1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠬᠣᠷᠢᠨ ᠵᠢᠷᠭᠤᠭ᠎ᠠ
 ᠠᠮᠢ ᠪᠠᠨ ᠬᠠᠢᠬᠤᠷᠤᠯ ᠦᠭᠡᠢ ᠡᠰᠢ ᠦᠵᠡᠭᠦᠯᠪᠡ

1 ᠶᠦᠳᠠ ᠶᠢᠨ ᠬᠠᠭᠠᠨ᠂ ᠶᠣᠰᠢᠶ᠎ᠠ ᠶᠢᠨ ᠬᠦᠦ ᠶᠧᠬᠣᠢᠶᠠᠺᠢᠮ ᠤᠨ ᠬᠠᠭᠠᠨᠴᠢᠯᠠᠯ ᠤᠨ ᠡᠬᠢᠨ ᠤ ᠦᠶ᠎ᠡ ᠳᠦ᠂ ᠶᠣᠬᠣᠸᠠ ᠠᠴᠠ ᠦᠭᠡ ᠢᠷᠡᠵᠦ ᠠᠢᠯᠠᠳᠤᠨ᠄ 2 《ᠶᠣᠬᠣᠸᠠ ᠠᠢᠯᠠᠳᠴᠤ ᠪᠠᠢᠨ᠎ᠠ᠄ ᠴᠢ ᠶᠣᠬᠣᠸᠠ ᠶᠢᠨ ᠥᠷᠭᠥᠭᠡᠨ ᠦ ᠬᠦᠷᠢᠶᠡᠨ ᠳᠦ ᠵᠣᠭᠰᠣᠵᠤ᠂ ᠶᠦᠳᠠ ᠶᠢᠨ ᠬᠣᠲᠠ ᠪᠦᠷᠢ ᠡᠴᠡ ᠶᠣᠬᠣᠸᠠ ᠶᠢᠨ ᠥᠷᠭᠥᠭᠡᠨ ᠳᠦ ᠮᠥᠷᠭᠥᠬᠦ ᠪᠡᠷ ᠢᠷᠡᠭᠰᠡᠨ ᠪᠦᠭᠦᠳᠡ ᠶᠢᠨ ᠡᠮᠦᠨ᠎ᠡ᠂ ᠮᠢᠨᠦ ᠴᠢᠮ᠎ᠠ ᠳᠤ ᠲᠤᠰᠢᠶᠠᠭᠰᠠᠨ ᠦᠭᠡ ᠪᠦᠷᠢ ᠶᠢ ᠨᠢᠭᠡ ᠶᠢ ᠴᠤ ᠣᠷᠬᠢᠭᠳᠠᠭᠤᠯᠤᠯ ᠦᠭᠡᠢ ᠶᠠᠷᠢ᠃ 3 ᠲᠡᠳᠡ ᠰᠣᠨᠣᠰᠣᠭᠠᠳ ᠥᠪᠡᠷᠰᠡᠳ ᠦᠨ ᠢᠶᠠᠨ ᠬᠣᠷᠣᠨ ᠮᠠᠭᠤ ᠵᠠᠮ ᠠᠴᠠ ᠡᠷᠭᠢᠵᠦ ᠮᠠᠭᠠᠳ ᠦᠭᠡᠢ᠃ ᠲᠡᠭᠡᠪᠡᠯ ᠪᠢ ᠰᠠᠨᠠᠭ᠎ᠠ ᠪᠠᠨ ᠥᠭᠡᠷᠡᠴᠢᠯᠡᠵᠦ᠂ ᠬᠣᠷᠣᠨ ᠮᠠᠭᠤ ᠦᠢᠯᠡᠰ ᠦᠨ ᠬᠢᠨᠢ ᠳᠠᠭᠠᠤ ᠪᠠᠭᠤᠯᠭᠠᠬᠤ ᠭᠡᠰᠡᠨ ᠭᠠᠮᠰᠢᠭ ᠢᠶᠠᠨ ᠪᠠᠭᠤᠯᠭᠠᠬᠤ ᠦᠭᠡᠢ᠃ 4 ᠴᠢ ᠲᠡᠳᠡᠨ ᠳᠦ᠄ 〈ᠶᠣᠬᠣᠸᠠ ᠡᠢᠨ ᠬᠦ ᠠᠢᠯᠠᠳᠴᠤ ᠪᠠᠢᠨ᠎ᠠ᠄ ᠬᠡᠷᠪᠡ ᠲᠠ ᠨᠠᠷ ᠮᠢᠨᠦᠬᠢ ᠶᠢ ᠡᠰᠡ ᠰᠣᠨᠣᠰᠣᠨ᠂ ᠥᠪᠡᠷᠰᠡᠳ ᠦᠨ ᠴᠢᠨᠢ ᠡᠮᠦᠨ᠎ᠡ ᠲᠣᠭᠲᠠᠭᠠᠭᠰᠠᠨ ᠬᠠᠤᠯᠢ ᠶᠢ ᠮᠢᠨᠢ ᠡᠰᠡ ᠮᠥᠷᠳᠡᠨ᠂ 5 ᠥᠪᠡᠷᠰᠡᠳ ᠲᠦ ᠴᠢᠨᠢ ᠮᠢᠨᠦ ᠳᠠᠬᠢᠨ ᠳᠠᠬᠢᠨ ᠢᠯᠡᠭᠡᠭᠰᠡᠨ ᠵᠠᠷᠤᠴᠠ ᠡᠰᠢ ᠦᠵᠡᠭᠦᠯᠦᠭᠴᠢᠳ ᠤᠨ ᠮᠢᠨᠢ ᠦᠭᠡᠰ ᠢ ᠤᠷᠢᠳᠤ ᠶᠢᠨ ᠬᠢ ᠰᠢᠭ᠋ ᠰᠣᠨᠣᠰᠬᠤ ᠦᠭᠡᠢ ᠪᠠᠢᠪᠠᠯ᠂ 6 ᠪᠢ ᠡᠨᠡ ᠥᠷᠭᠥᠭᠡ ᠶᠢ ᠱᠢᠯᠣ᠋ ᠰᠢᠭ᠋ ᠪᠣᠯᠭᠠᠬᠤ ᠪᠥᠭᠡᠳ ᠡᠨᠡ ᠬᠣᠲᠠ ᠶᠢ ᠳᠡᠯᠡᠬᠡᠢ ᠶᠢᠨ ᠪᠦᠬᠦ ᠦᠨᠳᠦᠰᠦᠲᠡᠨ ᠳᠦ ᠬᠠᠷᠢᠶᠠᠯ ᠪᠣᠯᠭᠠᠨ᠎ᠠ〉 ᠭᠡᠵᠦ ᠬᠡᠯᠡ》 ᠭᠡᠪᠡ᠃

7 ᠲᠠᠬᠢᠯᠴᠢᠳ᠂ ᠡᠰᠢ ᠦᠵᠡᠭᠦᠯᠦᠭᠴᠢᠳ ᠪᠣᠯᠣᠨ ᠠᠷᠠᠳ ᠣᠯᠠᠨ ᠪᠦᠭᠦᠳᠡᠭᠡᠷ ᠢᠶᠡᠨ ᠶᠧᠷᠧᠮᠢᠶ᠎ᠠ ᠶᠢᠨ ᠶᠣᠬᠣᠸᠠ ᠶᠢᠨ ᠥᠷᠭᠥᠭᠡᠨ ᠳᠦ ᠡᠳᠡᠭᠡᠷ ᠦᠭᠡ ᠶᠢ ᠶᠠᠷᠢᠬᠤ ᠶᠢ ᠰᠣᠨᠣᠰᠪᠠ᠃ 8 ᠶᠧᠷᠧᠮᠢᠶ᠎ᠠ ᠪᠦᠬᠦ ᠠᠷᠠᠳ ᠣᠯᠠᠨ ᠳᠤ ᠶᠣᠬᠣᠸᠠ ᠶᠢᠨ ᠲᠤᠰᠢᠶᠠᠭᠰᠠᠨ ᠪᠦᠭᠦᠳᠡ ᠶᠢ ᠶᠠᠷᠢᠵᠤ ᠳᠠᠭᠤᠰᠤᠩ᠋ᠭᠤᠲᠠ ᠲᠠᠬᠢᠯᠴᠢᠳ᠂ ᠡᠰᠢ ᠦᠵᠡᠭᠦᠯᠦᠭᠴᠢᠳ ᠬᠢᠭᠡᠳ ᠠᠷᠠᠳ ᠣᠯᠠᠨ ᠪᠦᠭᠦᠳᠡᠭᠡᠷ ᠲᠡᠭᠦᠨ ᠢ ᠪᠠᠷᠢᠵᠤ᠄ 《ᠴᠢ ᠵᠠᠪᠠᠯ ᠦᠬᠦᠬᠦ ᠶᠣᠰᠣᠲᠠᠢ︕ 9 ᠴᠢ ᠶᠠᠭᠤᠨ ᠳᠤ᠄ 〈ᠡᠨᠡ ᠥᠷᠭᠥᠭᠡ ᠱᠢᠯᠣ᠋ ᠰᠢᠭ᠋᠂ ᠡᠨᠡ ᠬᠣᠲᠠ ᠰᠠᠭᠤᠬᠤ ᠬᠥᠮᠦᠨ ᠦᠭᠡᠢ᠂ ᠡᠵᠡᠭᠦᠢ ᠪᠣᠯᠣᠨ᠎ᠠ〉 ᠭᠡᠵᠦ ᠶᠣᠬᠣᠸᠠ ᠶᠢᠨ ᠨᠡᠷ᠎ᠡ ᠪᠡᠷ ᠡᠰᠢ ᠦᠵᠡᠭᠦᠯᠪᠡ︖》 ᠭᠡᠵᠡᠭᠡᠪᠡ᠃ ᠠᠷᠠᠳ ᠣᠯᠠᠨ ᠪᠦᠭᠦᠳᠡᠭᠡᠷ ᠢᠶᠡᠨ ᠶᠣᠬᠣᠸᠠ ᠶᠢᠨ ᠥᠷᠭᠥᠭᠡᠨ ᠳᠦ ᠶᠧᠷᠧᠮᠢᠶ᠎ᠠ ᠶᠢ ᠲᠣᠭᠣᠷᠢᠨ ᠴᠤᠭᠯᠠᠷᠠᠪᠠ᠃

10 ᠶᠦᠳᠠ ᠶᠢᠨ ᠲᠦᠰᠢᠮᠡᠳ ᠡᠳᠡᠭᠡᠷ ᠢ ᠰᠣᠨᠣᠰᠣᠭᠠᠳ ᠬᠠᠭᠠᠨ ᠤ ᠣᠷᠳᠣᠨ ᠠᠴᠠ ᠶᠣᠬᠣᠸᠠ ᠶᠢᠨ ᠥᠷᠭᠥᠭᠡ ᠥᠭᠡᠳᠡ ᠣᠴᠢᠵᠤ᠂ ᠶᠣᠬᠣᠸᠠ ᠶᠢᠨ ᠥᠷᠭᠥᠭᠡᠨ ᠦ 《ᠰᠢᠨ᠎ᠡ ᠬᠠᠭᠠᠯᠭᠠᠨ》 ᠤ ᠣᠷᠣᠬᠤ ᠡᠭᠦᠳᠡᠨ ᠳᠦ ᠰᠠᠭᠤᠵᠠᠭᠠᠪᠠ᠃ 11 ᠲᠠᠬᠢᠯᠴᠢᠳ ᠪᠣᠯᠣᠨ ᠡᠰᠢ ᠦᠵᠡᠭᠦᠯᠦᠭᠴᠢᠳ ᠨᠢ ᠲᠦᠰᠢᠮᠡᠳ ᠪᠠ ᠪᠦᠬᠦ ᠠᠷᠠᠳ ᠲᠦᠮᠡᠨ ᠳᠦ᠄ 《ᠡᠨᠡ ᠬᠥᠮᠦᠨ ᠢ ᠴᠠᠭᠠᠵᠠᠯᠠ︕ ᠲᠡᠷᠡ ᠪᠡᠷ ᠡᠨᠡ ᠬᠣᠲᠠ ᠶᠢᠨ ᠡᠰᠡᠷᠭᠦ ᠡᠰᠢ ᠦᠵᠡᠭᠦᠯᠦᠭᠰᠡᠨ ᠢ ᠲᠠ ᠨᠠᠷ ᠴᠢᠬᠢ ᠪᠠᠷ ᠢᠶᠠᠨ ᠰᠣᠨᠣᠰᠣᠯ᠎ᠠ》 ᠭᠡᠵᠡᠭᠡᠪᠡ᠃

12 ᠶᠧᠷᠧᠮᠢᠶ᠎ᠠ ᠪᠦᠬᠦ ᠲᠦᠰᠢᠮᠡᠳ ᠪᠣᠯᠣᠨ ᠪᠦᠬᠦ ᠠᠷᠠᠳ ᠲᠦᠮᠡᠨ ᠳᠦ᠄ 《ᠶᠣᠬᠣᠸᠠ ᠨᠠᠮᠠᠶᠢ ᠢᠯᠡᠭᠡᠭᠰᠡᠨ ᠲᠤᠯᠠ ᠪᠢ ᠡᠨᠡ ᠥᠷᠭᠥᠭᠡ ᠪᠣᠯᠣᠨ ᠡᠨᠡ ᠬᠣᠲᠠ ᠶᠢᠨ ᠡᠰᠡᠷᠭᠦ ᠲᠠ ᠨᠠᠷ ᠤᠨ ᠰᠣᠨᠣᠰᠣᠭᠰᠠᠨ ᠪᠦᠬᠦ ᠦᠭᠡ ᠪᠡᠷ ᠡᠰᠢ ᠦᠵᠡᠭᠦᠯᠦᠭᠰᠡᠨ ᠶᠤᠮ᠃ 13 ᠣᠳᠣ ᠲᠠ ᠨᠠᠷ ᠦᠢᠯᠡᠰ ᠮᠥᠷ ᠢᠶᠡᠨ ᠰᠢᠨᠡᠴᠢᠯᠡᠵᠦ᠂ ᠶᠣᠬᠣᠸᠠ ᠪᠤᠷᠬᠠᠨ ᠤ ᠪᠠᠨ ᠦᠭᠡ ᠶᠢ ᠳᠠᠭ᠎ᠠ᠃ ᠲᠡᠭᠡᠪᠡᠯ ᠶᠣᠬᠣᠸᠠ ᠰᠠᠨᠠᠭ᠎ᠠ ᠪᠠᠨ ᠥᠭᠡᠷᠡᠴᠢᠯᠡᠵᠦ᠂ ᠲᠠ ᠨᠠᠷ ᠲᠤ ᠵᠠᠷᠯᠠᠭᠰᠠᠨ ᠭᠠᠮᠰᠢᠭ ᠢᠶᠠᠨ ᠪᠠᠭᠤᠯᠭᠠᠬᠤ ᠦᠭᠡᠢ᠃ 14 ᠬᠠᠷᠢᠨ ᠪᠢ ᠲᠠ ᠨᠠᠷ ᠤᠨ ᠭᠠᠷ ᠲᠤ ᠪᠠᠢᠨ᠎ᠠ᠃ ᠲᠠ ᠨᠠᠷ ᠵᠥᠪ ᠰᠠᠢᠨ ᠭᠡᠵᠦ ᠦᠵᠡᠭᠰᠡᠨ ᠢᠶᠡᠨ ᠨᠠᠳᠠ ᠳᠤ ᠦᠢᠯᠡᠳ᠃ 15 ᠭᠡᠪᠡᠴᠦ ᠲᠠ ᠨᠠᠷ ᠰᠠᠢᠲᠤᠷ ᠮᠡᠳᠡᠲᠦᠭᠡᠢ᠂ ᠬᠡᠷᠪᠡ ᠨᠠᠮᠠᠶᠢ ᠠᠯᠠᠪᠠᠯ ᠲᠠ ᠨᠠᠷ ᠭᠡᠮ ᠦᠭᠡᠢ ᠴᠢᠰᠤ ᠶᠢ ᠥᠪᠡᠷᠰᠡᠳ ᠦᠨ ᠢᠶᠠᠨ ᠳᠡᠭᠡᠷ᠎ᠡ᠂ ᠡᠨᠡ ᠬᠣᠲᠠ ᠪᠣᠯᠣᠨ ᠰᠠᠭᠤᠭᠠᠯᠢᠴᠢᠳ ᠤᠨ ᠬᠢᠨᠢ ᠳᠡᠭᠡᠷ᠎ᠡ ᠪᠠᠢᠯᠭᠠᠬᠤ ᠪᠣᠯᠣᠨ᠎ᠠ᠃ ᠤᠴᠢᠷ ᠨᠢ ᠶᠣᠬᠣᠸᠠ ᠦᠨᠡᠬᠡᠷ ᠨᠠᠮᠠᠶᠢ ᠢᠯᠡᠭᠡᠭᠰᠡᠨ ᠶᠤᠮ᠂ ᠡᠢᠮᠦ ᠡᠴᠡ ᠪᠢ ᠡᠨᠡ ᠪᠦᠬᠦ ᠦᠭᠡ ᠶᠢ ᠲᠠ ᠨᠠᠷ ᠤᠨ ᠰᠣᠨᠣᠷ ᠲᠤ ᠬᠦᠷᠭᠡᠭᠰᠡᠨ》 ᠭᠡᠯ᠎ᠡ᠃

16 ᠲᠦᠰᠢᠮᠡᠳ ᠪᠣᠯᠣᠨ ᠠᠷᠠᠳ ᠣᠯᠠᠨ ᠪᠦᠭᠦᠳᠡᠭᠡᠷ ᠢᠶᠡᠨ ᠲᠠᠬᠢᠯᠴᠢᠳ ᠪᠠ ᠡᠰᠢ ᠦᠵᠡᠭᠦᠯᠦᠭᠴᠢᠳ ᠲᠤ᠄ 《ᠡᠨᠡ ᠬᠥᠮᠦᠨ ᠪᠢᠳᠡᠨ ᠦ ᠪᠤᠷᠬᠠᠨ ᠶᠣᠬᠣᠸᠠ ᠶᠢᠨ ᠨᠡᠷ᠎ᠡ ᠪᠡᠷ ᠪᠢᠳᠡᠨ ᠳᠦ ᠶᠠᠷᠢᠭᠰᠠᠨ ᠲᠤᠯᠠ ᠲᠡᠭᠦᠨ ᠢ ᠴᠠᠭᠠᠵᠠᠯᠠᠵᠤ ᠪᠣᠯᠬᠤ ᠦᠭᠡᠢ》 ᠭᠡᠪᠡ᠃ 17 ᠨᠤᠲᠤᠭ ᠤᠨ ᠵᠠᠷᠢᠮ ᠠᠬᠠᠯᠠᠭᠴᠢ ᠴᠤ ᠪᠣᠰᠴᠤ᠂ ᠠᠷᠠᠳ ᠲᠦᠮᠡᠨ ᠦ ᠪᠦᠬᠦ ᠴᠢᠭᠤᠯᠭᠠᠨ ᠳᠤ᠄ 18 《ᠶᠦᠳᠠ ᠶᠢᠨ ᠬᠠᠭᠠᠨ ᠾᠧᠽᠧᠺᠢᠶ᠎ᠠ ᠶᠢᠨ ᠦᠶ᠎ᠡ ᠳᠦ ᠮᠣᠷᠧᠱᠧᠲ ᠤᠨ ᠮᠢᠺᠠ ᠡᠰᠢ ᠦᠵᠡᠭᠦᠯᠪᠡ᠃ ᠲᠡᠷᠡ ᠪᠡᠷ ᠶᠦᠳᠠ ᠶᠢᠨ ᠪᠦᠬᠦ ᠠᠷᠠᠳ ᠲᠦᠮᠡᠨ ᠲᠤ᠄ 〈ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ ᠽᠢᠶᠣᠨ ᠲᠠᠷᠢᠶᠠᠨ ᠲᠠᠯᠠᠪᠠᠢ ᠮᠡᠲᠦ ᠬᠠᠭᠠᠯᠤᠭᠳᠠᠵᠤ ᠶᠧᠷᠦ᠋ᠰᠠᠯᠧᠮ ᠪᠠᠯᠭᠠᠰᠤ ᠪᠣᠯᠬᠤ ᠪᠥᠭᠡᠳ ᠥᠷᠭᠥᠭᠡᠨ ᠦ ᠠᠭᠤᠯᠠ ᠡᠪᠡᠰᠦ ᠮᠣᠳᠣ ᠲᠠᠢ ᠥᠨᠳᠥᠷᠯᠢᠭ ᠪᠣᠯᠣᠨ᠎ᠠ〉
ᠭᠡᠰᠡᠨ ᠪᠣᠯᠪᠠᠴᠤ 19 ᠶᠦᠳᠠ ᠶᠢᠨ ᠬᠠᠭᠠᠨ ᠾᠧᠽᠧᠺᠢᠶ᠎ᠠ ᠪᠣᠯᠣᠨ ᠪᠦᠬᠦ ᠶᠦᠳᠠ ᠲᠡᠭᠦᠨ ᠢ ᠴᠠᠭᠠᠵᠠᠯᠠᠭᠰᠠᠨ ᠤᠤ︖ ᠾᠧᠽᠧᠺᠢᠶ᠎ᠠ ᠶᠣᠬᠣᠸᠠ ᠠᠴᠠ ᠡᠮᠢᠶᠡᠨ᠂ ᠲᠡᠭᠦᠨ ᠦ ᠲᠠᠭᠠᠯᠠᠯ ᠢ ᠭᠤᠶᠤᠬᠤ ᠳᠤ᠂ ᠶᠣᠬᠣᠸᠠ ᠰᠠᠨᠠᠭ᠎ᠠ ᠪᠠᠨ ᠥᠭᠡᠷᠡᠴᠢᠯᠡᠵᠦ᠂ ᠵᠠᠷᠯᠠᠭᠰᠠᠨ ᠭᠠᠮᠰᠢᠭ ᠢᠶᠠᠨ ᠪᠠᠭᠤᠯᠭᠠᠭ᠎ᠠ ᠦᠭᠡᠢ ᠪᠢᠰᠢ ᠤᠤ︖ ᠬᠠᠷᠢᠨ ᠪᠢᠳᠡ ᠥᠪᠡᠷᠰᠡᠳ ᠳᠡᠭᠡᠷ᠎ᠡ ᠪᠡᠨ ᠠᠶᠤᠮᠰᠢᠭᠲᠤ ᠭᠠᠮᠰᠢᠭ ᠢ ᠠᠪᠴᠢᠷᠠᠬᠤ ᠭᠡᠵᠦ ᠪᠠᠢᠨ᠎ᠠ︕》 ᠭᠡᠵᠦ ᠬᠡᠯᠡᠪᠡ᠃

20 ᠶᠣᠬᠣᠸᠠ ᠶᠢᠨ ᠨᠡᠷ᠎ᠡ ᠪᠡᠷ ᠡᠰᠢ ᠦᠵᠡᠭᠦᠯᠦᠭᠰᠡᠨ ᠥᠭᠡᠷ᠎ᠡ ᠨᠢᠭᠡᠨ ᠬᠥᠮᠦᠨ ᠪᠠᠢᠪᠠ᠃ ᠲᠡᠷᠡ ᠨᠢ ᠺᠢᠷᠢᠶᠠᠲ ᠶᠧᠶᠠᠷᠢᠮ ᠤᠨ ᠱᠧᠮᠡᠢᠶ᠎ᠠ ᠶᠢᠨ ᠬᠦᠦ ᠦᠦᠷᠢᠶ᠎ᠠ ᠪᠥᠭᠡᠳ ᠲᠡᠷᠡ ᠪᠡᠷ ᠡᠨᠡ ᠬᠣᠲᠠ ᠪᠣᠯᠣᠨ ᠡᠨᠡ ᠨᠤᠲᠤᠭ ᠤᠨ ᠡᠰᠡᠷᠭᠦ ᠶᠧᠷᠧᠮᠢᠶ᠎ᠠ ᠶᠢᠨ ᠶᠠᠷᠢᠭᠰᠠᠨ ᠲᠠᠢ ᠠᠳᠠᠯᠢ ᠪᠦᠬᠦ ᠦᠭᠡ ᠪᠡᠷ ᠡᠰᠢ ᠦᠵᠡᠭᠦᠯᠦᠭᠰᠡᠨ ᠪᠢᠯᠡ᠃ 21 ᠶᠧᠬᠣᠢᠶᠠᠺᠢᠮ ᠬᠠᠭᠠᠨ ᠪᠦᠬᠦ ᠳᠠᠢᠴᠢᠨ ᠪᠣᠯᠣᠨ ᠪᠦᠬᠦ ᠲᠦᠰᠢᠮᠡᠯ ᠲᠡᠢ ᠪᠡᠨ ᠬᠠᠮᠲᠤ ᠲᠡᠭᠦᠨ ᠦ ᠦᠭᠡ ᠶᠢ ᠰᠣᠨᠣᠰᠣᠭᠠᠳ ᠲᠡᠭᠦᠨ ᠢ ᠠᠯᠠᠬᠤ ᠭᠡᠪᠡ᠃ ᠦᠦᠷᠢᠶ᠎ᠠ ᠡᠭᠦᠨ ᠢ ᠰᠣᠨᠣᠰᠣᠭᠠᠳ ᠠᠶᠤᠨ ᠵᠢᠭᠤᠲᠠᠵᠤ᠂ ᠶᠧᠵᠢᠫᠲ ᠤᠷᠤᠭᠤ ᠶᠠᠪᠤᠪᠠ᠃ 22 ᠬᠠᠷᠢᠨ ᠶᠧᠬᠣᠢᠶᠠᠺᠢᠮ ᠬᠠᠭᠠᠨ ᠠᠺᠪᠣᠷ ᠤᠨ ᠬᠦᠦ ᠡᠯᠨᠠᠲ᠋ᠠᠨ ᠢ ᠬᠡᠳᠦᠨ ᠬᠥᠮᠦᠨ ᠲᠡᠢ ᠬᠠᠮᠲᠤ ᠶᠧᠵᠢᠫᠲ ᠤᠷᠤᠭᠤ ᠢᠯᠡᠭᠡᠭᠰᠡᠨ ᠳᠦ᠂ 23 ᠲᠡᠳᠡ ᠦᠦᠷᠢᠶ᠎ᠠ ᠶᠢ ᠶᠧᠵᠢᠫᠲ ᠡᠴᠡ ᠶᠧᠬᠣᠢᠶᠠᠺᠢᠮ ᠬᠠᠭᠠᠨ ᠤᠷᠤᠭᠤ ᠠᠪᠴᠢᠷᠠᠪᠠ᠃ ᠬᠠᠭᠠᠨ ᠲᠡᠭᠦᠨ ᠢ ᠢᠯᠳᠦ ᠪᠡᠷ ᠠᠯᠠᠭᠤᠯᠵᠤ᠂ ᠬᠡᠭᠦᠷ ᠢ ᠨᠢ ᠡᠭᠡᠯ ᠠᠷᠠᠳ ᠤᠨ ᠣᠷᠣᠰᠢᠭᠤᠯᠭ᠎ᠠ ᠶᠢᠨ ᠭᠠᠵᠠᠷ ᠲᠤ ᠬᠠᠶᠠᠭᠤᠯᠪᠠ᠃

24 ᠬᠠᠷᠢᠨ ᠶᠧᠷᠧᠮᠢᠶ᠎ᠠ ᠶᠢᠨ ᠬᠤᠪᠢ ᠳᠤ᠂ ᠱᠠᠹᠠᠨ ᠤ ᠬᠦᠦ ᠠᠾᠢᠺᠠᠮ ᠲᠡᠭᠦᠨ ᠢ ᠥᠮᠥᠭᠯᠡᠭᠰᠡᠨ ᠲᠤᠯᠠ ᠲᠡᠷᠡ ᠪᠡᠷ ᠥᠪᠡᠷ ᠢ ᠨᠢ ᠠᠯᠠᠬᠤ ᠭᠡᠰᠡᠨ ᠬᠥᠮᠦᠰ ᠦᠨ ᠭᠠᠷ ᠲᠤ ᠣᠷᠣᠭ᠎ᠠ ᠦᠭᠡᠢ᠃