ᠶᠧᠷᠧᠮᠢᠶ᠎ᠠ ᠵᠢᠷᠭᠤᠭ᠎ᠠ
ᠶᠧᠷᠦ᠋ᠰᠠᠯᠧᠮ ᠪᠦᠰᠡᠯᠡᠭᠳᠡᠨᠡ
1 ᠪᠢᠨᠶᠠᠮᠢᠨᠴᠤᠳ ᠡ᠂ ᠶᠧᠷᠦ᠋ᠰᠠᠯᠧᠮ ᠡᠴᠡ ᠭᠠᠷᠴᠤ ᠵᠢᠭᠤᠲᠠ ᠲᠧᠺᠣᠶ᠎ᠠ ᠳᠤ ᠪᠦᠷᠢᠶ᠎ᠡ ᠦᠯᠢᠶᠡᠵᠦ ᠪᠧᠲ ᠬᠠᠺᠧᠷᠧᠮ ᠳᠤ ᠳᠣᠬᠢᠶᠠᠨ ᠭᠠᠯ ᠡᠷᠭᠦ ᠭᠠᠢ ᠵᠣᠪᠠᠯᠠᠩ ᠪᠠ ᠠᠶᠤᠮᠰᠢᠭᠲᠤ ᠬᠥᠨᠥᠭᠡᠯ ᠬᠣᠢᠲᠤ ᠵᠦᠭ ᠡᠴᠡ ᠬᠠᠷᠠᠭᠳᠠᠵᠤ ᠪᠠᠢᠨ᠎ᠠ᠃
2 ᠳᠤᠷ᠎ᠠ ᠪᠤᠯᠢᠶᠠᠮ᠎ᠠ᠂ ᠬᠥᠭᠡᠷᠦᠬᠦᠨ ᠽᠢᠶᠣᠨ ᠥᠬᠢᠨ ᠢ ᠪᠢ ᠤᠰᠠᠳᠬᠠᠬᠤ ᠪᠣᠯᠣᠨ᠎ᠠ᠃
3 ᠬᠣᠨᠢᠴᠢᠳ ᠰᠦᠷᠦᠭ ᠲᠡᠢ ᠪᠡᠨ ᠲᠡᠰᠢ ᠣᠴᠢᠵᠤ ᠲᠡᠭᠦᠨ ᠦ ᠡᠷᠭᠢᠨ ᠲᠣᠭᠣᠷᠢᠨ ᠳᠤ ᠮᠠᠢᠬᠠᠨ ᠨᠤᠭᠤᠳ ᠪᠣᠰᠬᠠᠵᠤ ᠥᠪᠡᠷ ᠥᠪᠡᠷᠰᠡᠳ ᠦᠨ ᠢᠶᠠᠨ ᠭᠠᠵᠠᠷ ᠲᠤ ᠪᠡᠯᠴᠢᠭᠡᠷᠯᠡᠭᠦᠯᠦᠨ᠎ᠡ᠃
4 ᠲᠡᠳᠡ 《ᠲᠡᠭᠦᠨ ᠦ ᠡᠰᠡᠷᠭᠦ ᠳᠠᠢᠨ ᠳᠤ ᠪᠡᠯᠡᠳᠬᠡ ᠪᠣᠰᠴᠠᠭ᠎ᠠ᠂ ᠵᠢᠩ ᠦᠳᠡ ᠳᠦ ᠳᠣᠪᠲᠣᠯᠵᠠᠭᠠᠶᠠ ᠬᠥᠶᠶ᠂ ᠡᠳᠦᠷ ᠳᠠᠭᠤᠰᠴᠤ᠂ ᠦᠳᠡᠰᠢ ᠶᠢᠨ ᠰᠡᠭᠦᠳᠡᠷ ᠤᠷᠲᠤᠰᠴᠤ ᠪᠠᠢᠨ᠎ᠠ
5 ᠪᠣᠰᠴᠠᠭ᠎ᠠ᠂ ᠰᠥᠨᠢ ᠪᠠᠷ ᠬᠥᠳᠡᠯᠵᠦ᠂ ᠰᠢᠯᠲᠦᠭᠡᠨ ᠢ ᠨᠢ ᠰᠦᠢᠳᠬᠡᠶᠡ》 ᠭᠡᠵᠡᠭᠡᠳᠡᠭ᠃
6 ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 《ᠲᠠ ᠨᠠᠷ ᠮᠣᠳᠣ ᠣᠭᠲᠣᠯᠵᠤ᠂ ᠶᠧᠷᠦ᠋ᠰᠠᠯᠧᠮ ᠤᠨ ᠡᠮᠦᠨ᠎ᠡ ᠪᠦᠰᠡᠯᠡᠯᠲᠡ ᠶᠢᠨ ᠣᠪᠣᠭ᠎ᠠ ᠪᠣᠰᠬ᠎ᠠ ᠡᠨᠡ ᠬᠣᠲᠠ ᠰᠢᠳᠬᠡᠭᠳᠡᠬᠦ ᠶᠣᠰᠣᠲᠠᠢ᠂ ᠳᠣᠲᠣᠷ᠎ᠠ ᠨᠢ ᠳᠠᠷᠤᠯᠠᠯ ᠳᠦᠭᠦᠷᠡᠩ ᠪᠠᠢᠨ᠎ᠠ᠂
7 ᠬᠤᠳᠳᠤᠭ ᠤᠰᠤ ᠪᠠᠨ ᠭᠠᠷᠭᠠᠭᠰᠠᠭᠠᠷ ᠪᠠᠢᠳᠠᠭ ᠤᠨ ᠠᠳᠠᠯᠢ ᠬᠣᠲᠠ ᠨᠢ ᠬᠣᠷᠣᠨ ᠮᠠᠭᠤ ᠪᠠᠨ ᠭᠠᠷᠭᠠᠭᠰᠠᠭᠠᠷ ᠬᠦᠴᠦᠷᠬᠡᠭᠯᠡᠯ ᠪᠣᠯᠣᠨ ᠰᠦᠢᠷᠡᠯ ᠲᠡᠭᠦᠨ ᠦ ᠳᠣᠲᠣᠷ᠎ᠠ ᠰᠣᠨᠣᠰᠳᠠᠵᠤ ᠡᠪᠡᠳᠴᠢᠨ ᠬᠢᠭᠡᠳ ᠰᠢᠷᠬ᠎ᠠ ᠨᠤᠭᠤᠳ ᠮᠢᠨᠦ ᠡᠮᠦᠨ᠎ᠡ ᠪᠠᠢᠭᠰᠠᠭᠠᠷ ᠪᠠᠢᠨ᠎ᠠ᠃
8 ᠶᠧᠷᠦ᠋ᠰᠠᠯᠧᠮ ᠡ᠂ ᠰᠠᠨᠠᠭᠤᠯᠭ᠎ᠠ ᠶᠢ ᠮᠢᠨᠢ ᠠᠪ ᠡᠰᠡ ᠲᠡᠭᠡᠪᠡᠯ ᠪᠢ ᠴᠢᠮ᠎ᠠ ᠠᠴᠠ ᠬᠥᠨᠳᠡᠢᠷᠡᠨ ᠴᠢᠮ᠎ᠠ ᠶᠢ ᠡᠵᠡᠭᠦᠢ ᠵᠡᠯᠢᠭᠦᠳ ᠭᠠᠵᠠᠷ ᠪᠣᠯᠭᠠᠨ᠎ᠠ᠃》
9 ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 《ᠲᠡᠳᠡ ᠦᠵᠦᠮ ᠲᠡᠭᠦᠬᠦ ᠰᠢᠭ ᠢᠶᠠᠨ ᠢᠰᠷᠧᠯ ᠤᠨ ᠦᠯᠡᠳᠡᠭᠰᠡᠳ ᠢ ᠭᠦᠢᠴᠡᠳ ᠲᠡᠭᠦᠬᠦ ᠪᠣᠯᠣᠨ᠎ᠠ ᠴᠢ ᠦᠵᠦᠮ ᠲᠡᠭᠦᠭᠴᠢ ᠮᠡᠲᠦ ᠪᠡᠷ ᠭᠠᠷ ᠢᠶᠠᠨ ᠮᠥᠴᠢᠷ ᠤᠳ ᠤᠨ ᠳᠡᠭᠡᠷ᠎ᠡ ᠠᠬᠢᠨ ᠳᠠᠬᠢᠨ ᠬᠦᠷᠭᠡᠭᠡᠷᠡᠢ᠃》
10 ᠪᠢ ᠬᠡᠨ ᠳᠦ ᠰᠠᠨᠠᠭᠤᠯᠤᠨ ᠶᠠᠷᠢᠵᠤ᠂ ᠰᠣᠨᠣᠰᠬᠠᠬᠤ ᠶᠤᠮ ᠪᠤᠢ︖ ᠬᠠᠷ᠎ᠠ᠂ ᠲᠡᠳᠡᠨ ᠦ ᠴᠢᠬᠢ ᠲᠠᠭᠯᠠᠭᠳᠠᠭᠰᠠᠨ ᠲᠤᠯᠠ ᠲᠡᠳᠡ ᠠᠩ᠋ᠬᠠᠷᠴᠤ ᠴᠢᠳᠠᠬᠤ ᠦᠭᠡᠢ ᠬᠠᠷ᠎ᠠ᠂ ᠶᠣᠬᠣᠸᠠ ᠶᠢᠨ ᠦᠭᠡ ᠲᠡᠳᠡᠨ ᠳᠦ ᠵᠢᠪᠡᠭᠦᠴᠡᠯ ᠪᠣᠯᠪᠠ ᠲᠡᠳᠡ ᠲᠡᠭᠦᠨ ᠢ ᠲᠠᠭᠠᠰᠢᠶᠠᠳᠠᠭ ᠦᠭᠡᠢ᠃
11 ᠬᠠᠷᠢᠨ ᠪᠢ ᠶᠣᠬᠣᠸᠠ ᠶᠢᠨ ᠠᠭᠤᠷ ᠬᠢᠯᠢᠩ ᠢᠶᠠᠷ ᠳᠦᠭᠦᠷᠴᠦ ᠡᠭᠦᠨ ᠢ ᠪᠠᠨ ᠪᠠᠷᠢᠵᠤ ᠶᠠᠳᠠᠵᠤ ᠪᠠᠢᠨ᠎ᠠ ᠡᠭᠦᠨ ᠢ ᠪᠠᠨ ᠪᠢ ᠭᠤᠳᠤᠮᠵᠢᠨ ᠳᠠᠬᠢ ᠬᠡᠦᠬᠡᠳ ᠤᠳ ᠤᠨ ᠳᠡᠭᠡᠷ᠎ᠡ᠂ ᠬᠤᠷᠠᠭᠰᠠᠨ ᠵᠠᠯᠠᠭᠤᠴᠤᠳ ᠤᠨ ᠳᠡᠭᠡᠷ᠎ᠡ ᠠᠰᠬᠠᠶᠠ ᠡᠷᠡᠭᠲᠡᠢ ᠡᠮᠡᠭᠲᠡᠢ ᠢᠯᠭᠠᠭ᠎ᠠ ᠦᠭᠡᠢ᠂ ᠥᠲᠡᠭᠦᠰ ᠨᠠᠰᠤᠲᠠᠳ ᠴᠤ ᠠᠪᠠᠴᠢᠭᠳᠠᠨ᠎ᠠ᠃
12 ᠶᠣᠬᠣᠸᠠ ᠪᠢ ᠠᠢᠯᠠᠳᠴᠤ ᠪᠠᠢᠨ᠎ᠠ᠄ 《ᠪᠢ ᠡᠨᠡ ᠭᠠᠵᠠᠷ ᠤᠨ ᠰᠠᠭᠤᠭᠠᠯᠢᠴᠢᠳ ᠤᠷᠤᠭᠤ ᠮᠤᠲᠤᠷ ᠢᠶᠠᠨ ᠰᠤᠩ᠋ᠭᠠᠨᠠ᠂ ᠲᠡᠳᠡᠨ ᠦ ᠭᠡᠷ ᠤᠳ᠂ ᠲᠠᠯᠠᠪᠠᠢ ᠨᠤᠭᠤᠳ ᠪᠣᠯᠣᠨ ᠡᠬᠡᠨᠡᠷ ᠤᠳ ᠨᠢ ᠴᠤ ᠪᠤᠰᠤᠳ ᠤᠨ ᠡᠷᠬᠡᠨ ᠳᠦ ᠣᠷᠣᠨ᠎ᠠ᠂
13 ᠤᠴᠢᠷ ᠨᠢ ᠲᠡᠳᠡᠨ ᠦ ᠪᠠᠭ᠎ᠠ ᠠᠴᠠ ᠨᠢ ᠲᠣᠮᠣ ᠳᠠᠭᠠᠨ ᠬᠦᠷᠲᠡᠯ᠎ᠡ ᠪᠦᠭᠦᠳᠡ ᠵᠥᠪ ᠪᠤᠰᠤ ᠳᠤ ᠰᠢᠨᠤᠵᠤ ᠡᠰᠢ ᠦᠵᠡᠭᠦᠯᠦᠭᠴᠢ ᠡᠴᠡ ᠪᠡᠨ ᠲᠠᠬᠢᠯᠴᠢ ᠬᠦᠷᠲᠡᠯ᠎ᠡ ᠪᠦᠭᠦᠳᠡ ᠵᠠᠯᠢ ᠭᠠᠷᠭᠠᠵᠤ ᠪᠠᠢᠨ᠎ᠠ᠃
14 ᠲᠡᠳᠡ ᠠᠷᠠᠳ ᠲᠦᠮᠡᠨ ᠦ ᠮᠢᠨᠢ ᠰᠢᠷᠬ᠎ᠠ ᠶᠢ ᠬᠠᠰᠢ ᠶᠠᠰᠢ ᠡᠮᠴᠢᠯᠡᠵᠤ 〈ᠠᠮᠤᠭᠤᠯᠠᠩ᠂ ᠠᠮᠤᠭᠤᠯᠠᠩ〉 ᠭᠡᠳᠡᠭ ᠪᠣᠯᠪᠠᠴᠤ ᠠᠮᠤᠷ ᠠᠮᠤᠭᠤᠯᠠᠩ ᠨᠢ ᠠᠯᠠᠭ᠎ᠠ᠃
15 ᠦᠢᠯᠡᠳᠦᠭᠰᠡᠨ ᠵᠢᠭᠰᠢᠭᠦᠷᠢ ᠡᠴᠡ ᠪᠡᠨ ᠲᠡᠳᠡ ᠢᠴᠢᠭᠰᠡᠨ ᠤᠤ︖ ᠣᠭᠲᠣᠬᠠᠨ ᠴᠤ ᠢᠴᠢᠭᠰᠡᠨ ᠦᠭᠡᠢ᠂ ᠤᠯᠠᠢᠬᠤ ᠪᠠᠨ ᠴᠤ ᠮᠡᠳᠡᠬᠦ ᠦᠭᠡᠢ ᠪᠠᠢᠪᠠ ᠡᠢᠮᠦ ᠡᠴᠡ ᠲᠡᠳᠡ ᠤᠨᠠᠭᠰᠠᠳ ᠤᠨ ᠳᠤᠮᠳᠠ ᠤᠨᠠᠨ᠎ᠠ ᠲᠡᠳᠡᠨ ᠢ ᠰᠢᠳᠬᠡᠬᠦ ᠦᠶ᠎ᠡ ᠳᠦ ᠮᠢᠨᠢ ᠲᠡᠳᠡ ᠪᠦᠳᠦᠷᠢᠨ᠎ᠡ》 ᠭᠡᠵᠦ ᠶᠣᠬᠣᠸᠠ ᠠᠢᠯᠠᠳᠴᠤ ᠪᠠᠢᠨ᠎ᠠ᠃
16 ᠶᠣᠬᠣᠸᠠ ᠡᠢᠨ ᠬᠦ ᠠᠢᠯᠠᠳᠴᠤ ᠪᠠᠢᠨ᠎ᠠ᠄ 《ᠰᠠᠯᠠᠭ᠎ᠠ ᠵᠠᠮ ᠳᠡᠭᠡᠷ᠎ᠡ ᠵᠣᠭᠰᠣᠵᠤ ᠬᠠᠷ᠎ᠠ ᠡᠷᠲᠡᠨ ᠦ ᠵᠠᠮ ᠢ ᠯᠠᠪᠯᠠ ᠰᠠᠢᠨ ᠵᠠᠮ ᠨᠢ ᠬᠠᠮᠢᠭ᠎ᠠ ᠪᠠᠢᠪᠠᠯ ᠲᠡᠷᠡᠭᠦᠷ ᠠᠯᠬᠤᠵᠤ ᠠᠮᠢ ᠰᠦᠨᠡᠰᠦᠨ ᠦ ᠪᠠᠨ ᠠᠮᠠᠷᠠᠯ ᠢ ᠣᠯᠬᠤ ᠪᠠᠢᠲᠠᠯ᠎ᠠ ᠲᠠ ᠨᠠᠷ᠄ 〈ᠲᠡᠷᠡᠭᠦᠷ ᠠᠯᠬᠤᠬᠤ ᠦᠭᠡᠢ〉 ᠭᠡᠰᠡᠨ ᠶᠤᠮ᠃
17 ᠪᠢ ᠲᠠ ᠨᠠᠷ ᠤᠨ ᠳᠡᠭᠡᠷ᠎ᠡ ᠬᠠᠷᠠᠭᠤᠯ ᠤᠳ ᠢ ᠲᠠᠯᠪᠢᠵᠤ 〈ᠪᠦᠷᠢᠶᠡᠨ ᠳᠠᠭᠤ ᠶᠢ ᠰᠣᠨᠣᠰ〉 ᠭᠡᠰᠡᠨ ᠴᠤ ᠲᠠ ᠨᠠᠷ᠄ 〈ᠰᠣᠨᠣᠰᠬᠤ ᠦᠭᠡᠢ〉 ᠭᠡᠰᠡᠨ ᠶᠤᠮ᠃
18 ᠲᠡᠢᠮᠦ ᠡᠴᠡ ᠰᠣᠨᠣᠰᠣᠭᠲᠤᠨ᠂ ᠦᠨᠳᠦᠰᠦᠲᠡᠨ ᠨᠦᠭᠦᠳ ᠡ ᠲᠡᠳᠡᠨ ᠳᠦ ᠶᠠᠭᠤ ᠪᠣᠯᠬᠤ ᠶᠢ ᠠᠩ᠋ᠬᠠᠷᠤᠭᠲᠤᠨ᠂ ᠭᠡᠷᠡᠴᠢ ᠨᠦᠭᠦᠳ ᠡ
19 ᠰᠣᠨᠣᠰᠣᠭᠲᠤᠨ᠂ ᠭᠠᠵᠠᠷ ᠳᠡᠯᠡᠬᠡᠢ ᠬᠠᠷ᠎ᠠ᠂ ᠪᠢ ᠡᠨᠡ ᠠᠷᠠᠳ ᠲᠦᠮᠡᠨ ᠦ ᠳᠡᠭᠡᠷ᠎ᠡ ᠭᠠᠢ ᠭᠠᠮᠰᠢᠭ ᠢ ᠠᠪᠴᠢᠷᠠᠵᠤ ᠪᠠᠢᠨ᠎ᠠ︕ ᠲᠡᠳᠡᠨ ᠦ ᠪᠣᠳᠣᠯ ᠰᠠᠨᠠᠭᠠᠨ ᠤ ᠦᠷ᠎ᠡ ᠳ᠋ᠦᠩ ᠡᠨᠡ ᠶᠤᠮ ᠲᠡᠳᠡ ᠮᠢᠨᠦ ᠦᠭᠡ ᠶᠢ ᠦᠯᠦ ᠣᠢᠰᠢᠶᠠᠨ ᠬᠠᠤᠯᠢ ᠶᠢ ᠮᠢᠨᠢ ᠣᠭᠣᠷᠣᠭᠰᠠᠨ ᠪᠢᠯᠡ᠂
20 ᠱᠧᠪᠠ ᠠᠴᠠ ᠭᠦᠭᠦᠯ ᠠᠯᠤᠰ ᠬᠣᠯᠠ ᠠᠴᠠ ᠠᠮᠲᠠᠲᠤ ᠨᠢᠰᠢᠩᠭᠦ ᠠᠪᠴᠢᠷᠠᠭᠠᠳ ᠶᠠᠭᠠᠬᠢᠬᠤ ᠭᠡᠵᠦ ᠪᠠᠢᠨ᠎ᠠ︖ ᠰᠢᠲᠠᠭᠠᠯᠭᠠᠲᠤ ᠲᠠᠬᠢᠯ ᠤᠳ ᠴᠢᠨᠢ ᠲᠠᠭᠠᠯᠠᠮᠵᠢᠲᠤ ᠪᠢᠰᠢ ᠲᠠᠬᠢᠯ ᠤᠳ ᠴᠢᠨᠢ ᠨᠠᠳᠠ ᠳᠤ ᠲᠠᠭᠠᠯᠠᠭᠳᠠᠬᠤ ᠦᠭᠡᠢ ᠪᠠᠢᠨ᠎ᠠ᠃》
21 ᠲᠡᠢᠮᠦ ᠡᠴᠡ ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠠᠷ᠎ᠠ᠂ ᠡᠨᠡ ᠠᠷᠠᠳ ᠲᠦᠮᠡᠨ ᠦ ᠡᠮᠦᠨ᠎ᠡ ᠪᠢ ᠪᠦᠳᠦᠷᠢᠭᠦᠯᠬᠦ ᠴᠢᠯᠠᠭᠤ ᠲᠠᠯᠪᠢᠵᠤ ᠪᠠᠢᠨ᠎ᠠ ᠡᠴᠢᠭᠡ ᠨᠦᠭᠦᠳ ᠬᠦᠦ ᠲᠠᠢ ᠪᠠᠨ ᠬᠠᠮᠲᠤ ᠲᠡᠭᠦᠨ ᠳᠦ ᠪᠦᠳᠦᠷᠢᠬᠦ ᠪᠥᠭᠡᠳ ᠠᠨᠳᠠ ᠨᠤᠭᠤᠳ ᠨᠢ ᠠᠢᠯ ᠬᠥᠷᠰᠢ ᠲᠠᠢ ᠪᠠᠨ ᠰᠦᠢᠷᠡᠨ᠎ᠡ᠃》
22 ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠠᠷ᠎ᠠ᠂ ᠬᠣᠢᠲᠤ ᠵᠦᠭ ᠦᠨ ᠨᠤᠲᠤᠭ ᠠᠴᠠ ᠴᠡᠷᠢᠭ ᠤᠳ ᠢᠷᠡᠵᠦ ᠪᠠᠢᠨ᠎ᠠ ᠭᠠᠵᠠᠷ ᠤᠨ ᠬᠢᠵᠠᠭᠠᠷ ᠠᠴᠠ ᠨᠢᠭᠡᠨ ᠠᠭᠤᠤ ᠦᠨᠳᠦᠰᠦᠲᠡᠨ ᠬᠥᠳᠡᠯᠵᠦ ᠪᠠᠢᠨ᠎ᠠ
23 ᠲᠡᠳᠡ ᠨᠤᠮᠤ ᠪᠠ ᠵᠢᠳᠠ ᠠᠭᠰᠠᠭᠴᠢᠳ ᠪᠥᠭᠡᠳ ᠬᠠᠢᠷ᠎ᠠ ᠨᠠᠢᠷ ᠦᠭᠡᠢ ᠬᠠᠷᠭᠢᠰ ᠳᠠᠭᠤ ᠨᠢ ᠳᠠᠯᠠᠢ ᠮᠡᠲᠦ ᠬᠦᠷᠬᠢᠷᠡᠳᠡᠭ ᠲᠡᠳᠡ ᠳᠠᠢᠴᠢᠨ ᠤ ᠵᠢᠭᠰᠠᠭᠠᠯ ᠵᠢᠭᠰᠠᠨ᠂ ᠮᠣᠷᠢᠨ ᠳᠠᠭᠠᠨ ᠮᠣᠷᠳᠠᠭᠠᠳ ᠽᠢᠶᠣᠨ ᠥᠬᠢᠨ ᠴᠢᠮ᠎ᠠ ᠤᠷᠤᠭᠤ ᠳᠠᠭᠠᠷᠢᠨ᠎ᠠ᠃
24 ᠪᠢᠳᠡ ᠡᠨᠡ ᠲᠤᠬᠠᠢ ᠮᠡᠳᠡᠭᠡ ᠶᠢ ᠰᠣᠨᠣᠰᠣᠭᠠᠳ ᠵᠣᠷᠢᠭ ᠠᠯᠳᠠᠪᠠ᠂ ᠲᠥᠷᠥᠯᠲᠡ ᠶᠢᠨ ᠬᠢ ᠮᠡᠲᠦ ᠡᠪᠡᠷᠰᠢᠶᠡᠯ ᠳᠦ ᠨᠡᠷᠪᠡᠭᠳᠡᠵᠡᠢ᠃
25 ᠲᠠ ᠨᠠᠷ ᠲᠠᠯ᠎ᠠ ᠳᠡᠭᠡᠷ᠎ᠡ ᠪᠦᠦ ᠭᠠᠷ᠂ ᠵᠠᠮ ᠢᠶᠠᠷ ᠪᠦᠦ ᠶᠠᠪᠤ ᠳᠠᠢᠰᠤᠨ ᠤ ᠢᠯᠳᠦ ᠪᠤᠢ︕ ᠡ᠊ᠨᠳᠡ ᠲᠡᠨᠳᠡ ᠦᠭᠡᠢ ᠠᠶᠤᠯ ᠠᠢᠳᠠᠰ ᠪᠠᠢᠨ᠎ᠠ᠃
26 ᠥᠬᠢᠨ ᠠᠷᠠᠳ ᠲᠦᠮᠡᠨ ᠮᠢᠨᠢ ᠲᠠᠭᠠᠷ ᠤᠭᠯᠠᠨ᠂ ᠦᠨᠡᠰᠦᠨ ᠳᠡᠭᠡᠷ᠎ᠡ ᠥᠩᠬᠥᠷᠢ ᠭᠠᠭᠴᠠ ᠬᠦᠦ ᠪᠡᠨ ᠠᠯᠳᠠᠭᠰᠠᠨ ᠮᠡᠲᠦ ᠬᠠᠮᠤᠭ ᠤᠨ ᠭᠠᠰᠢᠭᠤᠨ ᠢᠶᠠᠷ ᠭᠠᠰᠢᠭᠤᠳᠠ ᠰᠦᠢᠳᠬᠡᠭᠴᠢ ᠪᠢᠳᠡᠨ ᠳᠡᠭᠡᠷ᠎ᠡ ᠭᠡᠨᠡᠳᠲᠡ ᠢᠷᠡᠨ᠎ᠡ᠃
27 ᠪᠢ ᠴᠢᠮ᠎ᠠ ᠶᠢ ᠰᠢᠯᠭᠠᠭᠴᠢ ᠪᠣᠯᠭᠠᠵᠤ᠂ ᠠᠷᠠᠳ ᠲᠦᠮᠡᠨ ᠢ ᠬᠦᠳᠡᠷ ᠪᠣᠯᠭᠠᠭᠰᠠᠨ ᠴᠢ ᠲᠡᠳᠡᠨ ᠦ ᠦᠢᠯᠡᠰ ᠢ ᠦᠵᠡᠵᠦ ᠰᠢᠯᠭ᠎ᠠ᠃
28 ᠲᠡᠳᠡ ᠪᠦᠭᠦᠳᠡ ᠵᠥᠷᠢᠭᠦᠳ ᠤᠷᠪᠠᠭᠴᠢᠳ᠂ ᠬᠣᠪ ᠵᠥᠭᠡᠭᠡᠭᠴᠢᠳ ᠬᠦᠷᠡᠯ ᠪᠠ ᠲᠡᠮᠦᠷ ᠪᠥᠭᠡᠳ ᠲᠡᠳᠡ ᠪᠦᠭᠦᠳᠡᠭᠡᠷ ᠢᠶᠡᠨ ᠵᠢᠪᠡᠷᠡᠭᠰᠡᠨ ᠪᠠᠢᠨ᠎ᠠ᠃
29 ᠲᠤᠯᠤᠮ ᠤᠨ ᠬᠥᠭᠡᠷᠭᠡ ᠪᠡᠷ ᠰᠢᠷᠦᠭᠦᠨ ᠦᠯᠢᠶᠡᠯᠭᠡᠪᠡᠯ ᠲᠤᠭᠤᠯᠭ᠎ᠠ ᠬᠠᠢᠯᠵᠤ ᠴᠡᠪᠡᠷᠰᠢᠭᠦᠯᠦᠭᠰᠡᠭᠡᠷ ᠪᠠᠢᠭᠰᠠᠨ ᠴᠤ ᠲᠠᠯᠠᠭᠠᠷ ᠪᠣᠯᠳᠠᠭ ᠤᠨ ᠠᠳᠠᠯᠢ 3 ᠲᠡᠳᠡᠨ ᠦ ᠬᠣᠷᠣᠨ ᠮᠠᠭᠤ ᠮᠥᠨ ᠯᠠ ᠠᠷᠢᠯᠳᠠᠭ ᠦᠭᠡᠢ᠂
30 ᠶᠣᠬᠣᠸᠠ ᠲᠡᠳᠡᠨ ᠢ ᠭᠣᠯᠣᠭᠰᠠᠨ ᠲᠤᠯᠠ ᠲᠡᠳᠡ 《ᠭᠣᠯᠣᠭᠳᠠᠭᠰᠠᠨ ᠮᠥᠩᠭᠥ》 ᠭᠡᠭᠳᠡᠨ᠎ᠡ᠃