1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠠᠷᠪᠠᠨ ᠳᠣᠯᠣᠭ᠎ᠠ
1 ᠶᠦᠳᠠ ᠶᠢᠨ ᠨᠢᠭᠦᠯ ᠵᠢᠷᠦᠬᠡᠨ ᠦ ᠬᠢᠨᠢ ᠰᠠᠮᠪᠠᠷ᠎ᠠ ᠳᠤ᠂ ᠲᠠᠬᠢᠯ ᠤᠨ ᠰᠢᠷᠡᠭᠡᠨ ᠦ ᠬᠢᠨᠢ ᠡᠪᠡᠷ ᠲᠦ ᠲᠡᠮᠦᠷ ᠦᠵᠦᠭ ᠢᠶᠡᠷ ᠪᠢᠴᠢᠭᠳᠡᠵᠦ᠂ ᠠᠯᠮᠠᠰ ᠤᠨ ᠦᠵᠦᠭᠦᠷ ᠢᠶᠡᠷ ᠰᠡᠢᠯᠦᠭᠳᠡᠭᠰᠡᠨ ᠪᠠᠢᠨ᠎ᠠ᠃
2 ᠲᠡᠳᠡ ᠬᠡᠦᠬᠡᠳ ᠤᠳ ᠢᠶᠠᠨ ᠰᠠᠨᠠᠳᠠᠭ ᠰᠢᠭ᠋ ᠥᠨᠳᠥᠷ ᠲᠣᠯᠣᠭᠠᠳ ᠳᠡᠭᠡᠷᠡᠬᠢ᠂ ᠱᠠᠩᠰᠢ ᠮᠣᠳᠣᠳ ᠤᠨ ᠳᠡᠷᠭᠡᠳᠡᠬᠢ ᠲᠠᠬᠢᠯ ᠤᠨ ᠰᠢᠷᠡᠭᠡ ᠨᠦᠭᠦᠳ ᠪᠣᠯᠣᠨ ᠠᠱᠧᠷᠠ ᠶᠢᠨ ᠮᠣᠳᠣᠨ ᠱᠣᠩ ᠢᠶᠠᠨ ᠰᠠᠨᠠᠳᠠᠭ᠃
3 ᠴᠢᠨᠦ ᠪᠦᠬᠦ ᠬᠢᠯᠢ ᠶᠢᠨ ᠳᠣᠲᠣᠷᠠᠬᠢ ᠨᠢᠭᠦᠯ ᠦᠨ ᠤᠯᠠᠮ ᠢᠶᠠᠷ ᠪᠢ ᠬᠡᠭᠡᠷ᠎ᠡ ᠲᠠᠯ᠎ᠠ ᠳᠠᠬᠢ ᠥᠪᠡᠷ ᠦᠨ ᠢᠶᠠᠨ ᠠᠭᠤᠯᠠ ᠶᠢ ᠮᠥᠨ ᠴᠢᠨᠦ ᠡᠳ᠋ ᠪᠠᠶᠠᠯᠢᠭ ᠪᠣᠯᠣᠨ ᠪᠦᠬᠦ ᠡᠷᠳᠡᠨᠢᠰ ᠢ ᠴᠢᠨᠦ ᠮᠥᠷᠭᠥᠯ ᠦᠨ ᠮᠠᠨᠳᠠᠯ ᠤᠳ ᠲᠠᠢ ᠬᠠᠮᠲᠤ ᠣᠯᠵᠠ ᠪᠣᠯᠭᠠᠨ᠎ᠠ᠂
4 ᠴᠢ ᠦᠢᠯᠡᠰ ᠦᠨ ᠢᠶᠠᠨ ᠤᠯᠠᠮ ᠢᠶᠠᠷ ᠨᠠᠳᠠ ᠠᠴᠠ ᠠᠪᠤᠭᠰᠠᠨ ᠥᠪ ᠢᠶᠡᠨ ᠭᠠᠷ ᠠᠴᠠ ᠪᠠᠨ ᠠᠯᠳᠠᠬᠤ ᠪᠥᠭᠡᠳ ᠥᠪᠡᠷ ᠦᠨ ᠢᠶᠠᠨ ᠮᠡᠳᠡᠳᠡᠭ ᠦᠭᠡᠢ ᠣᠷᠣᠨ ᠳᠤ ᠥᠰᠲᠡᠨ ᠨᠦᠭᠦᠳ ᠲᠡᠭᠡᠨ ᠦᠢᠯᠡᠴᠢᠯᠡᠨ᠎ᠡ ᠴᠢ ᠮᠢᠨᠦ ᠠᠭᠤᠷ ᠬᠢᠯᠢᠩ ᠳᠤ ᠭᠠᠯ ᠨᠣᠴᠣᠭᠠᠭᠰᠠᠨ ᠲᠤᠯᠠ ᠲᠡᠷᠡ ᠨᠢ ᠡᠭᠦᠷᠢᠳᠡ ᠰᠢᠲᠠᠬᠤ ᠪᠣᠯᠣᠨ᠎ᠠ᠃
5 ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠥᠮᠦᠨ ᠳᠦ ᠢᠲᠡᠭᠡᠵᠦ᠂ ᠬᠦᠴᠦᠨ ᠳᠡᠭᠡᠨ ᠨᠠᠢᠳᠠᠵᠤ ᠵᠢᠷᠦᠬᠡ ᠪᠡᠨ ᠶᠣᠬᠣᠸᠠ ᠠᠴᠠ ᠡᠷᠭᠢᠭᠦᠯᠦᠭᠰᠡᠨ ᠬᠥᠮᠦᠨ ᠬᠠᠷᠢᠶᠠᠯ ᠲᠠᠢ᠃
6 ᠴᠥᠯ ᠳᠠᠬᠢ ᠪᠤᠲᠠ ᠮᠡᠲᠦ ᠲᠡᠷᠡ ᠰᠠᠢᠨ ᠤ ᠪᠠᠷ᠎ᠠ ᠬᠠᠷᠠᠯ ᠦᠭᠡᠢ᠂ ᠬᠥᠮᠦᠨ ᠰᠠᠭᠤᠳᠠᠭ ᠦᠭᠡᠢ ᠳᠠᠪᠤᠰᠤ ᠲᠠᠢ ᠨᠤᠲᠤᠭ ᠴᠥᠯ ᠦᠨ ᠬᠠᠭᠤᠷᠠᠢ ᠭᠠᠵᠠᠷ ᠲᠤ ᠰᠠᠭᠤᠬᠤ ᠪᠣᠯᠣᠨ᠎ᠠ᠃
7 ᠬᠠᠷᠢᠨ ᠶᠣᠬᠣᠸᠠ ᠳᠤ ᠢᠲᠡᠭᠡᠵᠦ᠂ ᠶᠣᠬᠣᠸᠠ ᠳᠤ ᠨᠠᠢᠳᠠᠯᠭ᠎ᠠ ᠲᠠᠯᠪᠢᠭᠰᠠᠨ ᠬᠥᠮᠦᠨ ᠪᠤᠶᠠᠨ ᠲᠠᠢ︕
8 ᠤᠰᠤᠨ ᠤ ᠳᠡᠷᠭᠡᠳᠡ ᠲᠠᠷᠢᠭᠳᠠᠭᠰᠠᠨ ᠮᠣᠳᠣ ᠮᠡᠲᠦ ᠲᠡᠷᠡ ᠤᠷᠤᠰᠬᠠᠯ ᠤᠨ ᠬᠠᠵᠠᠭᠤ ᠳᠤ ᠦᠨᠳᠦᠰᠦ ᠪᠡᠨ ᠰᠤᠩ᠋ᠭᠠᠵᠤ ᠬᠠᠯᠠᠭᠤᠨ ᠪᠣᠯᠬᠤ ᠳᠤ ᠠᠶᠤᠬᠤ ᠦᠭᠡᠢ ᠨᠠᠪᠴᠢᠰ ᠨᠢ ᠨᠣᠭᠣᠭᠠᠨ ᠪᠠᠢᠭᠰᠠᠭᠠᠷ ᠭᠠᠩ ᠭᠠᠴᠢᠭ ᠤᠨ ᠵᠢᠯ ᠳᠤ ᠲᠦᠭᠰᠢᠯ ᠦᠭᠡᠢ ᠦᠷ᠎ᠡ ᠵᠢᠮᠢᠰ ᠭᠠᠷᠭᠠᠬᠤ ᠪᠠᠨ ᠴᠤ ᠪᠣᠯᠢᠬᠤ ᠦᠭᠡᠢ᠃
9 ᠬᠠᠮᠤᠭ ᠠᠴᠠ ᠢᠯᠡᠭᠦᠦ ᠵᠠᠯᠢ ᠲᠠᠢ ᠡᠳᠡᠭᠡᠷᠡᠰᠢ ᠦᠭᠡᠢ ᠡᠪᠡᠳᠴᠢᠨ ᠲᠡᠢ ᠨᠢ ᠬᠥᠮᠦᠨ ᠦ ᠰᠠᠨᠠᠭ᠎ᠠ ᠬᠡᠨ ᠲᠡᠭᠦᠨ ᠢ ᠣᠢᠯᠠᠭᠠᠵᠤ ᠴᠢᠳᠠᠬᠤ ᠪᠢᠯᠡ︖
10 ᠬᠠᠷᠢᠨ ᠶᠣᠬᠣᠸᠠ ᠪᠢ ᠰᠠᠨᠠᠭ᠎ᠠ ᠶᠢ ᠰᠢᠯᠭᠠᠵᠤ ᠰᠡᠳᠬᠢᠯ ᠢ ᠴᠡᠩᠨᠡᠭᠡᠳ ᠬᠥᠮᠦᠨ ᠪᠦᠷᠢ ᠳᠤ ᠵᠠᠮ ᠤᠨ ᠬᠢᠨᠢ ᠳᠠᠭᠠᠤ ᠦᠢᠯᠡᠳᠦᠭᠰᠡᠨ ᠦ ᠬᠢᠨᠢ ᠦᠷ᠎ᠡ ᠵᠢᠮᠢᠰ ᠤᠨ ᠳᠠᠭᠠᠤ ᠬᠠᠷᠢᠭᠤᠯᠤᠨ᠎ᠠ᠃
11 ᠡᠳ᠋ ᠬᠥᠷᠥᠩᠭᠡ ᠶᠢ ᠰᠢᠳᠤᠷᠭᠤ ᠪᠤᠰᠤ ᠪᠠᠷ ᠤᠯᠳᠠᠭ ᠬᠥᠮᠦᠨ ᠥᠪᠡᠷ ᠦᠨ ᠲᠥᠷᠥᠭᠦᠯᠦᠭᠡ ᠦᠭᠡᠢ ᠥᠨᠳᠡᠭᠡ ᠶᠢ ᠳᠠᠷᠤᠳᠠᠭ ᠢᠲᠠᠭᠤ ᠲᠠᠢ ᠠᠳᠠᠯᠢ ᠬᠢᠵᠢᠶᠡᠯᠢ ᠨᠠᠰᠤᠨ ᠳᠤᠨᠢ ᠲᠡᠳᠡᠭᠡᠷ ᠡᠳ᠋ ᠥᠪᠡᠷ ᠢ ᠨᠢ ᠣᠷᠬᠢᠵᠤ᠂ ᠬᠣᠵᠢᠮ ᠨᠢ ᠲᠡᠷᠡ ᠮᠤᠩ᠋ᠬᠠᠭ ᠪᠣᠯᠣᠨ᠎ᠠ᠃
12 ᠡᠬᠢᠨ ᠡᠴᠡ ᠪᠡᠨ ᠡᠷᠭᠦᠮᠵᠢᠯᠡᠭᠳᠡᠭᠰᠡᠨ ᠰᠦᠷ ᠵᠢᠪᠬᠤᠯᠠᠩᠲᠤ ᠰᠡᠨᠲᠢ᠂ ᠪᠢᠳᠡᠨ ᠦ ᠠᠷᠢᠭᠤᠨ ᠭᠠᠵᠠᠷ ᠳᠠᠬᠢ
13 ᠢᠰᠷᠧᠯ ᠤᠨ ᠨᠠᠢᠳᠠᠪᠤᠷᠢ ᠶᠣᠬᠣᠸᠠ︕ ᠲᠠᠨ ᠢ ᠣᠷᠬᠢᠭᠰᠠᠨ ᠪᠦᠭᠦᠳᠡ ᠢᠴᠢᠭᠦᠷᠢ ᠳᠤ ᠤᠨᠠᠨ ᠲᠠᠨ ᠠᠴᠠ ᠡᠷᠭᠢᠭᠰᠡᠨ ᠪᠦᠭᠦᠳᠡ ᠭᠠᠵᠠᠷ ᠳᠡᠭᠡᠷ᠎ᠡ ᠨᠡᠷ᠎ᠡ ᠪᠡᠨ ᠪᠢᠴᠢᠭᠦᠯᠬᠦ ᠪᠣᠯᠣᠨ᠎ᠠ ᠲᠡᠳᠡ ᠠᠮᠢᠳᠤ ᠤᠰᠤᠨ ᠤ ᠤᠨᠳᠤᠷᠤᠭ᠎ᠠ ᠪᠣᠯᠬᠤ ᠶᠣᠬᠣᠸᠠ ᠶᠢ ᠣᠷᠬᠢᠭᠰᠠᠨ ᠶᠤᠮ᠂
14 ᠶᠣᠬᠣᠸᠠ᠂ ᠨᠠᠮᠠᠶᠢ ᠡᠳᠡᠭᠡᠭᠡᠭᠡᠴᠢ᠂ ᠲᠡᠭᠡᠪᠡᠯ ᠪᠢ ᠡᠳᠡᠭᠡᠷᠡᠨ᠎ᠡ ᠨᠠᠮᠠᠶᠢ ᠠᠪᠤᠷᠠᠭᠠᠴᠢ᠂ ᠲᠡᠭᠡᠪᠡᠯ ᠪᠢ ᠠᠪᠤᠷᠠᠭᠳᠠᠨ᠎ᠠ ᠲᠠ ᠪᠣᠯ ᠮᠢᠨᠦ ᠮᠠᠭᠲᠠᠭᠠᠯ ᠶᠤᠮ︕
15 ᠬᠠᠷᠠᠭᠠᠴᠢ᠂ ᠲᠡᠳᠡ ᠨᠠᠳᠠ ᠳᠤ᠄ 《ᠶᠣᠬᠣᠸᠠ ᠶᠢᠨ ᠦᠭᠡ ᠬᠠᠮᠢᠭ᠎ᠠ ᠪᠠᠢᠨ᠎ᠠ ᠪᠤᠢ︖ ᠡᠳᠦᠭᠡ ᠪᠡᠶᠡᠯᠡᠭᠳᠡᠭ︕》 ᠭᠡᠯᠴᠡᠵᠦ ᠪᠠᠢᠨ᠎ᠠ᠃
16 ᠬᠠᠷᠢᠨ ᠪᠢ ᠲᠠᠨ ᠢ ᠳᠠᠭᠠᠬᠤ ᠬᠣᠨᠢᠴᠢᠨ ᠪᠣᠯᠬᠤ ᠠᠴᠠ ᠪᠤᠯᠲᠠᠭ᠎ᠠ ᠦᠭᠡᠢ ᠭᠠᠰᠠᠯᠠᠩᠲᠤ ᠡᠳᠦᠷ ᠢ ᠪᠢ ᠬᠦᠰᠡᠭᠡ ᠦᠭᠡᠢ ᠶᠢ ᠲᠠ ᠮᠡᠳᠡᠨ᠎ᠡ᠃ ᠤᠷᠤᠭᠤᠯ ᠠᠴᠠ ᠮᠢᠨᠢ ᠭᠠᠷᠤᠭᠰᠠᠨ ᠪᠦᠭᠦᠳᠡ ᠶᠠᠭ ᠲᠠᠨ ᠤ ᠡᠮᠦᠨ᠎ᠡ ᠪᠠᠢᠨ᠎ᠠ᠂
17 ᠲᠠ ᠨᠠᠳᠠ ᠳᠤ ᠪᠦᠦ ᠰᠦᠷᠳᠡᠭᠦᠯᠦᠯ ᠪᠣᠯᠣᠭᠠᠴᠢ ᠭᠠᠮᠰᠢᠭ ᠤᠨ ᠡᠳᠦᠷ ᠮᠢᠨᠦ ᠬᠣᠷᠭᠣᠳᠠᠬᠤ ᠭᠠᠵᠠᠷ ᠪᠣᠯ ᠲᠠ ᠶᠤᠮ᠃
18 ᠨᠠᠮᠠᠶᠢ ᠬᠠᠪᠴᠢᠭᠴᠢ ᠶᠢ ᠰᠢᠪᠰᠢᠭ ᠪᠣᠯᠭᠠᠭᠠᠴᠢ ᠬᠠᠷᠢᠨ ᠨᠠᠮᠠᠶᠢ ᠪᠦᠦ ᠰᠢᠪᠰᠢᠭ ᠪᠣᠯᠭᠠᠭᠠᠴᠢ ᠲᠡᠳᠡᠨ ᠢ ᠰᠦᠷᠳᠡᠭᠦᠯ᠂ ᠬᠠᠷᠢᠨ ᠨᠠᠮᠠᠶᠢ ᠪᠦᠦ ᠰᠦᠷᠳᠡᠭᠦᠯᠦᠭᠡᠴᠢ ᠭᠠᠮᠰᠢᠭ ᠤᠨ ᠡᠳᠦᠷ ᠢ ᠲᠡᠳᠡᠨ ᠳᠡᠭᠡᠷ᠎ᠡ ᠪᠠᠭᠤᠯᠭᠠᠵᠤ ᠳᠠᠬᠢᠨ ᠰᠦᠢᠷᠡᠯ ᠢᠶᠡᠷ ᠲᠡᠳᠡᠨ ᠢ ᠰᠦᠢᠷᠡᠭᠦᠯᠦᠭᠡᠴᠢ᠃
 ᠠᠮᠠᠷᠠᠯ ᠤᠨ ᠡᠳᠦᠷ ᠢ ᠠᠷᠢᠭᠤᠨ ᠢᠶᠠᠷ ᠰᠠᠬᠢ

19 ᠶᠣᠬᠣᠸᠠ ᠨᠠᠳᠠ ᠳᠤ ᠡᠢᠨ ᠬᠦ ᠠᠢᠯᠠᠳᠪᠠ᠄ 《ᠴᠢ ᠶᠦᠳᠠ ᠶᠢᠨ ᠬᠠᠭᠠᠳ ᠤᠨ ᠣᠷᠣᠵᠤ ᠭᠠᠷᠳᠠᠭ ᠨᠡᠢᠲᠡ ᠶᠢᠨ ᠬᠠᠭᠠᠯᠭ᠎ᠠ ᠬᠢᠭᠡᠳ ᠶᠧᠷᠦ᠋ᠰᠠᠯᠧᠮ ᠤᠨ ᠪᠦᠬᠦ ᠬᠠᠭᠠᠯᠭᠠᠨ ᠳᠡᠭᠡᠷ᠎ᠡ ᠣᠴᠢᠵᠤ ᠵᠣᠭᠰᠣᠭᠠᠳ 20 ᠬᠥᠮᠦᠰ ᠲᠦ᠄ 〈ᠡᠳᠡᠭᠡᠷ ᠬᠠᠭᠠᠯᠭ᠎ᠠ ᠪᠠᠷ ᠣᠷᠣᠵᠤ ᠢᠷᠡᠳᠡᠭ ᠶᠦᠳᠠ ᠶᠢᠨ ᠬᠠᠭᠠᠳ ᠪᠣᠯᠣᠨ ᠪᠦᠬᠦ ᠶᠦᠳᠠ ᠶᠢᠨ ᠬᠢᠨ᠂ ᠪᠠᠰᠠ ᠶᠧᠷᠦ᠋ᠰᠠᠯᠧᠮ ᠤᠨ ᠪᠦᠬᠦ ᠰᠠᠭᠤᠭᠠᠯᠢᠴᠢᠳ ᠡ᠂ ᠶᠣᠬᠣᠸᠠ ᠶᠢᠨ ᠦᠭᠡ ᠶᠢ ᠰᠣᠨᠣᠰᠴᠠᠭ᠎ᠠ᠃ 21 ᠶᠣᠬᠣᠸᠠ ᠡᠢᠨ ᠬᠦ ᠠᠢᠯᠠᠳᠴᠤ ᠪᠠᠢᠨ᠎ᠠ᠄ ᠠᠮᠢ ᠶᠢᠨ ᠢᠶᠠᠨ ᠲᠥᠯᠥᠭᠡ ᠲᠠ ᠨᠠᠷ ᠠᠮᠠᠷᠠᠯ ᠤᠨ ᠡᠳᠦᠷ ᠠᠴᠢᠶ᠎ᠠ ᠡᠭᠦᠷᠬᠦ ᠪᠤᠶᠤ ᠶᠧᠷᠦ᠋ᠰᠠᠯᠧᠮ ᠤᠨ ᠬᠠᠭᠠᠯᠭ᠎ᠠ ᠪᠠᠷ ᠠᠴᠢᠶ᠎ᠠ ᠣᠷᠣᠭᠤᠯᠬᠤ ᠠᠴᠠ ᠪᠣᠯᠭᠣᠮᠵᠢᠯᠠ᠃ 22 ᠠᠮᠠᠷᠠᠯ ᠤᠨ ᠡᠳᠦᠷ ᠭᠡᠷ ᠡᠴᠡ ᠪᠡᠨ ᠠᠴᠢᠶ᠎ᠠ ᠭᠠᠷᠭᠠᠵᠤ ᠪᠣᠯᠬᠤ ᠦᠭᠡᠢ᠂ ᠲᠡᠢᠨ ᠬᠦ ᠲᠠ ᠨᠠᠷ ᠶᠠᠮᠠᠷ ᠴᠤ ᠠᠵᠢᠯ ᠬᠢᠬᠦ ᠦᠭᠡᠢ ᠪᠠᠷ ᠠᠮᠠᠷᠠᠯ ᠤᠨ ᠡᠳᠦᠷ ᠢ ᠠᠷᠢᠭᠤᠨ ᠢᠶᠠᠷ ᠰᠠᠬᠢᠵᠠᠭ᠎ᠠ᠃ ᠡᠴᠢᠭᠡ ᠡᠪᠦᠭᠡᠳ ᠲᠦ ᠴᠢᠨᠢ ᠪᠢ ᠲᠡᠢᠨ ᠬᠦ ᠲᠤᠰᠢᠶᠠᠭᠰᠠᠨ ᠪᠣᠯᠪᠠᠴᠤ 23 ᠲᠡᠳᠡ ᠴᠢᠬᠢ ᠲᠠᠯᠪᠢᠨ ᠰᠣᠨᠣᠰᠣᠭᠰᠠᠨ ᠦᠭᠡᠢ᠃ ᠲᠡᠳᠡ ᠰᠤᠷᠭᠠᠯ ᠢ ᠰᠣᠨᠣᠰᠣᠭᠰᠠᠨ ᠴᠤ ᠦᠭᠡᠢ᠂ ᠬᠦᠯᠢᠶᠡᠨ ᠠᠪᠤᠭᠰᠠᠨ ᠴᠤ ᠦᠭᠡᠢ ᠰᠢᠯᠢ ᠪᠠᠨ ᠲᠠᠲᠠᠵᠤ ᠪᠢᠯᠡ᠃

24 ᠶᠣᠬᠣᠸᠠ ᠪᠢ ᠠᠢᠯᠠᠳᠴᠤ ᠪᠠᠢᠨ᠎ᠠ᠄ 〈ᠬᠠᠷᠢᠨ ᠲᠠ ᠨᠠᠷ ᠮᠢᠨᠦᠬᠢ ᠶᠢ ᠠᠩ᠋ᠬᠠᠷᠤᠯ ᠲᠠᠢ ᠰᠣᠨᠣᠰᠣᠭᠠᠳ ᠠᠮᠠᠷᠠᠯ ᠤᠨ ᠡᠳᠦᠷ ᠡᠨᠡ ᠬᠣᠲᠠ ᠶᠢᠨ ᠬᠠᠭᠠᠯᠭ᠎ᠠ ᠪᠠᠷ ᠠᠴᠢᠶ᠎ᠠ ᠣᠷᠣᠭᠤᠯᠤᠯ ᠦᠭᠡᠢ᠂ ᠶᠠᠮᠠᠷ ᠴᠤ ᠠᠵᠢᠯ ᠬᠢᠬᠦ ᠦᠭᠡᠢ ᠪᠠᠷ ᠠᠮᠠᠷᠠᠯ ᠤᠨ ᠡᠳᠦᠷ ᠢ ᠠᠷᠢᠭᠤᠨ ᠢᠶᠠᠷ ᠰᠠᠬᠢᠬᠤ ᠶᠤᠮ ᠪᠣᠯ᠂ 25 ᠳ᠋ᠠᠸᠢᠳ᠋ ᠤᠨ ᠰᠡᠨᠲᠢ ᠳᠤ ᠰᠠᠭᠤᠬᠤ ᠬᠠᠭᠠᠳ ᠲᠦᠰᠢᠮᠡᠳ ᠦᠨ ᠢᠶᠠᠨ ᠬᠠᠮᠲᠤ ᠮᠣᠷᠢ ᠤᠨᠤᠨ ᠲᠡᠷᠭᠡ ᠬᠥᠯᠵᠦ᠂ ᠶᠦᠳᠠ ᠶᠢᠨ ᠠᠷᠠᠳ ᠲᠦᠮᠡᠨ ᠬᠢᠭᠡᠳ ᠶᠧᠷᠦ᠋ᠰᠠᠯᠧᠮ ᠤᠨ ᠰᠠᠭᠤᠭᠠᠯᠢᠴᠢᠳ ᠲᠠᠢ ᠬᠠᠮᠲᠤ ᠡᠨᠡ ᠬᠣᠲᠠ ᠶᠢᠨ ᠬᠠᠭᠠᠯᠭ᠎ᠠ ᠪᠠᠷ ᠣᠷᠣᠵᠤ ᠢᠷᠡᠭᠰᠡᠭᠡᠷ ᠪᠠᠢᠵᠤ᠂ ᠡᠨᠡ ᠬᠣᠲᠠ ᠡᠭᠦᠷᠢᠳᠡ ᠰᠠᠭᠤᠭᠠᠯᠢᠴᠢᠳ ᠲᠠᠢ ᠪᠠᠨ ᠦᠯᠡᠳᠡᠬᠦ ᠪᠣᠯᠣᠨ᠎ᠠ᠂ 26 ᠪᠠᠰᠠ ᠶᠦᠳᠠ ᠶᠢᠨ ᠬᠣᠲᠠ ᠨᠤᠭᠤᠳ᠂ ᠶᠧᠷᠦ᠋ᠰᠠᠯᠧᠮ ᠤᠨ ᠡᠷᠭᠢᠨ ᠲᠣᠭᠣᠷᠢᠨ ᠤ ᠲᠣᠰᠬᠣᠳ᠂ ᠪᠢᠨᠶᠠᠮᠢᠨ ᠤ ᠨᠤᠲᠤᠭ ᠠᠴᠠ᠂ ᠥᠷᠥᠨ᠎ᠡ ᠶᠢᠨ ᠳᠣᠪᠣ ᠲᠣᠯᠣᠭᠠᠳ᠂ ᠠᠭᠤᠯᠠᠷᠬᠠᠭ ᠨᠤᠲᠤᠭ᠂ ᠮᠥᠨ ᠡᠮᠦᠨ᠎ᠡ ᠪᠦᠰᠡ ᠨᠤᠲᠤᠭ ᠠᠴᠠ ᠬᠥᠮᠦᠰ ᠰᠢᠲᠠᠭᠠᠯᠭᠠᠲᠤ ᠲᠠᠬᠢᠯ ᠵᠡᠷᠭᠡ ᠲᠠᠬᠢᠯ ᠤᠳ᠂ ᠢᠳᠡᠭᠡᠨ ᠲᠠᠬᠢᠯ ᠪᠣᠯᠣᠨ ᠤᠲᠤᠯᠭ᠎ᠠ ᠶᠢ ᠲᠠᠯᠠᠷᠬᠠᠯ ᠤᠨ ᠲᠠᠬᠢᠯ ᠤᠳ ᠲᠠᠢ ᠬᠠᠮᠲᠤ ᠠᠪᠴᠢᠷᠠᠵᠤ᠂ ᠶᠣᠬᠣᠸᠠ ᠶᠢᠨ ᠥᠷᠭᠥᠭᠡᠨ ᠲᠤ ᠣᠷᠣᠬᠤ ᠪᠣᠯᠣᠨ᠎ᠠ᠃ 27 ᠬᠠᠷᠢᠨ ᠲᠠ ᠨᠠᠷ ᠮᠢᠨᠦᠬᠢ ᠶᠢ ᠰᠣᠨᠣᠰᠣᠯ ᠦᠭᠡᠢ᠂ ᠠᠮᠠᠷᠠᠯ ᠤᠨ ᠡᠳᠦᠷ ᠠᠴᠢᠶ᠎ᠠ ᠡᠭᠦᠷᠴᠦ᠂ ᠶᠧᠷᠦ᠋ᠰᠠᠯᠧᠮ ᠤᠨ ᠬᠠᠭᠠᠯᠭ᠎ᠠ ᠪᠠᠷ ᠣᠷᠣᠵᠤ ᠢᠷᠡᠨ ᠠᠮᠠᠷᠠᠯ ᠤᠨ ᠡᠳᠦᠷ ᠢ ᠠᠷᠢᠭᠤᠨ ᠢᠶᠠᠷ ᠰᠠᠬᠢᠬᠤ ᠦᠭᠡᠢ ᠪᠣᠯ᠂ ᠪᠢ ᠬᠠᠭᠠᠯᠭᠠᠨ ᠳᠡᠭᠡᠷ᠎ᠡ ᠨᠢ ᠭᠠᠯ ᠲᠠᠯᠪᠢᠬᠤ ᠪᠥᠭᠡᠳ ᠲᠡᠷᠡ ᠭᠠᠯ ᠶᠧᠷᠦ᠋ᠰᠠᠯᠧᠮ ᠤᠨ ᠣᠷᠳᠣᠨ ᠨᠤᠭᠤᠳ ᠢ ᠵᠠᠯᠭᠢᠲᠠᠯ᠎ᠠ ᠪᠠᠨ ᠤᠨᠲᠠᠷᠠᠬᠤ ᠦᠭᠡᠢ ᠪᠠᠢᠬᠤ ᠪᠣᠯᠣᠨ᠎ᠠ᠃〉》