1 2 3 4 5 6 7 8 9 10 11 12 13 14 15 16 17 18 19 20 21 22 23 24 25 26 27 28


ᠦᠢᠯᠡᠰ ᠬᠣᠷᠢ
 ᠮᠠᠺᠧᠳᠣᠨᠢᠶ᠎ᠠ ᠪᠠ ᠭᠷᠧᠭ ᠲᠤ

1 ᠱᠤᠤᠭᠢᠯᠳᠤᠭᠠᠨ ᠳᠠᠭᠤᠰᠤᠭᠰᠠᠨ ᠤ ᠳᠠᠷᠠᠭ᠎ᠠ᠂ ᠫᠠᠦ᠋ᠯ ᠱᠠᠪᠢ ᠨᠠᠷ ᠢᠶᠠᠨ ᠢᠷᠡᠭᠦᠯᠦᠨ ᠵᠣᠷᠢᠭᠵᠢᠭᠤᠯᠵᠤ᠂ ᠠᠶᠠᠷᠯᠠᠭᠠᠳ ᠮᠠᠺᠧᠳᠣᠨᠢᠶ᠎ᠠ ᠶᠢ ᠵᠣᠷᠢᠯ᠎ᠠ᠃ 2 ᠲᠡᠷᠡ ᠲᠡᠨᠳᠡᠬᠢ ᠨᠤᠲᠤᠭ ᠢᠶᠠᠷ ᠶᠠᠪᠤᠵᠤ᠂ ᠣᠯᠠᠨ ᠦᠭᠡ ᠪᠡᠷ ᠱᠠᠪᠢ ᠨᠠᠷ ᠢ ᠵᠣᠷᠢᠭᠵᠢᠭᠤᠯᠤᠭᠰᠠᠨ ᠤ ᠳᠠᠷᠠᠭ᠎ᠠ᠂ ᠭᠷᠧᠭ ᠲᠤ ᠬᠦᠷᠴᠦ 3 ᠲᠡᠨᠳᠡ ᠭᠤᠷᠪᠠᠨ ᠰᠠᠷ᠎ᠠ ᠰᠠᠭᠤᠪᠠ᠃ ᠫᠠᠦ᠋ᠯ ᠣᠩ᠋ᠭᠣᠴᠠ ᠪᠠᠷ ᠰᠢᠷᠢᠶ᠎ᠠ ᠤᠷᠤᠭᠤ ᠶᠠᠪᠤᠬᠤ ᠭᠡᠵᠦ ᠪᠠᠢᠲᠠᠯ᠎ᠠ ᠶᠦᠳᠠᠢᠴᠤᠳ ᠲᠡᠭᠦᠨ ᠦ ᠡᠰᠡᠷᠭᠦ ᠬᠤᠤᠪᠢᠯᠳᠤᠭᠰᠠᠨ ᠲᠤᠯᠠ ᠮᠠᠺᠧᠳᠣᠨᠢᠶ᠎ᠠ ᠪᠠᠷ ᠳᠠᠮᠵᠢᠨ ᠪᠤᠴᠠᠬᠤ ᠪᠠᠷ ᠰᠢᠢᠳᠴᠡᠢ᠃ 4 ᠲᠡᠭᠦᠨ ᠲᠡᠢ ᠬᠠᠮᠲᠤ ᠶᠠᠪᠤᠭᠰᠠᠳ ᠪᠣᠯ ᠪᠧᠷᠣᠶ᠎ᠠ ᠨᠤᠲᠤᠭ ᠤᠨ ᠫᠦᠷ ᠦᠨ ᠬᠥᠪᠡᠭᠦᠨ ᠰᠣᠫᠠᠲ᠋ᠧᠷ᠂ ᠲᠧᠰᠠᠯᠦ᠋ᠨᠢᠺ ᠤᠨ ᠠᠷᠢᠰᠲ᠋ᠠᠷᠺ ᠪᠣᠯᠣᠨ ᠰᠧᠺᠦ᠋ᠨᠳ᠋᠂ ᠪᠠᠰᠠ ᠳ᠋ᠧᠷᠪᠧ ᠨᠤᠲᠤᠭ ᠤᠨ ᠭᠠᠢᠶᠣ᠋ ᠡᠴᠡ ᠭᠠᠳᠠᠨ᠎ᠠ᠂ ᠲᠢᠮᠣᠲ᠂ ᠠᠽᠢᠶ᠎ᠠ ᠶᠢᠨ ᠲᠦᠬᠢᠺ ᠪᠣᠯᠣᠨ ᠲᠷᠣᠹᠢᠮ ᠨᠠᠷ ᠶᠤᠮ᠃ 5 ᠲᠡᠳᠡ ᠤᠷᠢᠳᠠᠪᠠᠷ ᠶᠠᠪᠤᠭᠠᠳ ᠲᠷᠣᠶᠠ ᠳᠤ ᠪᠢᠳᠡᠨ ᠢ ᠬᠦᠯᠢᠶᠡᠵᠦ ᠪᠠᠢᠪᠠ᠃ 6 ᠢᠰᠭᠡᠭᠡ ᠦᠭᠡᠢ ᠪᠣᠣᠪᠣ ᠶᠢᠨ ᠪᠠᠶᠠᠷ ᠤᠨ ᠳᠠᠷᠠᠭ᠎ᠠ᠂ ᠪᠢᠳᠡ ᠹᠢᠯᠢᠫᠣᠢ ᠠᠴᠠ ᠣᠩ᠋ᠭᠣᠴᠠ ᠪᠠᠷ ᠶᠠᠪᠤᠵᠤ ᠲᠠᠪᠤᠨ ᠡᠳᠦᠷ ᠦᠨ ᠳᠠᠷᠠᠭ᠎ᠠ᠂ ᠲᠷᠣᠶᠠ ᠳᠤ ᠬᠦᠷᠦᠭᠡᠳ ᠲᠡᠳᠡᠨ ᠲᠡᠢ ᠨᠡᠢᠯᠡᠵᠦ᠂ ᠲᠡᠨᠳᠡ ᠳᠣᠯᠣᠭ᠎ᠠ ᠬᠣᠨᠣᠪᠠ᠃
 ᠲᠷᠣᠶᠠ ᠳᠤ

7 ᠠᠮᠠᠷᠠᠯ ᠤᠨ ᠳᠠᠷᠠᠭᠠᠬᠢ ᠡᠳᠦᠷ ᠪᠢᠳᠡ ᠪᠣᠣᠪᠣ ᠬᠤᠪᠢᠶᠠᠯᠴᠠᠬᠤ ᠪᠠᠷ ᠴᠤᠭᠯᠠᠷᠠᠪᠠ᠃ ᠫᠠᠦ᠋ᠯ ᠮᠠᠷᠭᠠᠰᠢ ᠨᠢ ᠶᠠᠪᠤᠬᠤ ᠪᠠᠷ ᠪᠠᠢᠭᠰᠠᠨ ᠲᠤᠯᠠ ᠰᠤᠷᠭᠠᠯ ᠢᠶᠠᠨ ᠰᠥᠨᠢ ᠳᠤᠮᠳᠠ ᠬᠦᠷᠲᠡᠯ᠎ᠡ ᠦᠷᠭᠦᠯᠵᠢᠯᠡᠭᠦᠯᠵᠡᠢ᠃ 8 ᠪᠢᠳᠡᠨ ᠦ ᠴᠤᠭᠯᠠᠷᠠᠭᠰᠠᠨ ᠳᠡᠭᠡᠳᠦ ᠳᠠᠪᠬᠤᠷ ᠤᠨ ᠥᠷᠥᠭᠡᠨ ᠳᠦ ᠵᠥᠩᠳᠡᠭᠡᠨ ᠳ᠋ᠧᠩ ᠪᠠᠢᠵᠠᠢ᠃ 9 ᠫᠠᠦ᠋ᠯ ᠤᠳᠠᠲᠠᠯ᠎ᠠ ᠰᠤᠷᠭᠠᠭᠰᠠᠨ ᠳᠤ᠂ ᠶᠦᠲ᠋ᠣᠺ ᠭᠡᠳᠡᠭ ᠵᠠᠯᠠᠭᠤ ᠴᠣᠩ᠋ᠬᠣᠨ ᠳᠡᠭᠡᠷ᠎ᠡ ᠰᠠᠭᠤᠨ ᠦᠷᠭᠡᠯᠡᠵᠦ ᠪᠠᠢᠭᠰᠠᠨ ᠢᠶᠠᠨ᠂ ᠨᠣᠢᠷ ᠲᠠᠭᠠᠨ ᠳᠡᠢᠯᠳᠡᠭᠡᠳ ᠭᠤᠷᠪᠠᠨ ᠳᠠᠪᠬᠤᠷ ᠠᠴᠠ ᠤᠨᠠᠪᠠ᠃ ᠪᠣᠰᠬᠠᠬᠤ ᠳᠤ᠂ ᠲᠡᠷᠡ ᠦᠬᠦᠴᠢᠬᠡᠭᠰᠡᠨ ᠪᠠᠢᠯ᠎ᠠ᠃ 10 ᠫᠠᠦ᠋ᠯ ᠪᠠᠭᠤᠨ ᠣᠴᠢᠵᠤ᠂ ᠲᠡᠭᠦᠨ ᠦ ᠳᠡᠭᠡᠷ᠎ᠡ ᠬᠡᠪᠲᠡᠨ ᠲᠡᠪᠡᠷᠢᠭᠡᠳ᠄ 《ᠪᠢᠲᠡᠭᠡᠢ ᠰᠠᠨᠳᠤᠷᠴᠠᠭ᠎ᠠ᠂ ᠲᠡᠷᠡ ᠠᠮᠢ ᠲᠠᠢ ᠪᠠᠢᠨ᠎ᠠ》 ᠭᠡᠯ᠎ᠡ᠃ 11 ᠫᠠᠦ᠋ᠯ ᠳᠠᠬᠢᠨ ᠳᠡᠭᠡᠭᠰᠢ ᠭᠠᠷᠴᠤ᠂ ᠪᠣᠣᠪᠣ ᠬᠤᠪᠢᠶᠠᠨ ᠠᠮᠰᠠᠯᠴᠠᠵᠤ ᠦᠷ ᠴᠠᠢᠲᠠᠯ᠎ᠠ ᠨᠡᠯᠢᠶᠡᠳ ᠶᠠᠷᠢᠯᠴᠠᠭᠠᠳ ᠶᠠᠪᠤᠪᠠ᠃ 12 ᠠᠮᠢᠳᠤᠷᠠᠭᠰᠠᠨ ᠲᠡᠷᠡ ᠵᠠᠯᠠᠭᠤ ᠶᠢ ᠬᠥᠮᠦᠰ ᠳᠠᠭᠠᠭᠤᠯᠵᠤ ᠬᠠᠷᠢᠭᠠᠳ᠂ ᠪᠠᠭ᠎ᠠ ᠦᠭᠡᠢ ᠲᠠᠢᠳᠬᠤᠷᠠᠵᠠᠭᠠᠵᠠᠢ᠃
 ᠲᠷᠣᠶᠠ ᠠᠴᠠ ᠮᠢᠯᠧᠲ ᠲᠤ ᠬᠦᠷᠲᠡᠯ᠎ᠡ

13 ᠪᠢᠳᠡ ᠣᠩ᠋ᠭᠣᠴᠠᠨ ᠳᠤ ᠰᠠᠭᠤᠵᠤ ᠠᠰᠣᠰ ᠤᠷᠤᠭᠤ ᠤᠷᠢᠳᠴᠢᠯᠠᠨ ᠶᠠᠪᠤᠭᠰᠠᠨ ᠪᠥᠭᠡᠳ ᠲᠡᠨᠳᠡ ᠡᠴᠡ ᠫᠠᠦ᠋ᠯ ᠢ ᠲᠤᠰᠴᠤ ᠠᠪᠬᠤ ᠭᠡᠵᠦ ᠪᠠᠢᠯ᠎ᠠ᠃ ᠤᠴᠢᠷ ᠨᠢ᠂ ᠫᠠᠦ᠋ᠯ ᠥᠪᠡᠷ ᠢᠶᠡᠨ ᠶᠠᠪᠠᠭᠠᠨ ᠶᠠᠪᠤᠬᠤ ᠰᠠᠨᠠᠭ᠎ᠠ ᠲᠠᠢ ᠲᠡᠭᠡᠵᠦ ᠲᠣᠬᠢᠷᠠᠭᠤᠯᠤᠭᠰᠠᠨ ᠶᠤᠮ᠃ 14 ᠫᠠᠦ᠋ᠯ ᠪᠢᠳᠡᠨ ᠲᠡᠢ ᠠᠰᠣᠰ ᠲᠤ ᠠᠭᠤᠯᠵᠠᠬᠤ ᠳᠤ᠂ ᠪᠢᠳᠡ ᠲᠡᠭᠦᠨ ᠢ ᠣᠩ᠋ᠭᠣᠴᠠᠨ ᠳᠠᠭᠠᠨ ᠠᠪᠴᠤ ᠮᠢᠲ᠋ᠦ᠋ᠯᠧᠨᠧ ᠳᠤ ᠬᠦᠷᠴᠡᠢ᠃ 15 ᠪᠢᠳᠡ ᠣᠩ᠋ᠭᠣᠴᠠ ᠪᠠᠷ ᠲᠡᠨᠳᠡ ᠡᠴᠡ ᠶᠠᠪᠤᠵᠤ ᠮᠠᠷᠭᠠᠰᠢ ᠨᠢ ᠺᠢᠶᠣ᠋ ᠶᠢᠨ ᠡᠰᠡᠷᠭᠦ ᠲᠠᠯ᠎ᠠ ᠳᠤ ᠬᠦᠷᠦᠭᠡᠳ ᠳᠠᠷᠠᠭ᠎ᠠ ᠡᠳᠦᠷ ᠨᠢ ᠰᠠᠮᠣ᠋ ᠣᠷᠣᠵᠤ᠂ ᠲᠡᠭᠦᠨ ᠦ ᠳᠠᠷᠠᠭ᠎ᠠ ᠡᠳᠦᠷ ᠨᠢ ᠮᠢᠯᠧᠲ ᠲᠤ ᠣᠴᠢᠯ᠎ᠠ᠃ 16 ᠫᠠᠦ᠋ᠯ ᠧᠹᠧᠰ ᠤᠨ ᠬᠠᠵᠠᠭᠤ ᠪᠠᠷ ᠭᠠᠷᠬᠤ ᠪᠠᠷ ᠰᠢᠢᠳᠦᠭᠰᠡᠨ ᠪᠠᠢᠵᠠᠢ᠃ ᠲᠡᠷᠡ ᠠᠯᠢ ᠪᠣᠯᠬᠤ ᠪᠠᠷ ᠲᠠᠪᠢᠨ ᠡᠳᠦᠷ ᠦᠨ ᠪᠠᠶᠠᠷ ᠠᠴᠠ ᠡᠮᠦᠨ᠎ᠡ ᠶᠧᠷᠦ᠋ᠰᠠᠯᠧᠮ ᠳᠤ ᠬᠦᠷᠬᠦ ᠪᠡᠷ ᠶᠠᠭᠠᠷᠠᠭᠰᠠᠨ ᠤᠴᠢᠷ ᠠᠴᠠ ᠠᠽᠢᠶ᠎ᠠ ᠶᠢᠨ ᠮᠤᠵᠢ ᠳᠤ ᠤᠳᠠᠬᠤ ᠶᠢ ᠬᠦᠰᠡᠭᠰᠡᠨ ᠦᠭᠡᠢ᠃
 ᠧᠹᠧᠰ ᠤᠨ ᠠᠬᠠᠯᠠᠭᠴᠢᠳ ᠢ ᠵᠣᠷᠢᠭᠵᠢᠭᠤᠯᠤᠭᠰᠠᠨ ᠨᠢ

17 ᠫᠠᠦ᠋ᠯ ᠮᠢᠯᠧᠲ ᠡᠴᠡ ᠧᠹᠧᠰ ᠲᠤ ᠬᠥᠮᠦᠨ ᠶᠠᠪᠤᠭᠤᠯᠵᠤ ᠴᠢᠭᠤᠯᠭᠠᠨ ᠤ ᠠᠬᠠᠯᠠᠭᠴᠢᠳ ᠢ ᠤᠷᠢᠵᠠᠢ᠃ 18 ᠲᠡᠳᠡ ᠢᠷᠡᠬᠦ ᠳᠦ᠂ ᠫᠠᠦ᠋ᠯ᠄ 《ᠠᠽᠢᠶ᠎ᠠ ᠳᠤ ᠠᠩᠬ᠎ᠠ ᠬᠥᠯ ᠲᠠᠯᠪᠢᠭᠰᠠᠨ ᠠᠴᠠ ᠣᠳᠣ ᠪᠣᠯᠲᠠᠯ᠎ᠠ ᠲᠠ ᠨᠠᠷ ᠤᠨ ᠳᠤᠮᠳᠠ ᠬᠡᠷᠬᠢᠨ ᠠᠮᠢᠳᠤᠷᠠᠵᠤ ᠢᠷᠡᠭᠰᠡᠨ ᠢ ᠮᠢᠨᠢ ᠲᠠ ᠨᠠᠷ ᠮᠡᠳᠡᠨ᠎ᠡ᠃ 19 ᠶᠦᠳᠠᠢᠴᠤᠳ ᠤᠨ ᠬᠤᠤᠪᠢᠯᠳᠤᠭᠠᠨ ᠨᠠᠮᠠᠶᠢ ᠰᠣᠷᠢᠳᠠᠭ ᠪᠠᠢᠭᠰᠠᠨ ᠴᠤ ᠪᠢ ᠲᠤᠢᠯ ᠤᠨ ᠳᠠᠷᠤᠤ ᠵᠠᠩ ᠪᠠ ᠨᠢᠯᠪᠤᠰᠤ ᠪᠠᠷ ᠢᠶᠠᠨ ᠡᠵᠡᠨ ᠳᠦ ᠦᠢᠯᠡᠴᠢᠯᠡᠵᠦ ᠢᠷᠡᠯ᠎ᠡ᠃ 20 ᠮᠥᠨ ᠲᠠ ᠨᠠᠷ ᠲᠤ ᠲᠤᠰᠠᠲᠠᠢ ᠯᠠ ᠶᠤᠮ ᠪᠣᠯ ᠪᠢ ᠡᠷᠡᠭᠡᠯᠵᠡᠯ ᠦᠭᠡᠢ ᠪᠠᠷ ᠨᠡᠢᠲᠡ ᠶᠢᠨ ᠡᠮᠦᠨ᠎ᠡ ᠴᠤ ᠭᠡᠰᠡᠨ᠂ ᠠᠢᠯ ᠤᠳ ᠲᠤ ᠴᠤ ᠭᠡᠰᠡᠨ ᠲᠠ ᠨᠠᠷ ᠲᠤ ᠵᠢᠭᠠᠳᠠᠭ ᠪᠠᠢᠯ᠎ᠠ᠃ 21 ᠶᠦᠳᠠᠢᠴᠤᠳ ᠲᠤ ᠴᠤ᠂ ᠭᠷᠧᠭᠴᠦᠳ ᠲᠦ ᠴᠤ ᠪᠤᠷᠬᠠᠨ ᠤᠷᠤᠭᠤ ᠡᠷᠭᠢᠵᠦ ᠭᠡᠮᠰᠢᠨ᠂ ᠪᠢᠳᠡᠨ ᠦ ᠡᠵᠡᠨ ᠢᠰᠦ᠋ᠰ ᠾᠷᠢᠰᠲ᠋ᠣᠰ ᠲᠤ ᠢᠲᠡᠭᠡᠬᠦ ᠶᠣᠰᠣᠲᠠᠢ ᠶᠢ ᠪᠢ ᠪᠠᠲᠤᠲᠠᠢ ᠬᠡᠯᠡᠵᠦ ᠪᠠᠢᠭᠰᠠᠨ᠃ 22 ᠵᠠ᠂ ᠠᠩ᠋ᠬᠠᠷᠤᠭᠲᠤᠨ︕ ᠪᠢ ᠠᠷᠢᠭᠤᠨ ᠰᠦᠨᠡᠰᠦᠨ ᠳᠡᠭᠡᠨ ᠤᠶᠠᠭᠳᠠᠨ ᠶᠧᠷᠦ᠋ᠰᠠᠯᠧᠮ ᠳᠤ ᠣᠴᠢᠨ᠎ᠠ᠂ ᠲᠡᠨᠳᠡ ᠨᠠᠳᠠ ᠳᠤ ᠶᠠᠭᠤ ᠲᠣᠬᠢᠶᠠᠯᠳᠤᠬᠤ ᠶᠢ ᠮᠡᠳᠡᠬᠦ ᠦᠭᠡᠢ᠃ 23 ᠬᠦᠯᠢᠶᠡᠰᠦ ᠪᠠ ᠵᠣᠪᠠᠯᠠᠩ ᠨᠠᠮᠠᠶᠢ ᠬᠦᠯᠢᠶᠡᠵᠦ ᠪᠠᠢᠭ᠎ᠠ ᠶᠢ ᠠᠷᠢᠭᠤᠨ ᠰᠦᠨᠡᠰᠦ ᠬᠣᠲᠠ ᠪᠣᠯᠭᠠᠨ ᠳᠤ ᠨᠠᠳᠠ ᠳᠤ ᠪᠠᠲᠤᠲᠠᠢ ᠬᠡᠯᠡᠵᠦ ᠪᠠᠢᠨ᠎ᠠ᠃ 24 ᠭᠡᠪᠡᠴᠦ ᠪᠢ ᠭᠦᠶᠦᠳᠡᠭ ᠢᠶᠡᠨ ᠭᠦᠶᠦᠭᠡᠳ ᠡᠵᠡᠨ ᠢᠰᠦ᠋ᠰ ᠡᠴᠡ ᠬᠦᠯᠢᠶᠡᠨ ᠠᠪᠤᠭᠰᠠᠨ ᠦᠢᠯᠡᠴᠢᠯᠡᠯ᠂ ᠲᠤᠬᠠᠢᠯᠠᠪᠠᠯ ᠪᠤᠷᠬᠠᠨ ᠤ ᠢᠪᠡᠭᠡᠯ ᠦᠨ ᠪᠠᠶᠠᠷ ᠤᠨ ᠮᠡᠳᠡᠭᠡ ᠶᠢ ᠭᠡᠷᠡᠴᠢᠯᠡᠬᠦ ᠡᠭᠦᠷᠭᠡ ᠪᠡᠨ ᠪᠡᠶᠡᠯᠡᠭᠦᠯᠴᠢᠭᠡᠳᠡᠭ᠌ ᠪᠣᠯ ᠠᠮᠢ ᠪᠠᠨ ᠬᠠᠢᠷᠠᠯᠠᠬᠤ ᠦᠭᠡᠢ᠃

25 ᠠᠩ᠋ᠬᠠᠷᠤᠭᠲᠤᠨ︕ ᠲᠠ ᠪᠦᠬᠦᠨ ᠮᠢᠨᠦ ᠴᠢᠷᠠᠢ ᠶᠢ ᠳᠠᠬᠢᠨ ᠣᠯᠵᠤ ᠬᠠᠷᠠᠬᠤ ᠦᠭᠡᠢ ᠶᠢ ᠪᠢ ᠮᠡᠳᠡᠨ᠎ᠡ᠃ ᠪᠢ ᠲᠠ ᠨᠠᠷ ᠤᠨ ᠳᠤᠮᠳᠠ ᠶᠠᠪᠤᠵᠤ ᠪᠤᠷᠬᠠᠨ ᠤ ᠬᠠᠭᠠᠨᠴᠢᠯᠠᠯ ᠢ ᠲᠤᠩ᠋ᠬᠠᠭᠯᠠᠳᠠᠭ ᠪᠠᠢᠭᠰᠠᠨ ᠲᠤᠯᠠ᠂ 26 ᠲᠠ ᠪᠦᠬᠦᠨ ᠦ ᠴᠢᠰᠤᠨ ᠳᠤ ᠪᠤᠷᠤᠭᠤ ᠦᠭᠡᠢ ᠭᠡᠳᠡᠭ ᠢᠶᠡᠨ ᠪᠢ ᠥᠨᠥᠳᠥᠷ ᠲᠠ ᠨᠠᠷ ᠲᠤ ᠭᠡᠷᠡᠴᠢᠯᠡᠶ᠎ᠡ᠃ 27 ᠤᠴᠢᠷ ᠨᠢ᠂ ᠪᠤᠷᠬᠠᠨ ᠤ ᠪᠦᠬᠦ ᠰᠠᠨᠠᠭ᠎ᠠ ᠶᠢ ᠲᠠ ᠨᠠᠷ ᠲᠤ ᠲᠤᠩ᠋ᠬᠠᠭᠯᠠᠬᠤ ᠶᠢ ᠪᠢ ᠣᠭᠣᠷᠣᠭ᠎ᠠ ᠦᠭᠡᠢ᠃ 28 ᠲᠠ ᠨᠠᠷ ᠥᠪᠡᠷ ᠦᠨ ᠪᠡᠶ᠎ᠡ ᠪᠠ ᠪᠦᠬᠦ ᠰᠦᠷᠦᠭ ᠲᠡᠭᠡᠨ ᠠᠩ᠋ᠬᠠᠷᠤᠯ ᠲᠠᠯᠪᠢ᠃ ᠠᠷᠢᠭᠤᠨ ᠰᠦᠨᠡᠰᠦ ᠲᠠ ᠨᠠᠷ ᠢ ᠬᠠᠷᠠᠭᠠᠯᠵᠠᠭᠴᠢ ᠪᠣᠯᠭᠠᠵᠤ ᠪᠤᠷᠬᠠᠨ ᠤ ᠴᠢᠰᠤ ᠪᠠᠷ ᠢᠶᠠᠨ ᠬᠤᠳᠠᠯᠳᠤᠵᠤ ᠠᠪᠤᠭᠰᠠᠨ ᠴᠢᠭᠤᠯᠭᠠᠨ ᠢ ᠬᠠᠷᠢᠭᠤᠯᠠᠭᠤᠯᠤᠭᠰᠠᠨ ᠶᠤᠮ᠃ 29 ᠨᠠᠮᠠᠶᠢ ᠶᠠᠪᠤᠭᠰᠠᠨ ᠤ ᠳᠠᠷᠠᠭ᠎ᠠ᠂ ᠳᠣᠭᠰᠢᠨ ᠴᠢᠨᠣ᠎ᠠ ᠨᠤᠭᠤᠳ ᠲᠠ ᠨᠠᠷ ᠤᠨ ᠳᠤᠮᠳᠠ ᠣᠷᠣᠭᠠᠳ ᠰᠦᠷᠦᠭ ᠲᠦ ᠴᠢᠨᠢ ᠡᠨᠡᠷᠢᠯ ᠦᠭᠡᠢ ᠬᠠᠨᠳᠤᠬᠤ ᠶᠢ ᠪᠢ ᠮᠡᠳᠡᠨ᠎ᠡ᠃ 30 ᠲᠠ ᠨᠠᠷ ᠤᠨ ᠳᠤᠮᠳᠠ ᠠᠴᠠ ᠴᠤ ᠭᠠᠵᠢᠭᠤ ᠶᠢ ᠶᠠᠷᠢᠵᠤ᠂ ᠱᠠᠪᠢ ᠨᠠᠷ ᠢ ᠪᠡᠶ᠎ᠡ ᠤᠷᠤᠭᠤ ᠪᠠᠨ ᠲᠠᠲᠠᠭᠴᠢᠳ ᠭᠠᠷᠬᠤ ᠪᠣᠯᠣᠨ᠎ᠠ᠃ 31 ᠲᠡᠢᠮᠦ ᠡᠴᠡ ᠲᠠ ᠨᠠᠷ ᠰᠡᠷᠡᠮᠵᠢᠲᠡᠢ ᠪᠠᠢᠭᠠᠷᠠᠢ᠃ ᠭᠤᠷᠪᠠᠨ ᠵᠢᠯ ᠤᠨ ᠲᠤᠷᠰᠢ ᠡᠳᠦᠷ ᠰᠥᠨᠢ ᠦᠭᠡᠢ ᠬᠥᠮᠦᠨ ᠪᠣᠯᠭᠠᠨ ᠳᠤ ᠨᠢᠯᠪᠤᠰᠤ ᠲᠠᠢ ᠪᠠᠷ ᠰᠠᠨᠠᠭᠤᠯᠵᠤ ᠶᠠᠪᠤᠭᠰᠠᠨ ᠢ ᠮᠢᠨᠢ ᠳᠤᠷᠠᠰᠴᠤ ᠪᠠᠢᠭᠠᠷᠠᠢ᠃ 32 ᠡᠳᠦᠭᠡ ᠪᠢ ᠲᠠ ᠨᠠᠷ ᠢ ᠪᠤᠷᠬᠠᠨ ᠳᠤ ᠪᠠ ᠲᠡᠭᠦᠨ ᠦ ᠢᠪᠡᠭᠡᠯ ᠦᠨ ᠦᠭᠡᠨ ᠳᠦ ᠲᠤᠰᠢᠶᠠᠶ᠎ᠠ᠃ ᠡᠨᠡ ᠦᠭᠡ ᠲᠠ ᠨᠠᠷ ᠢ ᠪᠣᠰᠬᠠᠵᠤ᠂ ᠠᠷᠢᠭᠤᠰᠬᠠᠭᠳᠠᠭᠰᠠᠨ ᠪᠦᠬᠦ ᠬᠥᠮᠦᠨ ᠦ ᠥᠮᠴᠢ ᠶᠢ ᠲᠠ ᠨᠠᠷ ᠲᠤ ᠣᠯᠭᠣᠵᠤ ᠴᠢᠳᠠᠨ᠎ᠠ᠃ 33 ᠬᠡᠨ ᠦ ᠴᠤ ᠠᠯᠲᠠ᠂ ᠮᠥᠩᠭᠥ ᠪᠤᠶᠤ ᠬᠤᠪᠴᠠᠰᠤ ᠬᠤᠨᠠᠷ ᠲᠤ ᠪᠢ ᠰᠢᠨᠤᠬᠠᠢᠷᠠᠵᠤ ᠪᠠᠢᠭ᠎ᠠ ᠦᠭᠡᠢ᠃ 34 ᠪᠢ ᠥᠪᠡᠷ ᠦᠨ ᠪᠣᠯᠣᠨ ᠬᠠᠮᠲᠤ ᠪᠠᠢᠭᠴᠢᠳ ᠤᠨ ᠢᠶᠠᠨ ᠬᠡᠷᠡᠭᠴᠡᠭᠡ ᠶᠢ ᠭᠠᠷ ᠢᠶᠠᠷ ᠢᠶᠠᠨ ᠬᠠᠩ᠋ᠭᠠᠳᠠᠭ ᠪᠠᠢᠭᠰᠠᠨ ᠢ ᠲᠠ ᠨᠠᠷ ᠮᠡᠳᠡᠵᠦ ᠪᠠᠢᠭ᠎ᠠ᠃ 35 ᠪᠢ ᠲᠠ ᠨᠠᠷ ᠲᠤ ᠪᠦᠬᠦ ᠲᠠᠯ᠎ᠠ ᠪᠠᠷ ᠵᠢᠱᠢᠶ᠎ᠡ ᠦᠵᠡᠭᠦᠯᠦᠭᠰᠡᠨ ᠲᠤᠯᠠ ᠲᠠ ᠨᠠᠷ ᠴᠤ 〈ᠥᠭᠬᠦ ᠨᠢ ᠠᠪᠬᠤ ᠠᠴᠠ ᠢᠯᠡᠭᠦᠦ ᠪᠤᠶᠠᠨ ᠲᠠᠢ〉 ᠭᠡᠰᠡᠨ ᠡᠵᠡᠨ ᠢᠰᠦ᠋ᠰ ᠤᠨ ᠦᠭᠡ ᠶᠢ ᠰᠠᠨᠠᠵᠤ᠂ ᠰᠢᠷᠭᠠᠭᠤ ᠬᠥᠳᠡᠯᠮᠦᠷᠢᠯᠡᠨ ᠪᠠᠭᠤᠷᠠᠢ ᠬᠥᠮᠦᠰ ᠲᠦ ᠲᠤᠰᠠᠯᠠᠬᠤ ᠶᠣᠰᠣᠲᠠᠢ》 ᠭᠡᠵᠦ ᠬᠡᠯᠡᠵᠡᠢ᠃

36 ᠫᠠᠦ᠋ᠯ ᠢᠩᠭᠢᠵᠦ ᠬᠡᠯᠡᠭᠡᠳ ᠰᠥᠭᠥᠳᠥᠨ ᠪᠦᠬᠦ ᠬᠥᠮᠦᠨ ᠲᠡᠢ ᠬᠠᠮᠲᠤ ᠳᠠᠭᠠᠳᠬᠠᠪᠠ᠃ 37 ᠣᠯᠠᠨ ᠢᠶᠠᠷ ᠢᠶᠠᠨ ᠶᠡᠬᠡᠳᠡ ᠤᠬᠢᠯᠠᠵᠤ᠂ ᠫᠠᠦ᠋ᠯ ᠢ ᠬᠦᠵᠦᠭᠦᠳᠡᠨ ᠦᠨᠦᠰᠦᠭᠰᠡᠭᠡᠷ ᠪᠠᠢᠯ᠎ᠠ᠃ 38 《ᠮᠢᠨᠦ ᠴᠢᠷᠠᠢ ᠶᠢ ᠳᠠᠬᠢᠨ ᠣᠯᠵᠤ ᠬᠠᠷᠠᠬᠤ ᠦᠭᠡᠢ》 ᠭᠡᠰᠡᠨ ᠲᠡᠭᠦᠨ ᠦ ᠦᠭᠡ ᠲᠡᠳᠡᠨ ᠢ ᠲᠤᠩ ᠵᠣᠪᠠᠭᠠᠵᠠᠢ᠃ ᠲᠡᠳᠡ ᠫᠠᠦ᠋ᠯ ᠢ ᠣᠩ᠋ᠭᠣᠴᠠᠨ ᠳᠤ ᠬᠦᠷᠲᠡᠯ᠎ᠡ ᠦᠳᠡᠪᠡ᠃