1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠭᠤᠴᠢᠨ ᠳᠣᠯᠣᠭ᠎ᠠ
 ᠶᠧᠷᠧᠮᠢᠶ᠎ᠠ ᠬᠣᠷᠢᠭᠳᠠᠪᠠ

1 ᠶᠣᠰᠢᠶ᠎ᠠ ᠶᠢᠨ ᠬᠦᠦ ᠽᠧᠳᠧᠺᠢᠶ᠎ᠠ ᠶᠧᠬᠣᠢᠶᠠᠺᠢᠮ ᠤᠨ ᠬᠦᠦ ᠺᠣᠨᠢᠶ᠎ᠠ ᠶᠢᠨ ᠣᠷᠣᠨ ᠳᠤ ᠬᠠᠭᠠᠨ ᠪᠣᠯᠪᠠ᠃ ᠤᠴᠢᠷ ᠨᠢ ᠪᠠᠪᠢᠯᠣᠨ ᠤ ᠬᠠᠭᠠᠨ ᠨᠧᠪᠦ᠋ᠺᠠᠨᠧᠽᠠᠷ ᠲᠡᠭᠦᠨ ᠢ ᠶᠦᠳᠠ ᠨᠤᠲᠤᠭ ᠢ ᠬᠠᠭᠠᠨᠴᠢᠯᠠᠬᠤ ᠬᠠᠭᠠᠨ ᠢᠶᠠᠷ ᠲᠣᠮᠢᠯᠠᠭᠰᠠᠨ ᠠᠵᠢ᠃ 2 ᠽᠧᠳᠧᠺᠢᠶ᠎ᠠ ᠬᠠᠭᠠᠨ ᠴᠤ᠂ ᠲᠡᠭᠦᠨ ᠦ ᠪᠠᠷ᠎ᠠ ᠪᠣᠯᠣᠭᠴᠢᠳ ᠴᠤ᠂ ᠨᠤᠲᠤᠭ ᠤᠨ ᠠᠷᠠᠳ ᠲᠦᠮᠡᠨ ᠴᠤ ᠶᠣᠬᠣᠸᠠ ᠶᠢᠨ ᠡᠰᠢ ᠦᠵᠡᠭᠦᠯᠦᠭᠴᠢ ᠶᠧᠷᠧᠮᠢᠶ᠎ᠠ ᠪᠠᠷ ᠳᠠᠮᠵᠢᠭᠤᠯᠤᠨ ᠠᠢᠯᠠᠳᠤᠭᠰᠠᠨ ᠦᠭᠡ ᠶᠢ ᠠᠩ᠋ᠬᠠᠷᠤᠭᠰᠠᠨ ᠦᠭᠡᠢ᠃

3 ᠭᠡᠪᠡᠴᠦ ᠽᠧᠳᠧᠺᠢᠶ᠎ᠠ ᠬᠠᠭᠠᠨ ᠱᠧᠯᠧᠮᠢᠶ᠎ᠠ ᠶᠢᠨ ᠬᠦᠦ ᠶᠧᠾᠦ᠋ᠺᠠᠯ ᠪᠣᠯᠣᠨ ᠮᠠᠶᠠᠰᠧᠶ᠎ᠠ ᠶᠢᠨ ᠬᠦᠦ ᠲᠠᠬᠢᠯᠴᠢ ᠽᠧᠹᠠᠨᠢᠶ᠎ᠠ ᠶᠢ ᠡᠰᠢ ᠦᠵᠡᠭᠦᠯᠦᠭᠴᠢ ᠶᠧᠷᠧᠮᠢᠶ᠎ᠠ ᠤᠷᠤᠭᠤ ᠢᠯᠡᠭᠡᠨ᠄ 《ᠪᠢᠳᠡᠨ ᠦ ᠡᠮᠦᠨ᠎ᠡ ᠡᠴᠡ ᠪᠢᠳᠡᠨ ᠦ ᠪᠤᠷᠬᠠᠨ ᠶᠣᠬᠣᠸᠠ ᠳᠤ ᠳᠠᠭᠠᠳᠬᠠᠭᠠᠴᠢ》 ᠭᠡᠵᠦ ᠬᠡᠯᠡᠭᠦᠯᠦᠭᠰᠡᠨ ᠪᠠᠢᠨ᠎ᠠ᠃ 4 ᠲᠡᠷᠡ ᠦᠶ᠎ᠡ ᠳᠦ ᠶᠧᠷᠧᠮᠢᠶ᠎ᠠ ᠭᠢᠨᠳᠠᠨ ᠳᠤ ᠬᠣᠷᠢᠭᠳᠠᠭ᠎ᠠ ᠦᠭᠡᠢ᠂ ᠠᠷᠠᠳ ᠲᠦᠮᠡᠨ ᠦ ᠳᠤᠮᠳᠠ ᠴᠢᠯᠥᠭᠡ ᠲᠠᠢ ᠢᠷᠡᠵᠦ ᠶᠠᠪᠤᠵᠤ ᠪᠠᠢᠭᠰᠠᠨ ᠪᠢᠯᠡ᠃ 5 ᠮᠥᠨ ᠲᠡᠷᠡ ᠦᠶ᠎ᠡ ᠳᠦ ᠹᠠᠷᠠᠣ᠋ ᠶᠢᠨ ᠴᠡᠷᠢᠭ ᠶᠧᠵᠢᠫᠲ ᠡᠴᠡ ᠭᠠᠷᠴᠤ ᠢᠷᠡᠬᠦ ᠳᠦ᠂ ᠶᠧᠷᠦ᠋ᠰᠠᠯᠧᠮ ᠢ ᠪᠦᠰᠡᠯᠡᠵᠦ ᠪᠠᠢᠭᠰᠠᠨ ᠪᠠᠪᠢᠯᠣᠨᠴᠤᠳ ᠲᠡᠳᠡᠨ ᠦ ᠲᠠᠯ᠎ᠠ ᠪᠠᠷ ᠬᠢ ᠮᠡᠳᠡᠭᠡ ᠶᠢ ᠰᠣᠨᠣᠰᠣᠭᠠᠳ᠂ ᠶᠧᠷᠦ᠋ᠰᠠᠯᠧᠮ ᠡᠴᠡ ᠶᠠᠪᠤᠭᠰᠠᠨ ᠪᠠᠢᠯ᠎ᠠ᠃

6 ᠲᠡᠷᠡ ᠦᠶ᠎ᠡ ᠳᠦ ᠶᠣᠬᠣᠸᠠ ᠶᠢᠨ ᠦᠭᠡ ᠡᠰᠢ ᠦᠵᠡᠭᠦᠯᠦᠭᠴᠢ ᠶᠧᠷᠧᠮᠢᠶ᠎ᠠ ᠳᠤ ᠢᠷᠡᠪᠡ᠄ 7 《ᠢᠰᠷᠧᠯ ᠤᠨ ᠪᠤᠷᠬᠠᠨ ᠶᠣᠬᠣᠸᠠ ᠡᠢᠨ ᠬᠦ ᠠᠢᠯᠠᠳᠴᠤ ᠪᠠᠢᠨ᠎ᠠ᠂ ᠨᠠᠳᠠ ᠠᠴᠠ ᠠᠰᠠᠭᠤᠯᠭᠠᠬᠤ ᠪᠠᠷ ᠲᠠ ᠨᠠᠷ ᠢ ᠨᠠᠳᠠ ᠤᠷᠤᠭᠤ ᠢᠯᠡᠭᠡᠭᠰᠡᠨ ᠶᠦᠳᠠ ᠶᠢᠨ ᠬᠠᠭᠠᠨ ᠳᠤ ᠲᠠ ᠨᠠᠷ ᠡᠢᠨ ᠬᠦ ᠬᠡᠯᠡᠭᠲᠦᠨ᠄ 〈ᠬᠠᠷᠠ᠂ ᠲᠠ ᠨᠠᠷ ᠲᠤ ᠲᠤᠰᠠᠯᠠᠬᠤ ᠪᠠᠷ ᠭᠠᠷᠴᠤ ᠢᠷᠡᠭᠰᠡᠨ ᠹᠠᠷᠠᠣ᠋ ᠶᠢᠨ ᠴᠡᠷᠢᠭ ᠥᠪᠡᠷᠰᠡᠳ ᠦᠨ ᠨᠤᠲᠤᠭ ᠶᠧᠵᠢᠫᠲ ᠤᠷᠤᠭᠤ ᠪᠤᠴᠠᠬᠤ ᠪᠥᠭᠡᠳ 8 ᠪᠠᠪᠢᠯᠣᠨᠴᠤᠳ ᠪᠤᠴᠠᠵᠤ ᠢᠷᠡᠨ ᠡᠨᠡ ᠬᠣᠲᠠ ᠶᠢ ᠳᠣᠪᠲᠣᠯᠵᠤ᠂ ᠡᠵᠡᠯᠡᠨ ᠠᠪᠤᠭᠠᠳ ᠭᠠᠯᠳᠠᠨ ᠰᠢᠲᠠᠭᠠᠨ᠎ᠠ︕〉 9 ᠶᠣᠬᠣᠸᠠ ᠡᠢᠨ ᠬᠦ ᠠᠢᠯᠠᠳᠴᠤ ᠪᠠᠢᠨ᠎ᠠ᠄ 〈ᠪᠠᠪᠢᠯᠣᠨᠴᠤᠳ ᠯᠠᠪᠲᠠᠢ ᠪᠢᠳᠡᠨ ᠡᠴᠡ ᠬᠣᠯᠠᠳᠠᠨ ᠶᠠᠪᠤᠨ᠎ᠠ〉 ᠭᠡᠵᠦ ᠲᠠ ᠨᠠᠷ ᠥᠪᠡᠷᠰᠡᠳ ᠢ ᠪᠠᠨ ᠪᠦᠦ ᠬᠠᠭᠤᠷ᠃ ᠲᠡᠳᠡ ᠶᠡᠷᠦ ᠶᠠᠪᠤᠬᠤ ᠦᠭᠡᠢ᠃ 10 ᠲᠠ ᠨᠠᠷ ᠥᠪᠡᠷᠰᠡᠳ ᠢ ᠴᠢᠨᠢ ᠳᠣᠪᠲᠣᠯᠵᠤ ᠪᠠᠢᠭ᠎ᠠ ᠪᠠᠪᠢᠯᠣᠨᠴᠤᠳ ᠤᠨ ᠪᠦᠬᠦ ᠴᠡᠷᠢᠭ ᠢ ᠴᠣᠬᠢᠵᠤ᠂ ᠲᠡᠳᠡᠨ ᠦ ᠳᠤᠮᠳᠠᠬᠢ ᠰᠢᠷᠬ᠎ᠠ ᠲᠠᠢ ᠶᠢ ᠨᠢ ᠯᠠ ᠥᠪᠡᠷᠰᠡᠳ ᠦᠨ ᠢᠶᠠᠨ ᠮᠠᠢᠬᠠᠨ ᠳᠤ ᠦᠯᠡᠳᠡᠭᠡᠭᠰᠡᠨ ᠴᠤ᠂ ᠲᠡᠳᠡ ᠪᠣᠰᠣᠭᠠᠳ ᠭᠠᠷᠴᠤ᠂ ᠡᠨᠡ ᠬᠣᠲᠠ ᠶᠢ ᠭᠠᠯᠳᠠᠨ ᠰᠢᠲᠠᠭᠠᠬᠤ ᠪᠣᠯᠣᠨ᠎ᠠ》 ᠭᠡᠰᠡᠨ ᠪᠠᠢᠯ᠎ᠠ᠃

11 ᠪᠠᠪᠢᠯᠣᠨ ᠤ ᠴᠡᠷᠢᠭ ᠹᠠᠷᠠᠣ᠋ ᠶᠢᠨ ᠴᠡᠷᠢᠭ ᠡᠴᠡ ᠪᠣᠯᠵᠤ ᠶᠧᠷᠦ᠋ᠰᠠᠯᠧᠮ ᠡᠴᠡ ᠶᠠᠪᠤᠭᠰᠠᠨ ᠬᠣᠭᠣᠷᠣᠨᠳᠣ 12 ᠶᠧᠷᠧᠮᠢᠶ᠎ᠠ ᠶᠧᠷᠦ᠋ᠰᠠᠯᠧᠮ ᠡᠴᠡ ᠪᠢᠨᠶᠠᠮᠢᠨ ᠤ ᠨᠤᠲᠤᠭ ᠤᠷᠤᠭᠤ᠂ ᠲᠡᠨᠳᠡᠬᠢ ᠬᠥᠮᠦᠰ ᠦᠨ ᠳᠤᠮᠳᠠ ᠪᠠᠢᠭ᠎ᠠ ᠥᠪ ᠢᠶᠡᠨ ᠠᠪᠬᠤ ᠪᠠᠷ ᠶᠠᠪᠤᠬᠤ ᠪᠣᠯᠪᠠ᠃ 13 ᠲᠡᠷᠡ ᠪᠢᠨᠶᠠᠮᠢᠨ ᠤ ᠬᠠᠭᠠᠯᠭᠠᠨ ᠳᠡᠭᠡᠷ᠎ᠡ ᠬᠦᠷᠲᠡᠯ᠎ᠡ ᠬᠠᠨᠠᠨᠢᠶ᠎ᠠ ᠶᠢᠨ ᠠᠴᠢ᠂ ᠱᠧᠯᠧᠮᠢᠶ᠎ᠠ ᠶᠢᠨ ᠬᠦᠦ᠂ ᠢᠷᠢᠶᠠ ᠭᠡᠳᠡᠭ ᠨᠡᠷ᠎ᠡ ᠲᠠᠢ ᠬᠠᠷᠠᠭᠤᠯ ᠤᠨ ᠠᠬᠠᠮᠠᠳ᠄ 《ᠴᠢ ᠪᠠᠪᠢᠯᠣᠨᠴᠤᠳ ᠤᠷᠤᠭᠤ ᠣᠷᠭᠣᠬᠤ ᠭᠡᠵᠦ ᠪᠠᠢᠨ᠎ᠠ︕》 ᠭᠡᠳ ᠡᠰᠢ ᠦᠵᠡᠭᠦᠯᠦᠭᠴᠢ ᠶᠧᠷᠧᠮᠢᠶ᠎ᠠ ᠶᠢ ᠪᠠᠷᠢᠪᠴᠢᠯᠠᠪᠠ᠃ 14 ᠶᠧᠷᠧᠮᠢᠶ᠎ᠠ᠄ 《ᠬᠤᠳᠠᠯ ᠡ︕ ᠪᠢ ᠪᠠᠪᠢᠯᠣᠨᠴᠤᠳ ᠤᠷᠤᠭᠤ ᠣᠷᠭᠣᠬᠤ ᠪᠠᠷ ᠶᠠᠪᠤᠭ᠎ᠠ ᠪᠢᠰᠢ》 ᠭᠡᠰᠡᠨ ᠪᠣᠯᠪᠠᠴᠤ ᠢᠷᠢᠶᠠ ᠶᠧᠷᠧᠮᠢᠶ᠎ᠠ ᠶᠢᠨ ᠬᠢ ᠶᠢ ᠰᠣᠨᠣᠰᠣᠯ ᠦᠭᠡᠢ᠂ ᠲᠡᠭᠦᠨ ᠢ ᠪᠠᠷᠢᠪᠴᠢᠯᠠᠭᠠᠳ ᠲᠦᠰᠢᠮᠡᠳ ᠤᠷᠤᠭᠤ ᠠᠪᠠᠴᠢᠪᠠ᠃ 15 ᠲᠦᠰᠢᠮᠡᠳ ᠶᠧᠷᠧᠮᠢᠶ᠎ᠠ ᠳᠤ ᠠᠭᠤᠷᠯᠠᠵᠤ᠂ ᠲᠡᠭᠦᠨ ᠢ ᠵᠣᠳᠣᠵᠤ᠂ ᠪᠢᠴᠢᠭᠡᠴᠢ ᠶᠣᠨᠠᠲ᠋ᠠᠨ ᠤ ᠭᠡᠷ ᠲᠦ ᠬᠣᠷᠢᠵᠠᠢ᠃ ᠲᠡᠷᠡ ᠭᠡᠷ ᠭᠢᠨᠳᠠᠨ ᠪᠣᠯᠣᠭᠰᠠᠨ ᠪᠠᠢᠪᠠ᠃ 16 ᠲᠡᠢᠨ ᠬᠦ ᠶᠧᠷᠧᠮᠢᠶ᠎ᠠ ᠨᠦᠬᠡᠨ ᠭᠢᠨᠳᠠᠨ ᠤ ᠥᠷᠥᠭᠡᠨ ᠳᠦ ᠣᠷᠣᠵᠤ᠂ ᠲᠡᠨᠳᠡ ᠣᠯᠠᠨ ᠡᠳᠦᠷ ᠪᠠᠢᠪᠠ᠃

17 ᠽᠧᠳᠧᠺᠢᠶ᠎ᠠ ᠬᠠᠭᠠᠨ ᠬᠥᠮᠦᠨ ᠶᠠᠪᠤᠭᠤᠯᠤᠨ ᠲᠡᠭᠦᠨ ᠢ ᠣᠷᠳᠣᠨ ᠳᠠᠭᠠᠨ ᠠᠪᠴᠢᠷᠠᠭᠤᠯᠵᠤ᠂ ᠲᠡᠭᠦᠨ ᠡᠴᠡ᠄ 《ᠶᠣᠬᠣᠸᠠ ᠠᠴᠠ ᠢᠷᠡᠭᠰᠡᠨ ᠦᠭᠡ ᠪᠠᠢᠨ᠎ᠠ ᠤᠤ︖》 ᠭᠡᠵᠦ ᠨᠢᠭᠤᠴᠠ ᠪᠠᠷ ᠠᠰᠠᠭᠤᠬᠤ ᠳᠤ᠂ ᠶᠧᠷᠧᠮᠢᠶ᠎ᠠ᠄ 《ᠪᠠᠢᠨ᠎ᠠ︕》 ᠭᠡᠳ 《ᠲᠠ ᠪᠠᠪᠢᠯᠣᠨ ᠤ ᠬᠠᠭᠠᠨ ᠤ ᠭᠠᠷ ᠲᠤ ᠲᠤᠰᠢᠶᠠᠭᠳᠠᠬᠤ ᠪᠣᠯᠣᠨ᠎ᠠ︕》 ᠭᠡᠪᠡ᠃ 18 ᠶᠧᠷᠧᠮᠢᠶ᠎ᠠ ᠽᠧᠳᠧᠺᠢᠶ᠎ᠠ ᠬᠠᠭᠠᠨ ᠳᠤ᠄ 《ᠪᠢ ᠲᠠᠨ ᠳᠤ ᠪᠤᠶᠤ ᠲᠠᠨ ᠤ ᠲᠦᠰᠢᠮᠡᠳ᠂ ᠡᠰᠡᠪᠡᠯ ᠡᠨᠡ ᠠᠷᠠᠳ ᠲᠦᠮᠡᠨ ᠳᠦ ᠶᠠᠮᠠᠷ ᠨᠢᠭᠦᠯ ᠦᠢᠯᠡᠳᠦᠭᠡᠳ ᠲᠠ ᠨᠠᠷ ᠨᠠᠮᠠᠶᠢ ᠭᠢᠨᠳᠠᠨ ᠳᠤ ᠣᠷᠣᠭᠤᠯᠪᠠ︖ 19 〈ᠪᠠᠪᠢᠯᠣᠨ ᠤ ᠬᠠᠭᠠᠨ ᠲᠠ ᠨᠠᠷ ᠢ᠂ ᠮᠥᠨ ᠡᠨᠡ ᠨᠤᠲᠤᠭ ᠢ ᠳᠣᠪᠲᠣᠯᠬᠤ ᠦᠭᠡᠢ〉 ᠭᠡᠵᠦ ᠲᠠᠨ ᠳᠤ ᠡᠰᠢ ᠦᠵᠡᠭᠦᠯᠳᠡᠭ ᠪᠠᠢᠭᠰᠠᠨ ᠡᠰᠢ ᠦᠵᠡᠭᠦᠯᠦᠭᠴᠢᠳ ᠴᠢᠨᠢ ᠣᠳᠣ ᠬᠠᠮᠢᠭ᠎ᠠ ᠪᠠᠢᠨ᠎ᠠ︖ 20 ᠣᠳᠣ ᠬᠠᠭᠠᠨ ᠡᠵᠡᠨ ᠮᠢᠨᠢ᠂ ᠰᠣᠨᠣᠰᠣᠭᠠᠴᠢ᠃ ᠮᠢᠨᠦ ᠭᠤᠶᠤᠯᠲᠠ ᠶᠢ ᠬᠦᠯᠢᠶᠡᠨ ᠠᠪᠤᠨ᠎ᠠ ᠤᠤ︖ ᠨᠠᠮᠠᠶᠢ ᠪᠢᠴᠢᠭᠡᠴᠢ ᠶᠣᠨᠠᠲ᠋ᠠᠨ ᠤ ᠭᠡᠷ ᠤᠷᠤᠭᠤ ᠪᠦᠦ ᠪᠤᠴᠠᠭᠠᠭᠠᠴᠢ᠂ ᠨᠠᠮᠠᠶᠢ ᠲᠡᠨᠳᠡ ᠪᠦᠦ ᠦᠬᠦᠭᠦᠯ》 ᠭᠡᠰᠡᠨ ᠳᠦ᠂ 21 ᠽᠧᠳᠧᠺᠢᠶ᠎ᠠ ᠬᠠᠭᠠᠨ ᠶᠧᠷᠧᠮᠢᠶ᠎ᠠ ᠶᠢ ᠬᠠᠷᠠᠭᠤᠯ ᠤᠨ ᠬᠦᠷᠢᠶᠡᠨ ᠳᠦ ᠪᠠᠢᠯᠭᠠᠬᠤ ᠶᠢ ᠲᠤᠰᠢᠶᠠᠵᠤ᠂ ᠬᠣᠲᠠ ᠶᠢᠨ ᠪᠦᠬᠦ ᠪᠣᠣᠪᠣ ᠳᠠᠭᠤᠰᠲᠠᠯ᠎ᠠ ᠪᠣᠣᠪᠣᠴᠢᠨ ᠤ ᠭᠤᠳᠤᠮᠵᠢᠨ ᠠᠴᠠ ᠡᠳᠦᠷ ᠪᠦᠷᠢ ᠲᠡᠭᠦᠨ ᠳᠦ ᠨᠢᠭᠡ ᠪᠦᠲᠦᠨ ᠪᠣᠣᠪᠣ ᠥᠭᠭᠥᠭᠦᠯᠵᠦ ᠪᠠᠢᠯ᠎ᠠ᠃ ᠲᠡᠢᠨ ᠬᠦ ᠶᠧᠷᠧᠮᠢᠶ᠎ᠠ ᠬᠠᠷᠠᠭᠤᠯ ᠤᠨ ᠬᠦᠷᠢᠶᠡᠨ ᠳᠦ ᠦᠯᠡᠳᠡᠵᠡᠢ᠃