ᠶᠧᠷᠧᠮᠢᠶ᠎ᠠ ᠨᠢᠭᠡ
1 ᠪᠢᠨᠶᠠᠮᠢᠨ ᠨᠤᠲᠤᠭ ᠤᠨ ᠠᠨᠠᠲ᠋ᠣᠲ ᠳᠠᠬᠢ ᠲᠠᠬᠢᠯᠴᠢᠳ ᠤᠨ ᠨᠢᠭᠡ ᠾᠢᠯᠺᠢᠶ᠎ᠠ ᠶᠢᠨ ᠬᠦᠦ ᠶᠧᠷᠧᠮᠢᠶ᠎ᠠ ᠶᠢᠨ ᠦᠭᠡᠰ᠄ 2 ᠶᠦᠳᠠ ᠶᠢᠨ ᠬᠠᠭᠠᠨ᠂ ᠠᠮᠣᠨ ᠤ ᠬᠦᠦ ᠶᠣᠰᠢᠶ᠎ᠠ ᠶᠢᠨ ᠡᠳᠦᠷ ᠤᠳ ᠲᠤ᠂ ᠬᠠᠭᠠᠨᠴᠢᠯᠠᠯ ᠤᠨ ᠬᠢᠨᠢ ᠠᠷᠪᠠᠨ ᠭᠤᠷᠪᠠᠳᠤᠭᠠᠷ ᠣᠨ ᠳᠤ ᠶᠣᠬᠣᠸᠠ ᠶᠢᠨ ᠦᠭᠡᠰ ᠶᠧᠷᠧᠮᠢᠶ᠎ᠠ ᠳᠤ ᠪᠠᠭᠤᠵᠤ᠂ 3 ᠶᠦᠳᠠ ᠶᠢᠨ ᠬᠠᠭᠠᠨ᠂ ᠶᠣᠰᠢᠶ᠎ᠠ ᠶᠢᠨ ᠬᠦᠦ ᠶᠧᠬᠣᠢᠶᠠᠺᠢᠮ ᠤᠨ ᠡᠳᠦᠷ ᠤᠳ ᠢᠶᠠᠷ᠂ ᠪᠠᠰᠠ ᠶᠦᠳᠠ ᠶᠢᠨ ᠬᠠᠭᠠᠨ᠂ ᠶᠣᠰᠢᠶ᠎ᠠ ᠶᠢᠨ ᠬᠦᠦ ᠽᠧᠳᠧᠺᠢᠶ᠎ᠠ ᠶᠢᠨ ᠬᠠᠭᠠᠨᠴᠢᠯᠠᠯ ᠤᠨ ᠠᠷᠪᠠᠨ ᠨᠢᠭᠡᠳᠦᠭᠡᠷ ᠣᠨ ᠤ ᠲᠠᠪᠤᠳᠤᠭᠠᠷ ᠰᠠᠷ᠎ᠠ ᠳᠤ ᠶᠧᠷᠦ᠋ᠰᠠᠯᠧᠮ ᠤᠨ ᠬᠢᠨ ᠴᠥᠯᠡᠭᠳᠡᠬᠦ ᠬᠦᠷᠲᠡᠯ᠎ᠡ ᠢᠷᠡᠭᠰᠡᠭᠡᠷ ᠪᠠᠢᠪᠠ᠃
ᠶᠧᠷᠧᠮᠢᠶ᠎ᠠ ᠳᠠᠭᠤᠳᠠᠭᠳᠠᠪᠠ
4 ᠶᠣᠬᠣᠸᠠ ᠶᠢᠨ ᠦᠭᠡ ᠨᠠᠳᠠ ᠤᠷᠤᠭᠤ ᠢᠷᠡᠵᠦ᠄
5 《ᠡᠬᠡ ᠶᠢᠨ ᠲᠠᠨᠢ ᠬᠡᠪᠡᠯᠢ ᠳᠤ ᠪᠦᠷᠢᠯᠳᠦᠭᠦᠯᠬᠦ ᠡᠴᠡ ᠪᠡᠨ ᠡᠮᠦᠨ᠎ᠡ ᠪᠢ ᠴᠢᠮᠠᠶᠢ ᠮᠡᠳᠡᠭᠰᠡᠨ ᠲᠥᠷᠥᠬᠦ ᠡᠴᠡ ᠴᠢᠨᠢ ᠴᠤ ᠡᠮᠦᠨ᠎ᠡ ᠪᠢ ᠴᠢᠮᠠᠶᠢ ᠲᠤᠰᠠᠭᠠᠷᠯᠠᠵᠤ ᠦᠨᠳᠦᠰᠦᠲᠡᠨ ᠨᠦᠭᠦᠳ ᠦᠨ ᠡᠰᠢ ᠦᠵᠡᠭᠦᠯᠦᠭᠴᠢ ᠪᠣᠯᠭᠠᠨ ᠲᠣᠮᠢᠯᠠᠭᠰᠠᠨ》 ᠭᠡᠵᠡᠢ᠃
6 ᠪᠢ᠄ 《ᠥ᠂ ᠡᠵᠡᠨ ᠶᠣᠬᠣᠸᠠ︕ ᠪᠢ ᠨᠠᠰᠤ ᠪᠠᠭ᠎ᠠ ᠪᠣᠯᠬᠣᠷ ᠶᠠᠭᠠᠬᠢᠵᠤ ᠶᠠᠷᠢᠬᠤ ᠪᠠᠨ ᠮᠡᠳᠡᠬᠦ ᠦᠭᠡᠢ︕》 ᠭᠡᠬᠦ ᠳᠦ᠂
7 ᠶᠣᠬᠣᠸᠠ ᠨᠠᠳᠠ ᠳᠤ᠄ 《〈ᠨᠠᠰᠤ ᠪᠠᠭ᠎ᠠ〉 ᠭᠡᠵᠦ ᠪᠦᠦ ᠬᠡᠯᠡ ᠢᠯᠡᠭᠡᠬᠦ ᠭᠠᠵᠠᠷ ᠪᠦᠷᠢ ᠳᠤ ᠮᠢᠨᠢ ᠴᠢ ᠶᠠᠪᠤᠵᠤ ᠲᠤᠰᠢᠶᠠᠬᠤ ᠪᠦᠬᠦᠨ ᠢ ᠮᠢᠨᠢ ᠴᠢ ᠶᠠᠷᠢᠬᠤ ᠪᠣᠯᠣᠨ᠎ᠠ
8 ᠴᠢ ᠬᠡᠨ ᠡᠴᠡ ᠴᠤ ᠠᠶᠤᠬᠤ ᠬᠡᠷᠡᠭ ᠦᠭᠡᠢ ᠪᠢ ᠴᠢᠮ᠎ᠠ ᠲᠠᠢ ᠬᠠᠮᠲᠤ ᠪᠠᠢᠵᠤ ᠴᠢᠮᠠᠶᠢ ᠭᠡᠲᠦᠯᠭᠡᠨ᠎ᠡ᠂ ᠶᠣᠬᠣᠸᠠ ᠪᠢ ᠪᠠᠲᠤᠲᠠᠢ ᠬᠡᠯᠡᠵᠦ ᠪᠠᠢᠨ᠎ᠠ》 ᠭᠡᠪᠡ᠃
9 ᠶᠣᠬᠣᠸᠠ ᠮᠤᠲᠤᠷ ᠢᠶᠠᠨ ᠰᠤᠩ᠋ᠭᠠᠨ ᠮᠢᠨᠦ ᠠᠮᠠᠨ ᠳᠤ ᠬᠦᠷᠭᠡᠵᠦ ᠨᠠᠳᠠ ᠳᠤ᠄ 《ᠬᠠᠷ᠎ᠠ᠂ ᠪᠢ ᠥᠪᠡᠷ ᠦᠨ ᠢᠶᠠᠨ ᠦᠭᠡᠰ ᠢ ᠴᠢᠨᠦ ᠠᠮᠠᠨ ᠳᠤ ᠬᠢᠯ᠎ᠡ᠂
10 ᠬᠠᠷ᠎ᠠ᠂ ᠥᠨᠥᠳᠥᠷ ᠪᠢ ᠤᠯᠤᠰ ᠦᠨᠳᠦᠰᠦᠲᠡᠨ ᠨᠦᠭᠦᠳ ᠢ ᠵᠤᠯᠭᠠᠭᠠᠬᠤ ᠪᠠ ᠵᠤᠮᠠᠭᠠᠬᠤ ᠪᠠᠷ ᠰᠦᠢᠳᠬᠡᠬᠦ ᠪᠠ ᠰᠥᠨᠥᠭᠡᠬᠦ ᠪᠡᠷ ᠰᠡᠷᠭᠦᠭᠡᠬᠦ ᠪᠠ ᠰᠠᠭᠤᠯᠭᠠᠬᠤ ᠪᠠᠷ ᠴᠢᠮᠠᠶᠢ ᠲᠡᠳᠡᠨ ᠦ ᠳᠡᠭᠡᠷ᠎ᠡ ᠲᠣᠮᠢᠯᠠᠶᠠ》 ᠭᠡᠪᠡ᠃
11 ᠶᠣᠬᠣᠸᠠ ᠶᠢᠨ ᠦᠭᠡ ᠨᠠᠳᠠ ᠳᠡᠭᠡᠷ᠎ᠡ ᠢᠷᠡᠵᠦ᠄ 《ᠶᠧᠷᠧᠮᠢᠶ᠎ᠠ᠂ ᠴᠢ ᠶᠠᠭᠤ ᠬᠠᠷᠠᠵᠤ ᠪᠠᠢᠨ᠎ᠠ ᠪᠤᠢ︖》 ᠭᠡᠰᠡᠨ ᠳᠦ᠂ ᠪᠢ᠄ 《ᠭᠦᠢᠯᠡᠰᠦᠨ ᠮᠣᠳᠣᠨ ᠤ ᠮᠥᠴᠢᠷ ᠢ ᠬᠠᠷᠠᠵᠤ ᠪᠠᠢᠨ᠎ᠠ》 ᠭᠡᠪᠡ᠃ 12 ᠶᠣᠬᠣᠸᠠ ᠨᠠᠳᠠ ᠳᠤ᠄ 《ᠴᠢ ᠰᠠᠢᠨ ᠬᠠᠷᠠᠯ᠎ᠠ᠃ ᠪᠢ ᠦᠭᠡ ᠶᠢᠨ ᠢᠶᠠᠨ ᠪᠡᠶᠡᠯᠡᠭᠳᠡᠬᠦ ᠶᠢ ᠬᠠᠷᠠᠵᠤ ᠯᠠ 1 ᠪᠠᠢᠨ᠎ᠠ》 ᠭᠡᠪᠡ᠃ 13 ᠶᠣᠬᠣᠸᠠ ᠶᠢᠨ ᠦᠭᠡ ᠨᠠᠳᠠ ᠳᠤ ᠳᠠᠬᠢᠨ ᠢᠷᠡᠵᠦ᠄ 《ᠴᠢ ᠶᠠᠭᠤ ᠬᠠᠷᠠᠵᠤ ᠪᠠᠢᠨ᠎ᠠ ᠪᠤᠢ︖》 ᠭᠡᠯᠡ᠃ ᠪᠢ᠄ 《ᠬᠣᠢᠨ᠎ᠠ ᠲᠠᠯ᠎ᠠ ᠠᠴᠠ ᠪᠠᠨ ᠬᠠᠵᠠᠢᠭᠰᠠᠨ ᠪᠤᠴᠠᠯᠵᠤ ᠪᠤᠢ ᠲᠣᠭᠣᠭ᠎ᠠ ᠶᠢ ᠬᠠᠷᠠᠵᠤ ᠪᠠᠢᠨ᠎ᠠ》 ᠭᠡᠪᠡ᠃
14 ᠶᠣᠬᠣᠸᠠ ᠨᠠᠳᠠ ᠳᠤ᠄ 《ᠡᠨᠡ ᠨᠤᠲᠤᠭ ᠤᠨ ᠰᠠᠭᠤᠭᠠᠯᠢᠴᠢᠳ ᠪᠦᠭᠦᠳᠡ ᠶᠢᠨ ᠳᠡᠭᠡᠷ᠎ᠡ ᠬᠣᠢᠲᠤ ᠵᠦᠭ ᠡᠴᠡ ᠬᠣᠣᠷ ᠬᠥᠨᠥᠭᠡᠯ ᠬᠥᠮᠥᠷᠢᠬᠦ ᠪᠣᠯᠣᠨ᠎ᠠ᠃ 15 ᠶᠣᠬᠣᠸᠠ ᠪᠢ ᠪᠠᠲᠤᠲᠠᠢ ᠬᠡᠯᠡᠶ᠎ᠡ᠃ ᠬᠠᠷ᠎ᠠ᠂ ᠪᠢ ᠬᠣᠢᠲᠤ ᠵᠦᠭ ᠦᠨ ᠬᠠᠭᠠᠨᠴᠢᠯᠠᠯ ᠤᠳ ᠤᠨ ᠪᠦᠬᠦ ᠦᠨᠳᠦᠰᠦᠲᠡᠨ ᠢ ᠳᠠᠭᠤᠳᠠᠵᠤ ᠪᠠᠢᠨ᠎ᠠ︕ ᠲᠡᠳᠡ ᠢᠷᠡᠵᠦ ᠶᠧᠷᠦ᠋ᠰᠠᠯᠧᠮ ᠤᠨ ᠬᠠᠭᠠᠯᠭ᠎ᠠ ᠨᠤᠭᠤᠳ ᠳᠡᠭᠡᠷ᠎ᠡ ᠥᠪᠡᠷ ᠥᠪᠡᠷᠰᠡᠳ ᠦᠨ ᠢᠶᠠᠨ ᠰᠠᠭᠤᠳᠠᠯ ᠢ ᠪᠣᠰᠬᠠᠬᠤ ᠪᠥᠭᠡᠳ ᠬᠣᠲᠠ ᠶᠢᠨ ᠡᠷᠭᠢᠨ ᠲᠣᠭᠣᠷᠢᠨ ᠤ ᠬᠢᠨᠢ ᠬᠡᠷᠡᠮ ᠢ᠂ ᠮᠥᠨ ᠶᠦᠳᠠ ᠶᠢᠨ ᠪᠦᠬᠦ ᠬᠣᠲᠠ ᠶᠢ ᠴᠣᠬᠢᠨ᠎ᠠ᠃ 16 ᠲᠡᠢᠨ ᠬᠦ ᠪᠢ ᠨᠠᠮᠠᠶᠢ ᠣᠷᠬᠢᠵᠤ᠂ ᠪᠤᠰᠤᠳ ᠪᠤᠷᠬᠠᠳ ᠲᠤ ᠲᠠᠬᠢᠯ ᠡᠷᠭᠦᠨ᠂ ᠥᠪᠡᠷᠰᠡᠳ ᠦᠨ ᠭᠠᠷ ᠤᠨ ᠪᠦᠲᠦᠭᠡᠯ ᠳᠡᠭᠡᠨ ᠮᠥᠷᠭᠥᠭᠰᠡᠨ ᠪᠤᠵᠠᠷ ᠦᠢᠯᠡ ᠶᠢᠨ ᠬᠢᠨᠢ ᠤᠯᠠᠮ ᠢᠶᠠᠷ ᠠᠷᠠᠳ ᠲᠦᠮᠡᠨ ᠳᠡᠭᠡᠨ ᠶᠠᠯ᠎ᠠ ᠤᠨᠤᠭᠠᠨ᠎ᠠ᠃ 17 ᠣᠳᠣ ᠴᠢ ᠪᠦᠰᠡ ᠪᠡᠨ ᠴᠢᠩ᠋ᠭᠠᠯᠠᠵᠤ ᠪᠣᠰᠣᠭᠠᠳ ᠴᠢᠮ᠎ᠠ ᠳᠤ ᠲᠤᠰᠢᠶᠠᠬᠤ ᠪᠦᠬᠦᠨ ᠢ ᠮᠢᠨᠢ ᠲᠡᠳᠡᠨ ᠳᠦ ᠶᠠᠷᠢ᠃ ᠲᠡᠳᠡᠨ ᠦ ᠡᠮᠦᠨ᠎ᠡ ᠪᠦᠦ ᠰᠦᠷᠳᠡ᠂ ᠡᠰᠡ ᠲᠡᠭᠡᠪᠡᠯ ᠪᠢ ᠴᠢᠮᠠᠶᠢ ᠲᠡᠳᠡᠨ ᠦ ᠡᠮᠦᠨ᠎ᠡ ᠰᠦᠷᠳᠡᠭᠦᠯᠬᠦ ᠪᠣᠯᠣᠨ᠎ᠠ᠃ 18 ᠬᠠᠷ᠎ᠠ᠂ ᠥᠨᠥᠳᠥᠷ ᠪᠢ ᠥᠪᠡᠷ ᠢᠶᠡᠨ ᠴᠢᠮᠠᠶᠢ ᠲᠡᠷᠡ ᠪᠦᠬᠦ ᠨᠤᠲᠤᠭ ᠤᠨ ᠬᠢᠨ ᠤ ᠡᠮᠦᠨ᠎ᠡ᠂ ᠶᠦᠳᠠ ᠶᠢᠨ ᠬᠠᠭᠠᠳ᠂ ᠲᠦᠰᠢᠮᠡᠳ᠂ ᠲᠠᠬᠢᠯᠴᠢᠳ ᠬᠢᠭᠡᠳ ᠲᠡᠷᠡ ᠨᠤᠲᠤᠭ ᠤᠨ ᠠᠷᠠᠳ ᠲᠦᠮᠡᠨ ᠦ ᠡᠮᠦᠨ᠎ᠡ ᠪᠡᠬᠢᠯᠡᠯᠲᠡᠲᠦ ᠬᠣᠲᠠ᠂ ᠲᠡᠮᠦᠷ ᠪᠠᠭᠠᠨ᠎ᠠ ᠪᠤᠶᠤ ᠬᠦᠷᠡᠯ ᠬᠡᠷᠡᠮ ᠮᠡᠲᠦ ᠪᠣᠯᠭᠠᠯ᠎ᠠ᠃ 19 ᠲᠡᠳᠡ ᠴᠢᠮ᠎ᠠ ᠲᠠᠢ ᠲᠤᠯᠤᠯᠳᠤᠬᠤ ᠪᠣᠯᠪᠠᠴᠤ ᠴᠢᠮᠠᠶᠢ ᠳᠡᠢᠯᠬᠦ ᠦᠭᠡᠢ᠂ ᠪᠢ ᠴᠢᠮ᠎ᠠ ᠲᠠᠢ ᠬᠠᠮᠲᠤ ᠪᠠᠢᠵᠤ᠂ ᠴᠢᠮᠠᠶᠢ ᠭᠡᠲᠦᠯᠭᠡᠨ᠎ᠡ᠃ ᠶᠣᠬᠣᠸᠠ ᠪᠢ ᠪᠠᠲᠤᠲᠠᠢ ᠬᠡᠯᠡᠵᠦ ᠪᠠᠢᠨ᠎ᠠ》 ᠭᠡᠪᠡ᠃