢᠶ᠎ᠠ ᠬᠢᠭᠡᠳ ᠺᠢᠯᠢᠺᠢᠶ᠎ᠠ ᠪᠠᠷ ᠶᠠᠪᠤᠵᠤ ᠴᠢᠭᠤᠯᠭᠠᠨ ᠨᠤᠭᠤᠳ ᠢ ᠪᠠᠲᠤᠵᠢᠭᠤᠯᠪᠠ᠃