1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠳᠥᠴᠢ ᠶᠢᠰᠦ
 ᠠᠮᠣᠨ ᠤ ᠲᠠᠯ᠎ᠠ ᠪᠠᠷ ᠬᠢ ᠡᠰᠢ ᠦᠵᠡᠭᠦᠯᠦᠯᠭᠡ

1 ᠠᠮᠣᠨᠴᠤᠳ ᠤᠨ ᠲᠤᠬᠠᠢ᠄ ᠶᠣᠬᠣᠸᠠ ᠡᠢᠨ ᠬᠦ ᠠᠢᠯᠠᠳᠴᠤ ᠪᠠᠢᠨ᠎ᠠ᠄ 《ᠢᠰᠷᠧᠯ ᠬᠥᠪᠡᠭᠦᠳ ᠦᠭᠡᠢ ᠤᠤ︖ ᠲᠡᠭᠦᠨ ᠳᠦ ᠥᠪ ᠵᠠᠯᠭᠠᠮᠵᠢᠯᠠᠭᠴᠢ ᠦᠭᠡᠢ ᠤᠤ︖ ᠶᠠᠭᠠᠬᠢᠭᠠᠳ ᠮᠣᠯᠧᠺ ᠭᠠᠳ᠋ ᠢ ᠡᠵᠡᠮᠰᠢᠵᠦ᠂ ᠲᠡᠭᠦᠨ ᠦ ᠠᠷᠠᠳ ᠲᠦᠮᠡᠨ ᠬᠣᠲᠠ ᠨᠤᠭᠤᠳ ᠲᠤᠨᠢ ᠰᠠᠭᠤᠷᠢᠰᠢᠪᠠ︖》
2 ᠲᠡᠢᠮᠦ ᠡᠴᠡ ᠶᠣᠬᠣᠸᠠ ᠠᠢᠯᠠᠳᠴᠤ ᠪᠠᠢᠨ᠎ᠠ᠄ 《ᠬᠠᠷᠠ᠂ ᠷᠠᠪᠠ ᠶᠢᠨ ᠠᠮᠣᠨᠴᠤᠳ ᠲᠤ ᠪᠠᠢᠯᠳᠤᠭᠠᠨ ᠤ ᠪᠦᠷᠢᠶᠡᠨ ᠳᠠᠭᠤ ᠶᠢ ᠰᠣᠨᠣᠰᠬᠠᠶ᠎ᠠ᠂ ᠲᠡᠷᠡ ᠡᠳᠦᠷ ᠤᠳ ᠢᠷᠡᠵᠦ ᠪᠠᠢᠨ᠎ᠠ᠂ ᠷᠠᠪᠠ ᠨᠤᠷᠠᠩᠬᠠᠢ ᠣᠪᠣᠭ᠎ᠠ ᠪᠣᠯᠵᠤ᠂ ᠬᠣᠲᠠ ᠲᠣᠰᠬᠣᠳ ᠨᠢ ᠰᠢᠲᠠᠭᠠᠭᠳᠠᠬᠤ ᠪᠥᠭᠡᠳ ᠢᠰᠷᠧᠯ ᠡᠵᠡᠮᠰᠢᠯ ᠢᠶᠠᠨ ᠪᠤᠴᠠᠭᠠᠨ ᠡᠵᠡᠮᠰᠢᠬᠦ ᠪᠣᠯᠣᠨ᠎ᠠ᠂》 ᠶᠣᠬᠣᠸᠠ ᠠᠢᠯᠠᠳᠴᠤ ᠪᠠᠢᠨ᠎ᠠ᠃
3 《ᠾᠧᠱᠪᠣᠨ ᠡ᠂ ᠭᠠᠰᠢᠭᠤᠳᠠᠭᠲᠤᠨ︕ ᠠᠢ ᠬᠣᠭᠣᠰᠣᠷᠠᠭᠰᠠᠨ᠂ ᠷᠠᠪᠠ ᠶᠢᠨ ᠥᠬᠢᠳ ᠡ᠂ ᠬᠠᠰᠬᠢᠷᠤᠭᠲᠤᠨ᠂ ᠲᠠᠭᠠᠷ ᠨᠥᠮᠥᠷᠴᠦ ᠭᠠᠰᠠᠯ᠂ ᠬᠠᠨ᠎ᠠ ᠬᠡᠷᠡᠮ ᠦᠨ ᠳᠣᠲᠣᠭᠤᠷ ᠨᠠᠰᠢ ᠴᠠᠰᠢ ᠪᠠᠨ ᠭᠦᠶᠦ᠂ ᠮᠣᠯᠧᠺ ᠲᠠᠬᠢᠯᠴᠢᠳ ᠪᠣᠯᠣᠨ ᠪᠠᠷ᠎ᠠ ᠪᠣᠯᠣᠭᠰᠠᠳ ᠲᠠᠢ ᠪᠠᠨ ᠬᠠᠮᠲᠤ ᠴᠥᠯᠡᠯᠭᠡ ᠳᠦ ᠶᠠᠪᠤᠬᠤ ᠪᠣᠯᠣᠨ᠎ᠠ᠃
4 ᠲᠡᠷᠰᠯᠡᠭᠦᠦ ᠥᠬᠢᠨ ᠴᠢ᠂ ᠶᠠᠭᠤᠨ ᠳᠤ ᠬᠥᠨᠳᠡᠢ ᠪᠠᠷ ᠢᠶᠠᠨ᠂ ᠤᠰᠤ ᠲᠠᠢ ᠬᠥᠨᠳᠡᠢ ᠪᠠᠷ ᠢᠶᠠᠨ ᠰᠠᠢᠷᠬᠠᠨ᠎ᠠ ᠪᠤᠢ︕ ᠶᠠᠭᠤᠨ ᠳᠤ ᠡᠳ᠋ ᠬᠥᠷᠥᠩᠭᠡᠨ ᠳᠡᠭᠡᠨ ᠢᠲᠡᠭᠡᠵᠦ 〈ᠨᠠᠮᠠᠶᠢ ᠬᠡᠨ ᠳᠣᠪᠲᠣᠯᠣᠨ᠎ᠠ︖〉 ᠭᠡᠬᠦ ᠨᠢ ᠪᠤᠢ︖
5 ᠠᠤᠭ᠎ᠠ ᠬᠦᠴᠦᠲᠦ ᠡᠵᠡᠨ ᠶᠣᠬᠣᠸᠠ ᠠᠢᠯᠠᠳᠴᠤ ᠪᠠᠢᠨ᠎ᠠ᠃ ᠬᠠᠷᠠ᠂ ᠪᠢ ᠡᠷᠭᠢᠨ ᠲᠣᠭᠣᠷᠢᠨ ᠠᠴᠠ ᠴᠢᠨᠢ ᠴᠢᠮ᠎ᠠ ᠳᠤ ᠠᠶᠤᠯ ᠠᠢᠳᠠᠰ ᠢ ᠠᠪᠴᠢᠷᠠᠨ᠎ᠠ᠃》 《ᠲᠠ ᠨᠠᠷ ᠤᠨ ᠬᠥᠮᠦᠨ ᠪᠦᠷᠢ ᠵᠦᠭ ᠪᠦᠷᠢ ᠳᠤ ᠲᠠᠷᠬᠠᠭᠠᠭᠳᠠᠵᠤ ᠳᠦᠷᠪᠡᠭᠰᠡᠳ ᠢ ᠴᠢᠨᠢ ᠴᠤᠭᠯᠠᠭᠤᠯᠬᠤ ᠬᠥᠮᠦᠨ ᠦᠭᠡᠢ ᠪᠣᠯᠣᠨ᠎ᠠ᠃
6 ᠬᠠᠷᠢᠨ ᠡᠭᠦᠨ ᠦ ᠳᠠᠷᠠᠭ᠎ᠠ ᠪᠢ ᠠᠮᠣᠨᠴᠤᠳ ᠤᠨ ᠴᠥᠯᠡᠭᠳᠡᠭᠰᠡᠳ ᠢ ᠪᠤᠴᠠᠭᠠᠨ᠎ᠠ᠂》 ᠶᠣᠬᠣᠸᠠ ᠠᠢᠯᠠᠳᠴᠤ ᠪᠠᠢᠨ᠎ᠠ᠃
 ᠡᠳᠣᠮ ᠤᠨ ᠲᠠᠯ᠎ᠠ ᠪᠠᠷ ᠬᠢ ᠡᠰᠢ ᠦᠵᠡᠭᠦᠯᠦᠯᠭᠡ

7 ᠡᠳᠣᠮ ᠤᠨ ᠲᠤᠬᠠᠢ᠄ ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 《ᠮᠡᠷᠭᠡᠨ ᠤᠬᠠᠭᠠᠨ ᠲᠧᠮᠠᠨ ᠳᠤ ᠠᠯᠠᠭ᠎ᠠ ᠪᠣᠯᠣᠭᠰᠠᠨ ᠭᠡᠵᠢ ᠤᠤ︖ ᠴᠡᠴᠡᠨ ᠬᠥᠮᠦᠨ ᠦ ᠵᠥᠪᠯᠡᠯᠭᠡ ᠠᠷᠢᠯᠤᠭᠰᠠᠨ ᠭᠡᠵᠢ ᠤᠤ︖ ᠲᠡᠳᠡᠨ ᠦ ᠮᠡᠷᠭᠡᠨ ᠤᠬᠠᠭᠠᠨ ᠡᠴᠦᠰᠯᠡᠭᠰᠡᠨ ᠭᠡᠵᠢ ᠤᠤ︖
8 ᠡᠷᠭᠢᠵᠦ ᠵᠢᠭᠤᠲᠠ᠂ ᠳ᠋ᠧᠳᠠᠨ ᠤ ᠰᠠᠭᠤᠭᠠᠯᠢᠴᠢᠳ ᠡ᠂ ᠭᠦᠨ ᠨᠦᠬᠡᠨ ᠳᠦ ᠨᠢᠭᠤᠭᠳᠠ ᠪᠢ ᠡᠰᠡᠦ᠋ ᠳᠤ ᠭᠠᠮᠰᠢᠭ ᠪᠠᠭᠤᠯᠭᠠᠨ᠎ᠠ᠂ ᠲᠡᠭᠦᠨ ᠢ ᠰᠢᠳᠬᠡᠬᠦ ᠴᠠᠭ ᠪᠣᠯᠣᠯ᠎ᠠ᠃
9 ᠦᠵᠦᠮ ᠲᠡᠭᠦᠭᠴᠢᠳ ᠴᠢᠮ᠎ᠠ ᠳᠡᠭᠡᠷ᠎ᠡ ᠢᠷᠡᠪᠡᠯ᠂ ᠵᠢᠭᠠᠬᠠᠨ ᠦᠯᠡᠳᠡᠭᠡᠳᠡᠭ ᠦᠭᠡᠢ ᠭᠡᠵᠢ ᠤᠤ︖ ᠰᠥᠨᠢ ᠪᠠᠷ ᠬᠤᠯᠠᠭᠠᠢᠴᠢᠳ ᠢᠷᠡᠪᠡᠯ᠂ ᠬᠦᠰᠡᠭᠰᠡᠨ ᠵᠦᠢᠯᠡᠰ ᠢᠶᠡᠨ ᠯᠠ ᠲᠣᠨᠣᠳᠠᠭ ᠪᠢᠰᠢ ᠤᠤ︖
10 ᠬᠠᠷᠢᠨ ᠪᠢ ᠡᠰᠡᠦ᠋ ᠶᠢ ᠨᠢᠴᠦᠭᠦᠷᠡᠭᠦᠯᠦᠨ᠎ᠡ᠂ ᠪᠢ ᠲᠡᠭᠦᠨ ᠦ ᠨᠢᠭᠤᠴᠠ ᠭᠠᠵᠠᠷ ᠤᠳ ᠢ ᠰᠡᠬᠦᠬᠦ ᠲᠤᠯᠠ ᠲᠡᠷᠡ ᠥᠪᠡᠷ ᠢ ᠪᠠᠨ ᠳᠠᠯᠳᠠᠯᠠᠵᠤ ᠴᠢᠳᠠᠬᠤ ᠦᠭᠡᠢ᠂ ᠲᠡᠭᠦᠨ ᠦ ᠦᠷ᠎ᠡ ᠤᠳᠤᠮ᠂ ᠰᠠᠳᠤᠨ ᠲᠥᠷᠥᠯ ᠪᠣᠯᠣᠨ ᠠᠢᠯ ᠬᠥᠷᠰᠢ ᠪᠦᠭᠦᠳᠡ ᠤᠰᠠᠳᠴᠤ᠂ ᠲᠡᠷᠡ ᠥᠪᠡᠷ ᠢᠶᠡᠨ ᠴᠤ ᠠᠯᠠᠭ᠎ᠠ ᠪᠣᠯᠣᠨ᠎ᠠ᠃
11 ᠴᠢ ᠥᠨᠥᠴᠢᠷᠡᠭᠰᠡᠳ ᠢᠶᠡᠨ ᠨᠠᠳᠠ ᠳᠤ ᠦᠯᠡᠳᠡᠭᠡ ᠪᠢ ᠲᠡᠳᠡᠨ ᠢ ᠠᠮᠢᠳᠤ ᠦᠯᠡᠳᠡᠭᠡᠨ᠎ᠡ ᠪᠡᠯᠪᠡᠰᠦᠨ ᠡᠮᠡᠭᠲᠡᠢᠴᠦᠳ ᠴᠢᠨᠢ ᠨᠠᠳᠠ ᠳᠤ ᠨᠠᠢᠳᠠᠬᠤ ᠪᠣᠯᠣᠨ᠎ᠠ᠂》

12 ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠠᠷᠠ᠂ ᠡᠨᠡ ᠠᠶᠠᠭᠠᠨ ᠠᠴᠠ ᠤᠤᠭᠤᠬᠤ ᠶᠠᠯ᠎ᠠ ᠦᠭᠡᠢ ᠬᠥᠮᠦᠨ ᠴᠤ ᠵᠠᠪᠠᠯ ᠤᠤᠭᠤᠬᠤ ᠠᠲᠠᠯ᠎ᠠ ᠴᠢ ᠶᠠᠭᠠᠬᠢᠨ ᠰᠢᠳᠬᠡᠯ ᠠᠪᠤᠯ ᠦᠭᠡᠢ ᠥᠩᠭᠡᠷᠡᠨ᠎ᠡ ᠪᠤᠢ︖ ᠴᠢ ᠰᠢᠳᠬᠡᠯ ᠠᠪᠤᠯ ᠦᠭᠡᠢ ᠥᠩᠭᠡᠷᠡᠬᠦ ᠦᠭᠡᠢ᠂ ᠵᠠᠪᠠᠯ ᠤᠤᠭᠤᠬᠤ ᠪᠣᠯᠣᠨ᠎ᠠ᠃ 13 ᠶᠣᠬᠣᠸᠠ ᠠᠢᠯᠠᠳᠴᠤ ᠪᠠᠢᠨ᠎ᠠ᠃ ᠮᠢᠨᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠪᠣᠽᠷᠠ ᠪᠠᠯᠭᠠᠰᠤ ᠪᠣᠯᠵᠤ᠂ ᠵᠢᠭ᠍ᠰᠢᠯ᠂ ᠵᠢᠪᠡᠭᠦᠴᠡᠯ᠂ ᠬᠠᠷᠢᠶᠠᠯ ᠪᠣᠯᠣᠨ᠎ᠠ᠂ ᠲᠡᠭᠦᠨ ᠦ ᠬᠣᠲᠠ ᠲᠣᠰᠬᠣᠳ ᠪᠦᠭᠦᠳᠡ ᠡᠭᠦᠷᠢᠳᠡ ᠶᠢᠨ ᠪᠠᠯᠭᠠᠰᠤ ᠪᠣᠯᠣᠨ᠎ᠠ᠃》

14 ᠪᠢ ᠶᠣᠬᠣᠸᠠ ᠶᠢᠨ ᠶᠠᠪᠤᠭᠤᠯᠤᠭᠰᠠᠨ ᠮᠡᠳᠡᠭᠡ ᠶᠢ ᠰᠣᠨᠣᠰᠣᠯ᠎ᠠ᠄ ᠨᠢᠭᠡᠨ ᠡᠯᠴᠢ ᠦᠨᠳᠦᠰᠦᠲᠡᠨ ᠨᠦᠭᠦᠳ ᠤᠷᠤᠭᠤ ᠢᠯᠡᠭᠡᠭᠳᠡᠵᠦ᠄ 《ᠴᠤᠭᠯᠠᠷᠠᠭᠠᠳ ᠲᠡᠭᠦᠨ ᠦ ᠥᠭᠡᠳᠡ ᠡᠴᠡ ᠣᠴᠢᠵᠤ᠂ ᠲᠡᠭᠦᠨ ᠢ ᠴᠣᠬᠢ᠂ ᠪᠣᠰᠴᠠᠭᠠᠵᠤ ᠪᠠᠢᠯᠳᠤᠭᠲᠤᠨ》 ᠭᠡᠯ᠎ᠡ᠃
15 ᠶᠣᠬᠣᠸᠠ ᠠᠢᠯᠠᠳᠤᠨ᠄ 《ᠬᠠᠷᠠ᠂ ᠪᠢ ᠴᠢᠮᠠᠶᠢ ᠦᠨᠳᠦᠰᠦᠲᠡᠨ ᠨᠦᠭᠦᠳ ᠦᠨ ᠳᠤᠮᠳᠠ ᠥᠴᠦᠬᠡᠨ ᠬᠥᠮᠦᠰ ᠦᠨ ᠳᠤᠮᠳᠠ ᠵᠢᠭ᠍ᠰᠢᠯ ᠪᠣᠯᠭᠠᠨ᠎ᠠ᠃
16 ᠴᠢ ᠬᠠᠳᠠᠨ ᠤ ᠠᠩ ᠴᠠᠪᠠ ᠪᠠᠷ ᠰᠠᠭᠤᠵᠤ᠂ ᠠᠭᠤᠯᠠ ᠶᠢᠨ ᠣᠷᠣᠢ ᠶᠢ ᠡᠵᠡᠮᠰᠢᠴᠢᠬᠡᠭᠰᠡᠨ ᠭᠡᠳ ᠰᠦᠷᠳᠡᠭᠦᠯᠦᠯ ᠬᠢᠭᠡᠳ ᠰᠠᠭᠰᠠᠭᠤ ᠵᠠᠩ ᠳᠠᠭᠠᠨ ᠮᠡᠬᠡᠯᠡᠭᠳᠡᠭᠰᠡᠨ ᠪᠠᠢᠨ᠎ᠠ᠃ ᠴᠢ ᠪᠦᠷᠭᠦᠳ ᠮᠡᠲᠦ ᠥᠨᠳᠥᠷ ᠲᠦ ᠡᠭᠦᠷᠯᠡᠪᠡᠴᠦ ᠪᠢ ᠴᠢᠮᠠᠶᠢ ᠲᠡᠨᠳᠡ ᠡᠴᠡ ᠳᠣᠷᠣᠭᠰᠢ ᠤᠨᠠᠭᠠᠨ᠎ᠠ᠂》 ᠶᠣᠬᠣᠸᠠ ᠠᠢᠯᠠᠳᠴᠤ ᠪᠠᠢᠨ᠎ᠠ᠃

17 《ᠡᠳᠣᠮ ᠵᠢᠪᠡᠭᠦᠴᠡᠯ ᠪᠣᠯᠣᠨ᠎ᠠ᠃ ᠬᠠᠵᠠᠭᠤ ᠪᠠᠷ ᠨᠢ ᠥᠩᠭᠡᠷᠡᠭᠴᠢ ᠬᠥᠮᠦᠨ ᠪᠦᠷᠢ ᠰᠣᠴᠢᠬᠤ ᠪᠥᠭᠡᠳ ᠪᠦᠬᠦ ᠵᠣᠪᠠᠯᠠᠩ ᠭᠠᠮᠰᠢᠭ ᠠᠴᠠ ᠨᠢ ᠪᠣᠯᠵᠤ ᠲᠠᠪᠠᠯᠠᠬᠤ ᠪᠣᠯᠣᠨ᠎ᠠ᠃ 18 ᠰᠣᠳᠣᠮ ᠪᠣᠯᠣᠨ ᠭᠣᠮᠣᠷᠠ ᠬᠥᠷᠰᠢ ᠲᠣᠰᠬᠣᠳ ᠲᠠᠢ ᠪᠠᠨ ᠬᠠᠮᠲᠤ ᠰᠦᠢᠷᠡᠭᠰᠡᠨ ᠰᠢᠭ᠂ ᠲᠡᠨᠳᠡ ᠦᠯᠡᠳᠡᠬᠦ ᠬᠥᠮᠦᠨ ᠦᠭᠡᠢ᠂ ᠰᠠᠭᠤᠬᠤ ᠬᠥᠮᠦᠨ ᠦᠭᠡᠢ ᠪᠣᠯᠣᠨ᠎ᠠ᠂》 ᠶᠣᠬᠣᠸᠠ ᠠᠢᠯᠠᠳᠴᠤ ᠪᠠᠢᠨ᠎ᠠ᠃ 19 《ᠬᠠᠷᠠ᠂ ᠠᠷᠰᠯᠠᠨ ᠶᠣᠷᠳᠠᠨ ᠤ ᠰᠢᠭᠤᠢ ᠠᠴᠠ ᠤᠰᠤᠨ ᠤ ᠳᠡᠷᠭᠡᠳᠡᠬᠢ ᠪᠡᠯᠴᠢᠭᠡᠷ ᠤᠷᠤᠭᠤ ᠭᠠᠷᠬᠤ ᠮᠡᠲᠦ ᠪᠢ ᠬᠣᠷᠣᠮᠬᠠᠨ ᠵᠠᠭᠤᠷ᠎ᠠ ᠡᠳᠣᠮ ᠢ ᠭᠠᠵᠠᠷ ᠠᠴᠠ ᠨᠢ ᠬᠥᠭᠡᠭᠡᠵᠦ᠂ ᠰᠣᠩ᠋ᠭᠣᠭᠰᠠᠨ ᠨᠢᠭᠡᠨ ᠢᠶᠡᠨ ᠲᠡᠭᠦᠨ ᠦ ᠳᠡᠭᠡᠷ᠎ᠡ ᠲᠣᠮᠢᠯᠠᠨ᠎ᠠ᠃ ᠲᠡᠭᠡᠬᠦ ᠳᠦ ᠬᠡᠨ ᠨᠠᠳᠠ ᠲᠠᠢ ᠵᠡᠷᠭᠡᠴᠡᠬᠦ ᠪᠤᠢ︖ ᠬᠡᠨ ᠨᠠᠳᠠ ᠲᠠᠢ ᠵᠥᠷᠢᠯᠳᠦᠬᠦ ᠪᠤᠢ︖ ᠬᠡᠨ ᠮᠢᠨᠦ ᠡᠰᠡᠷᠭᠦ ᠵᠣᠭᠰᠣᠬᠤ ᠬᠣᠨᠢᠴᠢᠨ ᠪᠣᠯᠬᠤ ᠪᠤᠢ︖》 20 ᠲᠡᠢᠮᠦ ᠡᠴᠡ᠂ ᠡᠳᠣᠮ ᠤᠨ ᠲᠤᠬᠠᠢ ᠶᠣᠬᠣᠸᠠ ᠶᠠᠭᠤ ᠲᠥᠯᠥᠪᠯᠡᠭᠰᠡᠨ ᠢ᠂ ᠮᠥᠨ ᠲᠧᠮᠠᠨ ᠤ ᠰᠠᠭᠤᠭᠠᠯᠢᠴᠢᠳ ᠤᠨ ᠲᠤᠬᠠᠢ ᠶᠠᠭᠤ ᠳᠣᠬᠢᠶᠠᠭᠰᠠᠨ ᠢ ᠲᠠ ᠨᠠᠷ ᠰᠣᠨᠣᠰᠣᠭᠲᠤᠨ᠃ ᠲᠡᠳᠡᠨ ᠦ ᠰᠦᠷᠦᠭ ᠦᠨ ᠬᠢᠨᠢ ᠲᠥᠯ ᠤᠳ ᠬᠦᠷᠲᠡᠯ᠎ᠡ ᠴᠢᠷᠦᠭᠳᠡᠨ ᠭᠠᠷᠴᠤ᠂ ᠰᠠᠭᠤᠳᠠᠭ ᠭᠠᠵᠠᠷ ᠨᠢ ᠲᠠᠯᠬᠢᠳᠠᠭᠳᠠᠨ᠎ᠠ᠃ 21 ᠲᠡᠳᠡᠨ ᠦ ᠤᠨᠠᠬᠤ ᠴᠢᠮᠡᠭᠡᠨ ᠳᠦ ᠭᠠᠵᠠᠷ ᠬᠥᠳᠡᠯᠵᠦ᠂ ᠲᠡᠳᠡᠨ ᠦ ᠬᠠᠰᠬᠢᠷᠬᠤ ᠳᠠᠭᠤ ᠤᠯᠠᠭᠠᠨ ᠲᠠᠩᠭᠢᠰ ᠲᠤ ᠰᠣᠨᠣᠰᠳᠠᠨ᠎ᠠ᠃ 22 ᠬᠠᠷᠠ᠂ ᠨᠢᠭᠡᠨ ᠪᠦᠷᠭᠦᠳ ᠬᠠᠯᠢᠨ ᠭᠠᠷᠤᠭᠰᠠᠨ ᠢᠶᠠᠨ ᠰᠤᠮᠤᠳᠠᠨ ᠢᠷᠡᠭᠡᠳ᠂ ᠪᠣᠽᠷᠠ ᠶᠢᠨ ᠳᠡᠭᠡᠷ᠎ᠡ ᠵᠢᠭᠦᠷ ᠢᠶᠡᠨ ᠳᠡᠯᠭᠡᠨ᠎ᠡ᠃ ᠲᠡᠷᠡ ᠡᠳᠦᠷ ᠡᠳᠣᠮ ᠤᠨ ᠳᠠᠢᠴᠢᠳ ᠤᠨ ᠵᠢᠷᠦᠬᠡ ᠬᠡᠦᠬᠡᠳ ᠲᠥᠷᠥᠭᠦᠯᠬᠦ ᠡᠮᠡᠭᠲᠡᠢ ᠶᠢᠨ ᠵᠢᠷᠦᠬᠡ ᠮᠡᠲᠦ ᠪᠣᠯᠣᠨ᠎ᠠ᠃
 ᠳ᠋ᠠᠮᠠᠰᠺᠦ᠋ᠰ ᠤᠨ ᠲᠠᠯ᠎ᠠ ᠪᠠᠷ ᠬᠢ ᠡᠰᠢ ᠦᠵᠡᠭᠦᠯᠦᠯᠭᠡ
23 ᠳ᠋ᠠᠮᠠᠰᠺᠦ᠋ᠰ ᠤᠨ ᠲᠤᠬᠠᠢ᠄ 《ᠬᠠᠮᠠᠲ ᠪᠣᠯᠣᠨ ᠠᠷᠫᠠᠳ᠋ ᠮᠠᠭᠤ ᠮᠡᠳᠡᠭᠡ ᠰᠣᠨᠣᠰᠣᠭᠠᠳ ᠪᠠᠯᠠᠮᠠᠭᠳᠠᠨ᠎ᠠ ᠲᠡᠳᠡ ᠵᠢᠷᠦᠬᠡ ᠠᠯᠳᠠᠵᠤ ᠨᠠᠮᠵᠢᠬᠤ ᠦᠭᠡᠢ ᠳᠠᠯᠠᠢ ᠮᠡᠲᠦ ᠪᠠᠴᠢᠮᠳᠠᠨ᠎ᠠ᠃
24 ᠳ᠋ᠠᠮᠠᠰᠺᠦ᠋ᠰ ᠵᠣᠷᠢᠭ ᠠᠯᠳᠠᠭᠠᠳ ᠵᠢᠭᠤᠲᠠᠬᠤ ᠪᠠᠷ ᠡᠷᠭᠢᠭᠰᠡᠨ ᠢᠶᠡᠨ ᠠᠢᠳᠠᠰ ᠲᠤ ᠠᠪᠲᠠᠪᠠ ᠨᠢᠷᠠᠢᠯᠠᠬᠤ ᠪᠦᠰᠡᠭᠦᠢ ᠶᠢᠨ ᠡᠪᠡᠳᠦᠯᠲᠡ ᠵᠣᠪᠠᠯᠠᠩ ᠲᠡᠭᠦᠨ ᠢ ᠡᠵᠡᠮᠳᠡᠪᠡ᠃
25 ᠴᠤᠤ ᠲᠠᠢ ᠬᠣᠲᠠ᠂ ᠴᠡᠩᠭᠡᠭᠡᠨ ᠦ ᠬᠣᠲᠠ ᠶᠠᠭᠠᠬᠢᠨ ᠬᠠᠶᠠᠭᠳᠠᠬᠤ ᠦᠭᠡᠢ ᠪᠠᠢᠬᠤ ᠶᠤᠮ ᠪᠤᠢ︕
26 ᠲᠡᠷᠡ ᠡᠳᠦᠷ ᠵᠠᠯᠠᠭᠤᠰ ᠨᠢ ᠭᠤᠳᠤᠮᠵᠢ ᠨᠤᠭᠤᠳ ᠲᠤ ᠤᠨᠠᠵᠤ ᠳᠠᠢᠴᠢᠳ ᠨᠢ ᠪᠦᠭᠦᠳᠡᠭᠡᠷ ᠤᠰᠠᠳᠬᠠᠭᠳᠠᠨ᠎ᠠ᠂》 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠃
27 ᠪᠢ ᠳ᠋ᠠᠮᠠᠰᠺᠦ᠋ᠰ ᠤᠨ ᠬᠡᠷᠡᠮ ᠳᠦ ᠭᠠᠯ ᠲᠠᠯᠪᠢᠨ᠎ᠠ ᠪᠧᠨ ᠬᠠᠳᠠᠳ᠋ ᠤᠨ ᠣᠷᠳᠣᠨ ᠨᠤᠭᠤᠳ ᠰᠢᠲᠠᠭᠠᠭᠳᠠᠨ᠎ᠠ᠃
 ᠺᠧᠳᠠᠷ ᠪᠣᠯᠣᠨ ᠬᠠᠽᠣᠷ ᠤᠨ ᠲᠠᠯ᠎ᠠ ᠪᠠᠷ ᠬᠢ ᠡᠰᠢ ᠦᠵᠡᠭᠦᠯᠦᠯᠭᠡ

28 ᠪᠠᠪᠢᠯᠣᠨ ᠤ ᠬᠠᠭᠠᠨ ᠨᠧᠪᠦ᠋ᠺᠠᠨᠧᠽᠠᠷ ᠲᠤ ᠳᠡᠢᠯᠦᠭᠳᠡᠭᠰᠡᠨ ᠺᠧᠳᠠᠷ ᠪᠣᠯᠣᠨ ᠬᠠᠽᠣᠷ ᠤᠨ ᠬᠠᠭᠠᠨᠴᠢᠯᠠᠯ ᠤᠳ ᠤᠨ ᠲᠤᠬᠠᠢ᠄ ᠶᠣᠬᠣᠸᠠ ᠡᠢᠨ ᠬᠦ ᠠᠢᠯᠠᠳᠴᠤ ᠪᠠᠢᠨ᠎ᠠ᠂ 《ᠪᠣᠰᠴᠠᠭ᠎ᠠ᠂ ᠺᠧᠳᠠᠷ ᠤᠷᠤᠭᠤ ᠳᠣᠪᠲᠣᠯ᠂ ᠳᠣᠷᠣᠨ᠎ᠠ ᠶᠢᠨ ᠬᠥᠮᠦᠰ ᠢ ᠤᠰᠠᠳᠬ᠎ᠠ᠃
29 ᠲᠡᠳᠡᠨ ᠦ ᠮᠠᠢᠬᠠᠨ ᠨᠤᠭᠤᠳ ᠴᠤ᠂ ᠲᠡᠳᠡᠨ ᠦ ᠮᠠᠯ ᠰᠦᠷᠦᠭ ᠴᠤ ᠪᠤᠯᠢᠶᠠᠭᠳᠠᠨ᠎ᠠ᠂ ᠲᠡᠳᠡᠨ ᠦ ᠬᠥᠰᠢᠭᠡ ᠨᠦᠭᠦᠳ ᠨᠢ ᠲᠡᠳᠡᠨ ᠦ ᠪᠦᠬᠦ ᠡᠳ᠋ ᠬᠥᠷᠥᠩᠭᠡ ᠪᠣᠯᠣᠨ ᠲᠡᠮᠡᠭᠡ ᠨᠦᠭᠦᠳ ᠲᠡᠢ ᠬᠠᠮᠲᠤ ᠠᠪᠠᠴᠢᠭᠳᠠᠨ᠎ᠠ᠃ ᠬᠥᠮᠦᠰ᠄ 〈ᠲᠠᠯ᠎ᠠ ᠪᠦᠷᠢ ᠳᠤ ᠠᠶᠤᠯ ᠠᠢᠳᠠᠰ︕〉 ᠭᠡᠵᠦ ᠬᠠᠰᠬᠢᠷᠤᠨ᠎ᠠ᠃
30 ᠬᠠᠽᠣᠷ ᠤᠨ ᠰᠠᠭᠤᠭᠠᠯᠢᠴᠢᠳ ᠡ᠂ ᠭᠦᠶᠦ᠂ ᠵᠢᠭᠤᠲᠠ︕ ᠭᠦᠨ ᠨᠦᠬᠡᠨ ᠳᠦ ᠨᠢᠭᠤᠭᠳᠠ᠂》 ᠶᠣᠬᠣᠸᠠ ᠠᠢᠯᠠᠳᠴᠤ ᠪᠠᠢᠨ᠎ᠠ᠃ 《ᠤᠴᠢᠷ ᠨᠢ ᠪᠠᠪᠢᠯᠣᠨ ᠤ ᠬᠠᠭᠠᠨ ᠨᠧᠪᠦ᠋ᠺᠠᠨᠧᠽᠠᠷ ᠲᠠ ᠨᠠᠷ ᠢ ᠴᠣᠬᠢᠬᠤ ᠲᠥᠯᠥᠪᠯᠡᠭᠡ ᠵᠣᠬᠢᠶᠠᠭᠰᠠᠨ᠂ ᠲᠠ ᠨᠠᠷ ᠢ ᠴᠣᠬᠢᠬᠤ ᠠᠷᠭ᠎ᠠ ᠰᠡᠳᠦᠭᠰᠡᠨ᠃
31 ᠪᠣᠰᠴᠠᠭ᠎ᠠ︕ ᠬᠠᠭᠠᠯᠭ᠎ᠠ ᠦᠭᠡᠢ᠂ ᠴᠣᠣᠵᠢ ᠦᠭᠡᠢ ᠭᠠᠭᠴᠠᠭᠠᠷ ᠢᠶᠠᠨ ᠠᠶᠤᠯ ᠦᠭᠡᠢ ᠲᠠᠢᠪᠤᠩ ᠰᠠᠭᠤᠵᠤ ᠪᠠᠢᠭ᠎ᠠ ᠲᠡᠷᠡ ᠦᠨᠳᠦᠰᠦᠲᠡᠨ ᠢ ᠳᠠᠭᠠᠷᠢ᠂》 ᠶᠣᠬᠣᠸᠠ ᠠᠢᠯᠠᠳᠴᠤ ᠪᠠᠢᠨ᠎ᠠ᠃
32 ᠲᠡᠳᠡᠨ ᠦ ᠲᠡᠮᠡᠭᠡ ᠨᠦᠭᠦᠳ ᠳᠡᠭᠡᠷᠡᠮᠳᠡᠭᠳᠡᠵᠦ᠂ ᠥᠨᠢᠷ ᠣᠯᠠᠨ ᠮᠠᠯ ᠰᠦᠷᠦᠭ ᠨᠢ ᠣᠯᠵᠠ ᠪᠣᠯᠣᠨ᠎ᠠ ᠰᠢᠨᠠ ᠶᠢᠨ ᠦᠰᠦ ᠪᠡᠨ ᠬᠤᠰᠤᠳᠠᠭ ᠡᠨᠡ ᠬᠥᠮᠦᠰ ᠢ ᠪᠢ ᠰᠠᠯᠬᠢ ᠪᠠᠷ ᠵᠦᠭ ᠪᠦᠷᠢ ᠳᠤ ᠪᠤᠲᠠᠷᠠᠭᠠᠵᠤ᠂ ᠲᠠᠯ᠎ᠠ ᠪᠦᠷᠢ ᠶᠢᠨ ᠭᠠᠮᠰᠢᠭ ᠢ ᠲᠡᠳᠡᠨ ᠤᠷᠤᠭᠤ ᠠᠪᠴᠢᠷᠠᠨ᠎ᠠ᠂》 ᠶᠣᠬᠣᠸᠠ ᠠᠢᠯᠠᠳᠴᠤ ᠪᠠᠢᠨ᠎ᠠ᠃
33 《ᠬᠠᠽᠣᠷ ᠴᠥᠭᠡᠪᠦᠷᠢ ᠴᠢᠨᠣ᠎ᠠ ᠨᠤᠭᠤᠳ ᠤᠨ ᠡᠭᠦᠷ᠂ ᠮᠥᠩᠬᠡ ᠶᠢᠨ ᠵᠡᠯᠢᠭᠦᠳ ᠭᠠᠵᠠᠷ ᠪᠣᠯᠣᠨ᠎ᠠ᠂ ᠬᠡᠨ ᠴᠤ ᠲᠡᠨᠳᠡ ᠦᠯᠡᠳᠡᠬᠦ ᠦᠭᠡᠢ᠂ ᠬᠡᠨ ᠴᠤ ᠲᠡᠨᠳᠡ ᠰᠠᠭᠤᠬᠤ ᠦᠭᠡᠢ᠃》
 ᠡᠯᠠᠮ ᠤᠨ ᠲᠠᠯ᠎ᠠ ᠪᠠᠷ ᠬᠢ ᠡᠰᠢ ᠦᠵᠡᠭᠦᠯᠦᠯᠭᠡ

34 ᠶᠦᠳᠠ ᠶᠢᠨ ᠬᠠᠭᠠᠨ ᠽᠧᠳᠧᠺᠢᠶ᠎ᠠ ᠶᠢᠨ ᠬᠠᠭᠠᠨᠴᠢᠯᠠᠯ ᠤᠨ ᠡᠬᠢᠨ ᠳᠤ ᠡᠯᠠᠮ ᠤᠨ ᠲᠤᠬᠠᠢ ᠡᠰᠢ ᠦᠵᠡᠭᠦᠯᠦᠭᠴᠢ ᠶᠧᠷᠧᠮᠢᠶ᠎ᠠ ᠳᠤ ᠢᠷᠡᠭᠰᠡᠨ ᠶᠣᠬᠣᠸᠠ ᠶᠢᠨ ᠦᠭᠡ᠄
35 《ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷᠠ᠂ ᠪᠢ ᠡᠯᠠᠮ ᠤᠨ ᠭᠣᠣᠯ ᠬᠦᠴᠦ ᠪᠣᠯᠬᠤ ᠨᠤᠮᠤ ᠶᠢ ᠬᠤᠭᠤᠯᠬᠤ ᠭᠡᠵᠦ ᠪᠠᠢᠨ᠎ᠠ᠃
36 ᠪᠢ ᠲᠩᠷᠢ ᠶᠢᠨ ᠳᠥᠷᠪᠡᠨ ᠬᠢᠵᠠᠭᠠᠷ ᠠᠴᠠ ᠳᠥᠷᠪᠡᠨ ᠰᠠᠯᠬᠢ ᠶᠢ ᠡᠯᠠᠮ ᠤᠷᠤᠭᠤ ᠠᠪᠴᠢᠷᠠᠵᠤ ᠲᠡᠳᠡᠨ ᠢ ᠡᠳᠡᠭᠡᠷ ᠰᠠᠯᠬᠢ ᠪᠠᠷ ᠪᠤᠲᠠᠷᠠᠭᠠᠨ᠎ᠠ ᠡᠯᠠᠮ ᠤᠨ ᠴᠥᠯᠡᠭᠳᠡᠭᠰᠡᠳ ᠦᠨ ᠣᠴᠢᠬᠤ ᠦᠭᠡᠢ ᠭᠦᠷᠦᠨ ᠭᠡᠵᠦ ᠪᠠᠢᠬᠤ ᠦᠭᠡᠢ ᠪᠣᠯᠣᠨ᠎ᠠ᠃
37 ᠶᠣᠬᠣᠸᠠ ᠠᠢᠯᠠᠳᠴᠤ ᠪᠠᠢᠨ᠎ᠠ᠃ ᠪᠢ ᠡᠯᠠᠮ ᠢ ᠳᠠᠢᠰᠤᠨ ᠨᠤᠭᠤᠳ ᠤᠨ ᠬᠢᠨᠢ ᠡᠮᠦᠨ᠎ᠡ᠂ ᠠᠮᠢ ᠶᠢ ᠨᠢ ᠡᠷᠢᠭ᠍ᠴᠢᠳ ᠤᠨ ᠡᠮᠦᠨ᠎ᠡ ᠪᠠᠯᠠᠮᠠᠭᠳᠠᠭᠤᠯᠬᠤ ᠪᠥᠭᠡᠳ ᠲᠡᠳᠡᠨ ᠦ ᠳᠡᠭᠡᠷ᠎ᠡ ᠭᠠᠢ ᠭᠠᠮᠰᠢᠭ ᠬᠢᠭᠡᠳ ᠰᠢᠷᠦᠭᠦᠨ ᠠᠭᠤᠷ ᠬᠢᠯᠢᠩ ᠢᠶᠠᠨ ᠠᠪᠴᠢᠷᠠᠵᠤ᠂ ᠲᠡᠳᠡᠨ ᠦ ᠠᠷᠤ ᠠᠴᠠ ᠢᠯᠳᠦ ᠶᠠᠪᠤᠭᠤᠯᠤᠨ᠂ ᠲᠡᠳᠡᠨ ᠢ ᠤᠰᠠᠳᠬᠠᠨ᠎ᠠ᠃
38 ᠪᠢ ᠰᠡᠨᠲᠢ ᠪᠠᠨ ᠡᠯᠠᠮ ᠳᠤ ᠵᠠᠰᠠᠵᠤ ᠲᠡᠭᠦᠨ ᠦ ᠬᠠᠭᠠᠨ ᠪᠣᠯᠣᠨ ᠲᠦᠰᠢᠮᠡᠳ ᠢ ᠰᠥᠨᠥᠭᠡᠨ᠎ᠡ〉 ᠶᠣᠬᠣᠸᠠ ᠠᠢᠯᠠᠳᠴᠤ ᠪᠠᠢᠨ᠎ᠠ᠃
39 〈ᠭᠡᠪᠡᠴᠦ ᠬᠣᠵᠢᠮ ᠤᠨ ᠡᠳᠦᠷ ᠤᠳ ᠲᠤ ᠪᠢ ᠡᠯᠠᠮ ᠤᠨ ᠴᠥᠯᠡᠭᠳᠡᠭᠰᠡᠳ ᠢ ᠪᠤᠴᠠᠭᠠᠨ᠎ᠠ᠂〉》 ᠶᠣᠬᠣᠸᠠ ᠠᠢᠯᠠᠳᠴᠤ ᠪᠠᠢᠨ᠎ᠠ᠃