1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠳᠥᠴᠢ
 ᠶᠧᠷᠧᠮᠢᠶ᠎ᠠ ᠰᠤᠯᠠᠯᠠᠭᠳᠠᠪᠠ

1 ᠰᠢᠳᠠᠷ ᠬᠠᠮᠠᠭᠠᠯᠠᠭᠴᠢᠳ ᠤᠨ ᠠᠬᠠᠯᠠᠭᠴᠢ ᠨᠧᠪᠦ᠋ᠽᠠᠷᠠᠳᠠᠨ ᠷᠠᠮᠠ ᠳᠤ ᠶᠧᠷᠧᠮᠢᠶ᠎ᠠ ᠶᠢ ᠰᠤᠯᠠᠯᠠᠭᠰᠠᠨ ᠤ ᠳᠠᠷᠠᠭ᠎ᠠ᠂ ᠶᠣᠬᠣᠸᠠ ᠶᠢᠨ ᠦᠭᠡ ᠶᠧᠷᠧᠮᠢᠶ᠎ᠠ ᠳᠤ ᠢᠷᠡᠪᠡ᠃ ᠤᠷᠢᠳᠤ ᠨᠢ ᠶᠧᠷᠧᠮᠢᠶ᠎ᠠ ᠭᠢᠨᠵᠢᠯᠡᠭᠳᠡᠵᠦ᠂ ᠶᠧᠷᠦ᠋ᠰᠠᠯᠧᠮ ᠪᠣᠯᠣᠨ ᠶᠦᠳᠠ ᠶᠢᠨ ᠪᠦᠬᠦ ᠴᠥᠯᠡᠭᠳᠡᠭᠰᠡᠳ ᠦᠨ ᠳᠤᠮᠳᠠ ᠪᠠᠪᠢᠯᠣᠨ ᠤᠷᠤᠭᠤ ᠴᠥᠯᠡᠭᠳᠡᠵᠦ ᠪᠠᠢᠬᠤ ᠳᠠᠭᠠᠨ ᠨᠧᠪᠦ᠋ᠽᠠᠷᠠᠳᠠᠨ ᠳᠤ ᠣᠯᠳᠠᠭᠳᠠᠭᠰᠠᠨ ᠠᠵᠢ᠃ 2 ᠰᠢᠳᠠᠷ ᠬᠠᠮᠠᠭᠠᠯᠠᠭᠴᠢᠳ ᠤᠨ ᠠᠬᠠᠯᠠᠭᠴᠢ ᠶᠧᠷᠧᠮᠢᠶ᠎ᠠ ᠶᠢ ᠣᠯᠵᠤ᠂ ᠲᠡᠭᠦᠨ ᠳᠦ᠄ 《ᠴᠢᠨᠦ ᠪᠤᠷᠬᠠᠨ ᠶᠣᠬᠣᠸᠠ ᠡᠨᠡ ᠨᠤᠲᠤᠭ ᠲᠤ ᠡᠳᠡᠭᠡᠷ ᠭᠠᠮᠰᠢᠭ ᠢ ᠪᠠᠭᠤᠯᠭᠠᠬᠤ ᠪᠠᠷ ᠠᠮᠠᠯᠠᠭᠰᠠᠨ ᠪᠢᠵᠡ᠃ 3 ᠶᠣᠬᠣᠸᠠ ᠡᠳᠡᠭᠡᠷ ᠢ ᠠᠪᠴᠢᠷᠠᠵᠤ᠂ ᠠᠮᠠᠯᠠᠭᠰᠠᠨ ᠢᠶᠠᠨ ᠪᠡᠶᠡᠯᠡᠭᠦᠯᠦᠭᠰᠡᠨ ᠪᠠᠢᠨ᠎ᠠ᠃ ᠲᠠ ᠨᠠᠷ ᠶᠣᠬᠣᠸᠠ ᠳᠤ ᠨᠢᠭᠦᠯ ᠦᠢᠯᠡᠳᠦᠨ᠂ ᠲᠡᠭᠦᠨ ᠦ ᠳᠠᠭᠤ ᠶᠢ ᠳᠠᠭᠠᠭᠰᠠᠨ ᠦᠭᠡᠢ ᠡᠴᠡ ᠡᠳᠡᠭᠡᠷ ᠵᠦᠢᠯ ᠲᠠ ᠨᠠᠷ ᠲᠤ ᠲᠣᠬᠢᠶᠠᠯᠳᠤᠵᠠᠢ᠃ 4 ᠥᠨᠥᠳᠥᠷ ᠪᠢ ᠭᠠᠷ ᠤᠨ ᠴᠢᠨᠢ ᠭᠢᠨᠵᠢ ᠶᠢ ᠲᠠᠰᠤᠯᠤᠨ ᠴᠢᠮᠠᠶᠢ ᠴᠢᠯᠥᠭᠡᠯᠡᠯ᠎ᠡ᠃ ᠬᠡᠷᠪᠡ ᠴᠢ ᠨᠠᠳᠠ ᠲᠠᠢ ᠬᠠᠮᠲᠤ ᠪᠠᠪᠢᠯᠣᠨ ᠤᠷᠤᠭᠤ ᠶᠠᠪᠤᠬᠤ ᠶᠢ ᠰᠠᠢᠨ ᠭᠡᠵᠦ ᠦᠵᠡᠪᠡᠯ ᠬᠠᠮᠲᠤ ᠶᠠᠪᠤᠶ᠎ᠠ᠂ ᠪᠢ ᠴᠢᠮᠠᠶᠢ ᠬᠠᠯᠠᠮᠵᠢᠯᠠᠨ᠎ᠠ᠃ ᠬᠠᠷᠢᠨ ᠰᠠᠢᠨ ᠪᠢᠰᠢ ᠭᠡᠵᠦ ᠦᠵᠡᠪᠡᠯ᠂ ᠪᠣᠯᠢᠵᠤ ᠪᠣᠯᠣᠨ᠎ᠠ᠃ ᠬᠠᠷᠠ᠂ ᠪᠦᠬᠦ ᠨᠤᠲᠤᠭ ᠴᠢᠨᠦ ᠡᠮᠦᠨ᠎ᠡ ᠪᠠᠢᠨ᠎ᠠ᠃ ᠬᠠᠮᠢᠭᠠᠰᠢ ᠶᠠᠪᠤᠬᠤ ᠶᠢ ᠵᠥᠪ᠂ ᠰᠠᠢᠨ ᠭᠡᠵᠦ ᠦᠵᠡᠵᠦ ᠪᠠᠢᠭ᠎ᠠ ᠪᠣᠯ᠂ ᠲᠡᠷᠡ ᠭᠠᠵᠠᠷ ᠤᠷᠤᠭᠤ ᠪᠠᠨ ᠶᠠᠪᠤ》 ᠭᠡᠵᠦ ᠬᠡᠯᠡᠪᠡ᠃ 5 ᠬᠠᠷᠢᠨ ᠶᠧᠷᠧᠮᠢᠶ᠎ᠠ ᠪᠤᠴᠠᠬᠤ ᠠᠴᠠ ᠡᠮᠦᠨ᠎ᠡ ᠨᠧᠪᠦ᠋ᠽᠠᠷᠠᠳᠠᠨ᠄ 《ᠲᠠ ᠱᠠᠹᠠᠨ ᠤ ᠠᠴᠢ᠂ ᠠᠾᠢᠺᠠᠮ ᠤᠨ ᠬᠦᠦ ᠭᠧᠳᠠᠯᠢᠶ᠎ᠠ ᠤᠷᠤᠭᠤ ᠣᠴᠢᠵᠤ ᠦᠵᠡ᠃ ᠪᠠᠪᠢᠯᠣᠨ ᠤ ᠬᠠᠭᠠᠨ ᠲᠡᠭᠦᠨ ᠢ ᠶᠦᠳᠠ ᠶᠢᠨ ᠬᠣᠲᠠ ᠲᠣᠰᠬᠣᠳ ᠤᠨ ᠵᠠᠬᠢᠷᠤᠭᠴᠢ ᠪᠠᠷ ᠲᠣᠮᠢᠯᠠᠭᠰᠠᠨ ᠪᠢᠯᠡ᠃ ᠲᠠ ᠲᠡᠭᠦᠨ ᠲᠡᠢ ᠬᠠᠮᠲᠤ ᠠᠷᠠᠳ ᠲᠦᠮᠡᠨ ᠦ ᠪᠠᠨ ᠳᠤᠮᠳᠠ ᠰᠠᠭᠤᠵᠤ ᠪᠣᠯᠣᠨ᠎ᠠ᠃ ᠶᠠᠭᠤ ᠴᠤ ᠭᠡᠰᠡᠨ ᠶᠠᠪᠤᠬᠤ ᠳᠤᠷᠠᠲᠠᠢ ᠭᠠᠵᠠᠷ ᠤᠷᠤᠭᠤ ᠪᠠᠨ ᠶᠠᠪᠤ》 ᠭᠡᠵᠦ ᠬᠡᠯᠡᠪᠡ᠃ ᠢᠩᠭᠢᠭᠡᠳ ᠰᠢᠳᠠᠷ ᠬᠠᠮᠠᠭᠠᠯᠠᠭᠴᠢᠳ ᠤᠨ ᠠᠬᠠᠯᠠᠭᠴᠢ ᠲᠡᠭᠦᠨ ᠳᠦ ᠬᠦᠨᠡᠰᠦ ᠪᠣᠯᠣᠨ ᠪᠡᠯᠡᠭ ᠥᠭᠴᠦ᠂ ᠲᠡᠭᠦᠨ ᠢ ᠶᠠᠪᠤᠭᠤᠯᠪᠠ᠃ 6 ᠶᠧᠷᠧᠮᠢᠶ᠎ᠠ ᠮᠢᠽᠫᠠ ᠤᠷᠤᠭᠤ ᠠᠾᠢᠺᠠᠮ ᠤᠨ ᠬᠦᠦ ᠭᠧᠳᠠᠯᠢᠶ᠎ᠠ ᠳᠡᠭᠡᠷ᠎ᠡ ᠣᠴᠢᠵᠤ᠂ ᠲᠡᠭᠦᠨ ᠲᠡᠢ ᠬᠠᠮᠲᠤ ᠨᠤᠲᠤᠭ ᠲᠠᠭᠠᠨ ᠦᠯᠡᠳᠡᠭᠰᠡᠨ ᠠᠷᠠᠳ ᠲᠦᠮᠡᠨ ᠦ ᠳᠤᠮᠳᠠ ᠰᠠᠭᠤᠪᠠ᠃
 ᠶᠦᠳᠠ ᠶᠢᠨ ᠵᠠᠬᠢᠷᠤᠭᠴᠢ ᠭᠧᠳᠠᠯᠢᠶ᠎ᠠ ᠠᠯᠠᠭᠳᠠᠪᠠ

7 ᠪᠠᠪᠢᠯᠣᠨ ᠤ ᠬᠠᠭᠠᠨ ᠪᠡᠷ ᠠᠾᠢᠺᠠᠮ ᠤᠨ ᠬᠦᠦ ᠭᠧᠳᠠᠯᠢᠶ᠎ᠠ ᠶᠢ ᠲᠡᠷᠡ ᠨᠤᠲᠤᠭ ᠤᠨ ᠵᠠᠬᠢᠷᠤᠭᠴᠢ ᠪᠠᠷ ᠲᠣᠮᠢᠯᠠᠵᠤ᠂ ᠶᠠᠳᠠᠭᠤ ᠶᠢᠨ ᠤᠯᠠᠮ ᠢᠶᠠᠷ ᠪᠠᠪᠢᠯᠣᠨ ᠤᠷᠤᠭᠤ ᠴᠥᠯᠡᠭᠳᠡᠭᠡ ᠦᠭᠡᠢ ᠲᠡᠷᠡ ᠨᠤᠲᠤᠭ ᠤᠨ ᠡᠷᠡᠭᠲᠡᠢᠴᠦᠳ ᠡᠮᠡᠭᠲᠡᠢᠴᠦᠳ ᠪᠣᠯᠣᠨ ᠪᠠᠭᠠᠴᠤᠤᠯ ᠢ ᠲᠡᠭᠦᠨ ᠢᠶᠡᠷ ᠬᠠᠷᠢᠭᠤᠴᠠᠭᠤᠯᠤᠭᠰᠠᠨ ᠢ ᠬᠡᠭᠡᠷ᠎ᠡ ᠲᠠᠯ᠎ᠠ ᠳᠤ ᠪᠠᠢᠭᠰᠠᠨ ᠴᠡᠷᠢᠭ ᠤᠨ ᠪᠦᠬᠦ ᠤᠳᠤᠷᠢᠳᠤᠭᠴᠢᠳ ᠪᠣᠯᠣᠨ ᠬᠠᠷᠢᠶ᠎ᠠ ᠬᠥᠮᠦᠰ ᠨᠢ ᠰᠣᠨᠣᠰᠣᠭᠠᠳ 8 ᠮᠢᠽᠫᠠ ᠳᠠᠬᠢ ᠭᠧᠳᠠᠯᠢᠶ᠎ᠠ ᠳᠡᠭᠡᠷ᠎ᠡ ᠣᠴᠢᠪᠠ᠃ ᠲᠡᠳᠡ ᠪᠣᠯ ᠨᠧᠲ᠋ᠠᠨᠢᠶ᠎ᠠ ᠶᠢᠨ ᠬᠦᠦ ᠢᠱᠮᠠᠶᠧᠯ᠂ ᠺᠠᠷᠧᠶ᠎ᠠ ᠶᠢᠨ ᠬᠥᠪᠡᠭᠦᠳ ᠶᠣᠬᠠᠨᠠᠨ᠂ ᠶᠣᠨᠠᠲ᠋ᠠᠨ ᠨᠠᠷ᠂ ᠲᠠᠨᠾᠦ᠋ᠮᠧᠲ ᠤᠨ ᠬᠦᠦ ᠰᠧᠷᠠᠢᠶ᠎ᠠ᠂ ᠨᠧᠲ᠋ᠣᠹᠠ ᠬᠥᠮᠦᠨ ᠡᠹᠠᠢ ᠶᠢᠨ ᠬᠥᠪᠡᠭᠦᠳ᠂ ᠮᠠᠺᠠ ᠬᠥᠮᠦᠨ ᠶᠧᠽᠠᠨᠢᠶ᠎ᠠ ᠪᠣᠯᠣᠨ ᠲᠡᠳᠡᠨ ᠦ ᠬᠠᠷᠢᠶ᠎ᠠ ᠬᠥᠮᠦᠰ ᠪᠢᠯᠡ᠃ 9 ᠱᠠᠹᠠᠨ ᠤ ᠠᠴᠢ᠂ ᠠᠾᠢᠺᠠᠮ ᠤᠨ ᠬᠦᠦ ᠭᠧᠳᠠᠯᠢᠶ᠎ᠠ ᠲᠡᠳᠡᠨ ᠳᠦ ᠪᠣᠯᠣᠨ ᠬᠠᠷᠢᠶ᠎ᠠ ᠬᠥᠮᠦᠰ ᠲᠤᠨᠢ ᠲᠠᠩ᠋ᠭᠠᠷᠢᠭᠯᠠᠵᠤ᠄ 《ᠪᠠᠪᠢᠯᠣᠨᠴᠤᠳ ᠲᠤ ᠦᠢᠯᠡᠴᠢᠯᠡᠬᠦ ᠡᠴᠡ ᠪᠦᠦ ᠠᠶᠤ᠃ ᠬᠠᠷᠢᠨ ᠡᠨᠡ ᠭᠠᠵᠠᠷ ᠲᠠᠭᠠᠨ ᠰᠠᠭᠤᠭᠰᠠᠭᠠᠷ ᠪᠠᠢᠵᠤ᠂ ᠪᠠᠪᠢᠯᠣᠨ ᠤ ᠬᠠᠭᠠᠨ ᠳᠤ ᠦᠢᠯᠡᠴᠢᠯᠡ᠃ ᠢᠩᠭᠢᠪᠡᠯ ᠲᠠ ᠨᠠᠷ ᠰᠠᠢᠨ ᠢ ᠠᠮᠰᠠᠨ᠎ᠠ᠃ 10 ᠪᠢ ᠥᠪᠡᠷ ᠢᠶᠡᠨ ᠮᠢᠽᠫᠠ ᠳᠤ ᠦᠯᠡᠳᠡᠵᠦ᠂ ᠮᠠᠨ ᠤ ᠡ᠊ᠨᠳᠡ ᠢᠷᠡᠬᠦ ᠪᠠᠪᠢᠯᠣᠨᠴᠤᠳ ᠤᠨ ᠡᠮᠦᠨ᠎ᠡ ᠵᠣᠭᠰᠣᠶ᠎ᠠ᠃ ᠲᠠ ᠨᠠᠷ ᠳᠠᠷᠠᠰᠤ᠂ ᠵᠤᠨ ᠤ ᠵᠢᠮᠢᠰ᠂ ᠲᠣᠰᠣ ᠬᠤᠷᠢᠶᠠᠨ ᠰᠠᠪᠠᠨ ᠳᠠᠭᠠᠨ ᠬᠢᠵᠦ᠂ ᠡᠵᠡᠮᠰᠢᠭᠰᠡᠨ ᠬᠣᠲᠠ ᠲᠣᠰᠬᠣᠳ ᠲᠠᠭᠠᠨ ᠰᠠᠭᠤ》 ᠭᠡᠵᠦ ᠬᠡᠯᠡᠪᠡ᠃ 11 ᠮᠣᠶᠠᠪ᠂ ᠠᠮᠣᠨ᠂ ᠡᠳᠣᠮ ᠪᠣᠯᠣᠨ ᠪᠤᠰᠤᠳ ᠣᠷᠣᠨ ᠨᠤᠭᠤᠳ ᠲᠤ ᠪᠠᠢᠭᠰᠠᠨ ᠪᠦᠬᠦ ᠶᠦᠳᠠᠢᠴᠤᠳ ᠬᠦᠷᠲᠡᠯ᠎ᠡ ᠪᠠᠪᠢᠯᠣᠨ ᠤ ᠬᠠᠭᠠᠨ ᠶᠦᠳᠠ ᠳᠤ ᠬᠡᠰᠡᠭ ᠬᠥᠮᠦᠰ ᠦᠯᠡᠳᠡᠭᠡᠭᠰᠡᠨ ᠢ᠂ ᠮᠥᠨ ᠲᠡᠳᠡᠨ ᠦ ᠵᠠᠬᠢᠷᠤᠭᠴᠢ ᠪᠠᠷ ᠱᠠᠹᠠᠨ ᠤ ᠠᠴᠢ᠂ ᠠᠾᠢᠺᠠᠮ ᠤᠨ ᠬᠦᠦ ᠭᠧᠳᠠᠯᠢᠶ᠎ᠠ ᠶᠢ ᠲᠣᠮᠢᠯᠠᠭᠰᠠᠨ ᠢ ᠰᠣᠨᠣᠰᠣᠭᠠᠳ 12 ᠪᠦᠭᠦᠳᠡᠭᠡᠷ ᠢᠶᠡᠨ ᠲᠠᠷᠬᠠᠭᠰᠠᠨ ᠭᠠᠵᠠᠷ ᠪᠣᠯᠭᠠᠨ ᠠᠴᠠ ᠪᠠᠨ ᠪᠤᠴᠠᠵᠤ᠂ ᠶᠦᠳᠠ ᠨᠤᠲᠤᠭ ᠶᠢᠨ ᠮᠢᠽᠫᠠ ᠳᠤ ᠭᠧᠳᠠᠯᠢᠶ᠎ᠠ ᠳᠡᠭᠡᠷ᠎ᠡ ᠢᠷᠡᠭᠡᠳ᠂ ᠳᠠᠷᠠᠰᠤ ᠪᠣᠯᠣᠨ ᠵᠤᠨ ᠤ ᠵᠢᠮᠢᠰ ᠢ ᠦᠯᠡᠮᠵᠢ ᠶᠡᠬᠡ ᠪᠡᠷ ᠬᠠᠳᠠᠭᠠᠯᠠᠭᠰᠠᠨ ᠪᠠᠢᠨ᠎ᠠ᠃

13 ᠬᠠᠷᠢᠨ ᠺᠠᠷᠧᠶ᠎ᠠ ᠶᠢᠨ ᠬᠦᠦ ᠶᠣᠬᠠᠨᠠᠨ ᠪᠣᠯᠣᠨ ᠬᠡᠭᠡᠷ᠎ᠡ ᠲᠠᠯ᠎ᠠ ᠳᠤ ᠦᠯᠡᠳᠡᠭᠡᠳ ᠪᠠᠢᠭᠰᠠᠨ ᠴᠡᠷᠢᠭ ᠤᠨ ᠤᠳᠤᠷᠢᠳᠤᠭᠴᠢᠳ ᠪᠦᠭᠦᠳᠡ ᠮᠢᠽᠫᠠ ᠳᠠᠬᠢ ᠭᠧᠳᠠᠯᠢᠶ᠎ᠠ ᠳᠡᠭᠡᠷ᠎ᠡ ᠢᠷᠡᠵᠦ᠂ 14 ᠲᠡᠭᠦᠨ ᠳᠦ᠄ 《ᠠᠮᠣᠨᠴᠤᠳ ᠤᠨ ᠬᠠᠭᠠᠨ ᠪᠠᠯᠢᠰ ᠲᠠᠨ ᠤ ᠠᠮᠢ ᠶᠢ ᠬᠥᠨᠥᠭᠡᠬᠦ ᠪᠡᠷ ᠨᠧᠲ᠋ᠠᠨᠢᠶ᠎ᠠ ᠶᠢᠨ ᠬᠦᠦ ᠢᠱᠮᠠᠶᠧᠯ ᠢ ᠢᠯᠡᠭᠡᠭᠰᠡᠨ ᠲᠤᠬᠠᠢ ᠲᠠ ᠰᠠᠢᠨ ᠮᠡᠳᠡᠬᠦ ᠤᠤ︖》 ᠭᠡᠬᠦ ᠳᠦ᠂ ᠠᠾᠢᠺᠠᠮ ᠤᠨ ᠬᠦᠦ ᠭᠧᠳᠠᠯᠢᠶ᠎ᠠ ᠲᠡᠳᠡᠨ ᠦ ᠬᠢ ᠶᠢ ᠢᠲᠡᠭᠡᠭᠰᠡᠨ ᠦᠭᠡᠢ᠃ 15 ᠲᠡᠭᠡᠬᠦ ᠳᠦ ᠺᠠᠷᠧᠶ᠎ᠠ ᠶᠢᠨ ᠬᠦᠦ ᠶᠣᠬᠠᠨᠠᠨ ᠮᠢᠽᠫᠠ ᠳᠤ ᠭᠧᠳᠠᠯᠢᠶ᠎ᠠ ᠲᠠᠢ ᠨᠢᠭᠤᠴᠠ ᠪᠠᠷ ᠶᠠᠷᠢᠵᠤ᠄ 《ᠪᠢ ᠬᠡᠨ ᠳᠦ ᠴᠤ ᠮᠡᠳᠡᠭᠦᠯᠬᠦ ᠦᠭᠡᠢ ᠪᠠᠷ ᠶᠠᠪᠤᠵᠤ᠂ ᠨᠧᠲ᠋ᠠᠨᠢᠶ᠎ᠠ ᠶᠢᠨ ᠬᠦᠦ ᠢᠱᠮᠠᠶᠧᠯ ᠢ ᠠᠯᠠᠶ᠎ᠠ᠃ ᠶᠠᠭᠠᠬᠢᠬᠤ ᠭᠡᠵᠦ ᠲᠠᠨ ᠤ ᠠᠮᠢ ᠶᠢ ᠲᠡᠭᠦᠨ ᠳᠦ ᠥᠭᠬᠦ ᠪᠢᠯᠡ︖ ᠶᠠᠭᠠᠬᠢᠭᠠᠳ ᠲᠠᠨ ᠤᠷᠤᠭᠤ ᠴᠤᠭᠯᠠᠷᠠᠭᠰᠠᠨ ᠪᠦᠬᠦ ᠶᠦᠳᠠᠢᠴᠤᠳ ᠪᠤᠲᠠᠷᠠᠵᠤ᠂ ᠶᠦᠳᠠ ᠶᠢᠨ ᠦᠯᠡᠳᠡᠭᠰᠡᠳ ᠤᠰᠠᠳᠬᠤ ᠶᠣᠰᠣᠲᠠᠢ ᠪᠤᠢ︖》 ᠭᠡᠰᠡᠨ ᠪᠣᠯᠪᠠᠴᠤ᠂ 16 ᠠᠾᠢᠺᠠᠮ ᠤᠨ ᠬᠦᠦ ᠭᠧᠳᠠᠯᠢᠶ᠎ᠠ᠂ ᠺᠠᠷᠧᠶ᠎ᠠ ᠶᠢᠨ ᠬᠦᠦ ᠶᠣᠬᠠᠨᠠᠨ ᠳᠤ᠄ 《ᠴᠢ ᠡᠢᠮᠦ ᠶᠠᠭᠤᠮ᠎ᠠ ᠪᠦᠦ ᠬᠢ᠃ ᠴᠢ ᠢᠱᠮᠠᠶᠧᠯ ᠤᠨ ᠲᠠᠯ᠎ᠠ ᠪᠠᠷ ᠬᠤᠳᠠᠯ ᠬᠡᠯᠡᠵᠦ ᠪᠠᠢᠨ᠎ᠠ》 ᠭᠡᠵᠦ ᠬᠡᠯᠡᠪᠡ᠃