1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠠᠷᠪᠠᠨ ᠭᠤᠷᠪᠠ
 ᠮᠠᠭᠠᠯᠢᠩ᠋ᠭᠤᠨ ᠪᠦᠰᠡ

1 ᠶᠣᠬᠣᠸᠠ ᠨᠠᠳᠠ ᠳᠤ᠄ 《ᠴᠢ ᠶᠠᠪᠤᠭᠠᠳ ᠮᠠᠭᠠᠯᠢᠩ᠋ᠭᠤᠨ ᠪᠦᠰᠡ ᠬᠤᠳᠠᠯᠳᠤᠨ ᠠᠪᠴᠤ᠂ ᠪᠡᠯᠬᠡᠭᠦᠰᠦ ᠪᠡᠷ ᠢᠶᠠᠨ ᠪᠦᠰᠡᠯᠡ᠂ ᠲᠡᠭᠦᠨ ᠢ ᠤᠰᠤᠨ ᠳᠤ ᠪᠦᠦ ᠣᠷᠣᠭᠤᠯ》 ᠭᠡᠵᠦ ᠠᠢᠯᠠᠳᠤᠭᠰᠠᠨ ᠳᠤ᠂ 2 ᠪᠢ ᠶᠣᠬᠣᠸᠠ ᠶᠢᠨ ᠦᠭᠡᠨ ᠦ ᠳᠠᠭᠠᠤ ᠪᠦᠰᠡ ᠬᠤᠳᠠᠯᠳᠤᠨ ᠠᠪᠴᠤ᠂ ᠪᠡᠯᠬᠡᠭᠦᠰᠦ ᠪᠡᠷ ᠢᠶᠠᠨ ᠪᠦᠰᠡᠯᠡᠪᠡ᠃ 3 ᠶᠣᠬᠣᠸᠠ ᠶᠢᠨ ᠦᠭᠡ ᠨᠠᠳᠠ ᠳᠤ ᠬᠣᠶᠠᠳᠠᠬᠢ ᠤᠳᠠᠭ᠎ᠠ ᠪᠠᠨ ᠢᠷᠡᠵᠦ᠄ 4 《ᠣᠳᠣ ᠴᠢ ᠬᠤᠳᠠᠯᠳᠤᠨ ᠠᠪᠤᠭᠠᠳ ᠪᠡᠯᠬᠡᠭᠦᠰᠦ ᠪᠡᠷ ᠢᠶᠠᠨ ᠪᠦᠰᠡᠯᠡᠭᠰᠡᠨ ᠪᠦᠰᠡ ᠶᠢ ᠠᠪᠴᠤ᠂ ᠡᠶᠦ᠋ᠹᠷᠠᠲ᠋ᠧᠰ ᠤᠷᠤᠭᠤ ᠣᠴᠢᠭᠠᠳ᠂ ᠲᠡᠭᠦᠨ ᠢ ᠲᠡᠨᠳᠡ ᠬᠠᠳᠠᠨ ᠤ ᠵᠠᠪᠰᠠᠷ ᠲᠤ ᠨᠢᠭᠤ》 ᠭᠡᠬᠦ ᠳᠦ᠂ 5 ᠪᠢ ᠶᠣᠬᠣᠸᠠ ᠶᠢᠨ ᠲᠤᠰᠢᠶᠠᠭᠰᠠᠨ ᠤ ᠳᠠᠭᠠᠤ ᠶᠠᠪᠤᠵᠤ᠂ ᠡᠶᠦ᠋ᠹᠷᠠᠲ᠋ᠧᠰ ᠤᠨ ᠬᠠᠵᠠᠭᠤ ᠳᠤ ᠪᠦᠰᠡ ᠶᠢ ᠨᠢᠭᠤᠪᠠ᠃ 6 ᠣᠯᠠᠨ ᠡᠳᠦᠷ ᠦᠨ ᠳᠠᠷᠠᠭ᠎ᠠ ᠶᠣᠬᠣᠸᠠ ᠨᠠᠳᠠ ᠳᠤ᠄ 《ᠪᠣᠰᠴᠤ ᠡᠶᠦ᠋ᠹᠷᠠᠲ᠋ᠧᠰ ᠤᠷᠤᠭᠤ ᠶᠠᠪᠤᠵᠤ᠂ ᠮᠢᠨᠦ ᠴᠢᠮ᠎ᠠ ᠳᠤ ᠲᠤᠰᠢᠶᠠᠨ ᠲᠡᠨᠳᠡ ᠨᠢᠭᠤᠯᠭᠠᠭᠰᠠᠨ ᠪᠦᠰᠡ ᠶᠢ ᠠᠪ》 ᠭᠡᠰᠡᠨ ᠳᠦ᠂ 7 ᠪᠢ ᠡᠶᠦ᠋ᠹᠷᠠᠲ᠋ᠧᠰ ᠤᠷᠤᠭᠤ ᠶᠠᠪᠤᠵᠤ ᠨᠢᠭᠤᠭᠰᠠᠨ ᠭᠠᠵᠠᠷ ᠢᠶᠠᠨ ᠰᠡᠨᠳᠡᠯᠵᠦ᠂ ᠪᠦᠰᠡ ᠶᠢ ᠠᠪᠴᠤ ᠦᠵᠡᠬᠦ ᠳᠦ᠂ ᠥᠨᠥᠬᠢ ᠪᠦᠰᠡ ᠦᠵᠢᠷᠡᠵᠦ᠂ ᠪᠦᠷᠢᠮᠦᠰᠦᠨ ᠬᠡᠷᠡᠭ ᠦᠭᠡᠢ ᠪᠣᠯᠣᠭᠰᠠᠨ ᠪᠠᠢᠪᠠ︕

8 ᠲᠡᠭᠡᠲᠡᠯ᠎ᠡ ᠶᠣᠬᠣᠸᠠ ᠶᠢᠨ ᠦᠭᠡ ᠨᠠᠳᠠ ᠳᠤ ᠢᠷᠡᠪᠡ᠄ 9 《ᠶᠣᠬᠣᠸᠠ ᠪᠢ ᠠᠢᠯᠠᠳᠴᠤ ᠪᠠᠢᠨ᠎ᠠ᠄ 〈ᠲᠡᠢᠨ ᠬᠦ ᠪᠢ ᠶᠦᠳᠠ ᠶᠢᠨ ᠪᠠᠷᠳᠠᠮᠨᠠᠯ᠂ ᠶᠧᠷᠦ᠋ᠰᠠᠯᠧᠮ ᠤᠨ ᠶᠡᠬᠡ ᠪᠠᠷᠳᠠᠮᠨᠠᠯ ᠢ ᠦᠵᠢᠷᠡᠭᠦᠯᠦᠨ᠎ᠡ᠃ 10 ᠡᠨᠡ ᠬᠣᠷᠣᠨ ᠮᠠᠭᠤ ᠠᠷᠠᠳ ᠲᠦᠮᠡᠨ ᠮᠢᠨᠦ ᠦᠭᠡ ᠶᠢ ᠰᠣᠨᠣᠰᠬᠤ ᠦᠭᠡᠢ᠂ ᠵᠥᠷᠢᠭᠦᠳ ᠰᠠᠨᠠᠭ᠎ᠠ ᠪᠠᠨ ᠳᠠᠭᠠᠨ᠂ ᠥᠭᠡᠷ᠎ᠡ ᠪᠤᠷᠬᠠᠳ ᠤᠨ ᠠᠷᠤ ᠠᠴᠠ ᠶᠠᠪᠤᠵᠤ᠂ ᠲᠡᠳᠡᠭᠡᠷ ᠲᠦ ᠦᠢᠯᠡᠴᠢᠯᠡᠨ ᠮᠥᠷᠭᠥᠳᠡᠭ ᠲᠤᠯᠠ ᠡᠨᠡ ᠪᠦᠰᠡ ᠰᠢᠭ ᠪᠦᠷᠢᠮᠦᠰᠦᠨ ᠬᠡᠷᠡᠭ ᠦᠭᠡᠢ ᠪᠣᠯᠣᠨ᠎ᠠ᠃ 11 ᠶᠣᠬᠣᠸᠠ ᠪᠢ ᠠᠢᠯᠠᠳᠴᠤ ᠪᠠᠢᠨ᠎ᠠ᠃ ᠬᠥᠮᠦᠨ ᠪᠦᠰᠡ ᠶᠢ ᠪᠡᠯᠬᠡᠭᠦᠰᠦᠨ ᠳᠡᠭᠡᠨ ᠤᠷᠢᠶᠠᠳᠠᠭ ᠰᠢᠭ᠋᠂ ᠪᠢ ᠢᠰᠷᠧᠯ ᠤᠨ ᠪᠦᠬᠦᠯᠢ ᠭᠡᠷ ᠪᠣᠯᠣᠨ ᠶᠦᠳᠠ ᠶᠢᠨ ᠪᠦᠬᠦᠯᠢ ᠭᠡᠷ ᠢ ᠥᠪᠡᠷ ᠲᠡᠭᠡᠨ ᠤᠷᠢᠶᠠᠵᠤ᠂ ᠥᠪᠡᠷ ᠦᠨ ᠢᠶᠠᠨ ᠨᠡᠷ᠎ᠡ ᠠᠯᠳᠠᠷ ᠪᠠ ᠬᠦᠨᠳᠦᠳᠬᠡᠯ ᠦᠨ ᠲᠥᠯᠥᠭᠡ ᠲᠡᠳᠡᠨ ᠢ ᠥᠪᠡᠷ ᠦᠨ ᠢᠶᠠᠨ ᠠᠷᠠᠳ ᠲᠦᠮᠡᠨ ᠪᠣᠯᠭᠠᠬᠤ ᠭᠡᠰᠡᠨ ᠪᠣᠯᠪᠠᠴᠤ ᠲᠡᠳᠡ ᠰᠣᠨᠣᠰᠣᠭ᠎ᠠ ᠦᠭᠡᠢ᠃〉》
 ᠳᠣᠩᠪᠣ ᠲᠠᠢ ᠳᠠᠷᠠᠰᠤ

12 ᠲᠡᠢᠮᠦ ᠡᠴᠡ ᠴᠢ ᠲᠡᠳᠡᠨ ᠳᠦ᠄ 《ᠢᠰᠷᠧᠯ ᠤᠨ ᠪᠤᠷᠬᠠᠨ᠂ ᠶᠣᠬᠣᠸᠠ ᠡᠢᠨ ᠬᠦ ᠠᠢᠯᠠᠳᠴᠤ ᠪᠠᠢᠨ᠎ᠠ᠄ 〈ᠳᠣᠩᠪᠣ ᠪᠦᠷᠢ ᠳᠠᠷᠠᠰᠤ ᠪᠠᠷ ᠳᠦᠭᠦᠷᠦᠨ᠎ᠡ〉 ᠭᠡᠰᠡᠨ》 ᠭᠡᠵᠦ ᠬᠡᠯᠡ᠃ ᠲᠡᠳᠡ ᠴᠢᠮ᠎ᠠ ᠳᠤ᠄ 《ᠳᠣᠩᠪᠣ ᠪᠦᠷᠢ ᠳᠠᠷᠠᠰᠤ ᠪᠠᠷ ᠳᠦᠭᠦᠷᠦᠨ᠎ᠡ ᠭᠡᠳᠡᠭ ᠢ ᠪᠢᠳᠡ ᠰᠠᠢᠨ ᠮᠡᠳᠡᠳᠡᠭ ᠦᠭᠡᠢ ᠭᠡᠵᠢ ᠤᠤ︖》 ᠭᠡᠬᠦ ᠪᠣᠯᠣᠨ᠎ᠠ᠃ 13 ᠲᠡᠭᠡᠪᠡᠯ ᠴᠢ᠄ 《ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷᠠ᠂ ᠪᠢ ᠡᠨᠡ ᠣᠷᠣᠨ ᠤ ᠪᠦᠬᠦ ᠰᠠᠭᠤᠭᠠᠯᠢᠴᠢᠳ ᠢ᠂ ᠳ᠋ᠠᠸᠢᠳ᠋ ᠤᠨ ᠰᠡᠨᠲᠢ ᠳᠤ ᠰᠠᠭᠤᠭᠴᠢ ᠬᠠᠭᠠᠳ᠂ ᠲᠠᠬᠢᠯᠴᠢᠳ᠂ ᠡᠰᠢ ᠦᠵᠡᠭᠦᠯᠦᠭᠴᠢᠳ ᠪᠣᠯᠣᠨ ᠶᠧᠷᠦ᠋ᠰᠠᠯᠧᠮ ᠤᠨ ᠪᠦᠬᠦ ᠰᠠᠭᠤᠭᠠᠯᠢᠴᠢᠳ ᠢ ᠪᠦᠭᠦᠳᠡ ᠶᠢ ᠨᠢ ᠰᠣᠭᠲᠣᠭᠤᠷᠠᠯ ᠢᠶᠠᠷ ᠳᠦᠭᠦᠷᠭᠡᠵᠦ᠂ 14 ᠡᠴᠢᠭᠡ ᠬᠦᠦ ᠶᠢ ᠴᠤ ᠪᠡᠶ᠎ᠡ ᠪᠡᠶ᠎ᠡ ᠲᠠᠢ ᠨᠢ ᠬᠠᠭᠠᠷᠠᠭᠤᠯᠤᠨ᠎ᠠ᠂ ᠪᠢ ᠲᠡᠳᠡᠨ ᠢ ᠡᠨᠡᠷᠢᠬᠦ ᠦᠭᠡᠢ᠂ ᠥᠷᠥᠪᠳᠦᠬᠦ ᠦᠭᠡᠢ᠂ ᠥᠷᠥᠰᠢᠶᠡᠬᠦ ᠦᠭᠡᠢ ᠤᠰᠠᠳᠬᠠᠨ᠎ᠠ᠂ ᠶᠣᠬᠣᠸᠠ ᠪᠢ ᠠᠢᠯᠠᠳᠴᠤ ᠪᠠᠢᠨ᠎ᠠ〉》 ᠭᠡᠵᠦ ᠬᠡᠯᠡ᠃
 ᠣᠯᠵᠠᠯᠠᠭᠳᠠᠬᠤ ᠶᠢ ᠡᠰᠢ ᠦᠵᠡᠭᠦᠯᠪᠡ
15 ᠴᠢᠬᠢ ᠲᠠᠯᠪᠢᠨ ᠰᠣᠨᠣᠰᠴᠠᠭ᠎ᠠ᠂ ᠪᠢᠲᠡᠭᠡᠢ ᠪᠠᠷᠳᠠᠮᠨᠠ ᠶᠣᠬᠣᠸᠠ ᠠᠢᠯᠠᠳᠴᠤ ᠪᠠᠢᠨ᠎ᠠ᠃
16 ᠬᠠᠷᠠᠩ᠋ᠭᠤᠢ ᠶᠢ ᠲᠡᠷᠡ ᠠᠪᠴᠢᠷᠠᠬᠤ ᠠᠴᠠ ᠡᠮᠦᠨ᠎ᠡ ᠪᠦᠷᠦᠩᠬᠦᠢ ᠠᠭᠤᠯᠠᠰ ᠳᠡᠭᠡᠷ᠎ᠡ ᠬᠥᠯ ᠴᠢᠨᠢ ᠪᠦᠳᠦᠷᠢᠬᠦ ᠡᠴᠡ ᠡᠮᠦᠨ᠎ᠡ ᠪᠤᠷᠬᠠᠨ ᠶᠣᠬᠣᠸᠠ ᠳᠠᠭᠠᠨ ᠠᠯᠳᠠᠷ ᠢ ᠡᠷᠭᠦ᠃ ᠭᠡᠷᠡᠯ ᠭᠡᠭᠡ ᠶᠢ ᠲᠠ ᠨᠠᠷ ᠬᠦᠯᠢᠶᠡᠳᠡᠭ ᠪᠣᠯᠪᠠᠴᠤ ᠲᠡᠭᠦᠨ ᠢ ᠲᠡᠷᠡ ᠭᠦᠨ ᠬᠠᠷᠠᠩ᠋ᠭᠤᠢ ᠪᠣᠯᠭᠠᠨ᠂ ᠦᠬᠦᠯ ᠦᠨ ᠰᠡᠭᠦᠳᠡᠷ ᠢᠶᠡᠷ ᠰᠣᠯᠢᠨ᠎ᠠ᠂
17 ᠡᠭᠦᠨ ᠢ ᠲᠠ ᠨᠠᠷ ᠡᠰᠡ ᠰᠣᠨᠣᠰᠪᠠᠯ ᠶᠡᠬᠡ ᠵᠠᠩ ᠤᠨ ᠴᠢᠨᠢ ᠤᠯᠠᠮ ᠢᠶᠠᠷ ᠪᠢ ᠰᠡᠮᠬᠡᠨ ᠤᠬᠢᠯᠠᠨ᠎ᠠ ᠶᠣᠬᠣᠸᠠ ᠶᠢᠨ ᠰᠦᠷᠦᠭ ᠣᠯᠵᠠᠯᠠᠭᠳᠠᠬᠤ ᠶᠢᠨ ᠤᠯᠠᠮ ᠢᠶᠠᠷ ᠨᠢᠳᠦ ᠮᠢᠨᠢ ᠭᠠᠰᠢᠭᠤᠨ ᠢᠶᠠᠷ ᠤᠬᠢᠯᠠᠵᠤ᠂ ᠨᠢᠯᠪᠤᠰᠤ ᠤᠷᠤᠰᠬᠠᠨ᠎ᠠ᠃
18 ᠬᠠᠭᠠᠨ ᠳᠤ ᠪᠣᠯᠣᠨ ᠡᠬᠡ ᠬᠠᠲᠤᠨ ᠳᠤ ᠴᠤ᠄ 《ᠰᠦᠷ ᠲᠡᠢ ᠲᠢᠲᠢᠮ ᠲᠠᠨᠢ ᠤᠨᠠᠨ᠎ᠠ ᠰᠠᠭᠤᠳᠠᠯ ᠠᠴᠠ ᠪᠠᠨ ᠪᠠᠭᠤ》 ᠭᠡᠵᠦ ᠬᠡᠯᠡ᠃
19 ᠡᠮᠦᠨ᠎ᠡ ᠵᠦᠭ ᠦᠨ ᠬᠣᠲᠠ ᠨᠤᠭᠤᠳ ᠬᠠᠭᠠᠭᠳᠠᠨ᠂ ᠨᠡᠭᠡᠭᠡᠬᠦ ᠬᠥᠮᠦᠨ ᠠᠯᠠᠭ᠎ᠠ᠂ ᠪᠦᠬᠦ ᠶᠦᠳᠠ ᠴᠥᠯᠡᠭᠳᠡᠨ᠎ᠡ᠂ ᠪᠦᠬᠦᠯᠢ ᠪᠠᠷ ᠢᠶᠠᠨ ᠴᠥᠯᠡᠭᠳᠡᠨ᠎ᠡ
20 ᠨᠢᠳᠦ ᠪᠡᠨ ᠡᠷᠭᠦᠵᠦ᠂ ᠬᠣᠢᠲᠤ ᠵᠦᠭ ᠡᠴᠡ ᠢᠷᠡᠵᠦ ᠪᠠᠢᠭ᠎ᠠ ᠳᠠᠢᠰᠤᠨ ᠢᠶᠠᠨ ᠬᠠᠷᠠ᠂ ᠬᠠᠷᠢᠭᠤᠴᠠᠭᠰᠠᠨ ᠰᠦᠷᠦᠭ᠂ ᠰᠠᠢᠬᠠᠨ ᠬᠣᠨᠢᠳ ᠴᠢᠨᠢ ᠬᠠᠮᠢᠭ᠎ᠠ ᠪᠠᠢᠨ᠎ᠠ ᠪᠤᠢ︖
21 ᠬᠣᠯᠪᠣᠭᠠᠲᠠᠨ ᠨᠠᠢᠵᠠ ᠪᠠᠷ ᠴᠢᠨᠢ ᠶᠣᠬᠣᠸᠠ ᠴᠢᠮᠠᠶᠢ ᠨᠣᠶᠠᠯᠠᠭᠤᠯᠪᠠᠯ ᠴᠢ ᠶᠠᠭᠤ ᠭᠡᠬᠦ ᠪᠢᠯᠡ︖ ᠨᠢᠷᠠᠢᠯᠠᠬᠤ ᠭᠡᠵᠦ ᠪᠤᠢ ᠪᠦᠰᠡᠭᠦᠢ ᠰᠢᠭ ᠡᠪᠡᠳᠦᠭᠡᠳ ᠲᠠᠷᠴᠢᠯᠠᠬᠤ ᠪᠢᠰᠢ ᠤᠤ︖
22 ᠬᠡᠷᠪᠡ ᠴᠢ ᠳᠣᠲᠣᠷ᠎ᠠ ᠪᠠᠨ᠄ 《ᠡᠳᠡᠭᠡᠷ ᠵᠦᠢᠯᠡᠰ ᠶᠠᠭᠠᠬᠢᠭᠠᠳ ᠨᠠᠳᠠ ᠳᠤ ᠲᠣᠬᠢᠶᠠᠯᠳᠤᠪᠠ︖》 ᠭᠡᠪᠡᠯ ᠭᠡᠮ ᠪᠤᠷᠤᠭᠤ ᠴᠢᠨᠢ ᠣᠯᠠᠨ ᠪᠣᠯᠬᠣᠷ ᠪᠠᠩ᠋ᠵᠠᠯ ᠴᠢᠨᠢ ᠢᠷᠠᠭᠳᠠᠨ᠂ ᠥᠰᠥᠭᠡᠢ ᠴᠢᠨᠢ ᠭᠢᠰᠬᠢᠭᠳᠡᠭᠰᠡᠨ ᠶᠤᠮ᠃
23 ᠺᠦᠱ ᠬᠥᠮᠦᠨ ᠠᠷᠠᠰᠤ ᠪᠠᠨ᠂ ᠢᠷᠪᠢᠰ ᠲᠣᠯᠪᠣ ᠪᠠᠨ ᠥᠭᠡᠷᠡᠴᠢᠯᠡᠵᠦ ᠴᠢᠳᠠᠬᠤ ᠤᠤ︖ ᠡᠰᠡ ᠲᠡᠭᠡᠪᠡᠯ ᠮᠠᠭᠤ ᠳᠤ ᠳᠠᠳᠤᠭᠰᠠᠨ ᠲᠠ ᠨᠠᠷ ᠪᠠᠰᠠ ᠰᠠᠢᠨ ᠢ ᠦᠢᠯᠡᠳᠴᠦ ᠴᠢᠳᠠᠨ᠎ᠠ ᠳᠠ᠃
24 ᠲᠠ ᠨᠠᠷ ᠢ ᠪᠢ ᠴᠥᠯ ᠦᠨ ᠰᠠᠯᠬᠢᠨ ᠳᠤ ᠬᠡᠶᠢᠰᠬᠦ ᠬᠡᠪᠡᠭ ᠮᠡᠲᠦ ᠪᠤᠲᠠᠷᠠᠭᠠᠬᠤ ᠪᠥᠭᠡᠳ
25 ᠡᠨᠡ ᠨᠢ ᠨᠠᠮᠠᠶᠢ ᠮᠠᠷᠲᠠᠵᠤ ᠬᠤᠳᠠᠯ ᠳᠤ ᠢᠲᠡᠭᠡᠭᠰᠡᠨ ᠢᠶᠡᠷ ᠴᠢᠨᠦ ᠠᠪᠬᠤ ᠨᠣᠭᠳᠠᠯ᠂ ᠮᠢᠨᠦ ᠬᠡᠮᠵᠢᠭᠰᠡᠨ ᠬᠤᠪᠢ ᠪᠣᠯᠣᠨ᠎ᠠ᠂ ᠶᠣᠬᠣᠸᠠ ᠪᠢ ᠠᠢᠯᠠᠳᠴᠤ ᠪᠠᠢᠨ᠎ᠠ᠂
26 ᠪᠠᠰᠠ ᠪᠢ ᠴᠢᠨᠦ ᠬᠣᠷᠮᠣᠢ ᠶᠢ ᠨᠢᠭᠤᠷ ᠳᠡᠭᠡᠭᠦᠷ ᠴᠢᠨᠢ ᠰᠡᠬᠦᠵᠦ᠂ ᠴᠢᠨᠦ ᠢᠴᠢᠭᠦᠷᠢ ᠶᠢ ᠢᠯᠡᠷᠡᠭᠦᠯᠦᠨ᠎ᠡ᠂
27 ᠪᠢ ᠲᠣᠯᠣᠭᠠᠳ ᠳᠡᠭᠡᠷ᠎ᠡ ᠴᠢᠨᠦ ᠰᠠᠳᠤᠷ ᠰᠠᠮᠠᠭᠤᠨ ᠶᠠᠪᠤᠳᠠᠯ ᠤᠳ᠂ ᠲᠠᠴᠢᠶᠠᠩ᠋ᠭᠤᠢ ᠳᠠᠭᠤ᠂ ᠢᠴᠢᠭᠦᠷᠢ ᠦᠭᠡᠢ ᠵᠠᠪᠬᠠᠢᠷᠠᠯ ᠢ ᠬᠡᠭᠡᠷ᠎ᠡ ᠲᠠᠯ᠎ᠠ ᠳᠡᠭᠡᠷ᠎ᠡ ᠴᠢᠨᠦ ᠵᠢᠭᠰᠢᠭᠦᠷᠢᠲᠦ ᠶᠠᠪᠤᠳᠠᠯ ᠤᠳ ᠢ ᠬᠠᠷᠠᠭᠰᠠᠨ ᠪᠢᠯᠡ᠃ ᠶᠧᠷᠦ᠋ᠰᠠᠯᠧᠮ ᠭᠠᠰᠠᠯᠠᠩᠲᠠᠶ᠎ᠠ︕ ᠴᠢ ᠬᠡᠳᠦᠢ ᠤᠳᠠᠭᠠᠨ ᠴᠡᠪᠡᠷ ᠪᠤᠰᠤ ᠪᠠᠢᠬᠤ ᠪᠤᠢ︖