1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠭᠤᠴᠢᠨ ᠨᠢᠭᠡ
1 《ᠶᠣᠬᠣᠸᠠ ᠠᠢᠯᠠᠳᠴᠤ ᠪᠠᠢᠨ᠎ᠠ᠃ ᠲᠡᠷᠡ ᠦᠶ᠎ᠡ ᠳᠦ ᠪᠢ ᠢᠰᠷᠧᠯ ᠤᠨ ᠪᠦᠬᠦ ᠪᠦᠯᠢ ᠶᠢᠨ ᠪᠤᠷᠬᠠᠨ ᠪᠣᠯᠵᠤ᠂ ᠲᠡᠳᠡ ᠮᠢᠨᠦ ᠠᠷᠠᠳ ᠲᠦᠮᠡᠨ ᠪᠣᠯᠣᠨ᠎ᠠ᠃》
2 ᠶᠣᠬᠣᠸᠠ ᠡᠢᠨ ᠬᠦ ᠠᠢᠯᠠᠳᠴᠤ ᠪᠠᠢᠨ᠎ᠠ᠄ 《ᠢᠯᠳᠦᠨ ᠡᠴᠡ ᠠᠮᠢᠳᠤ ᠦᠯᠡᠳᠡᠭᠰᠡᠨ ᠠᠷᠠᠳ ᠣᠯᠠᠨ ᠴᠥᠯ ᠳᠤ ᠢᠪᠡᠭᠡᠯ ᠢ ᠣᠯᠣᠨ᠎ᠠ ᠢᠰᠷᠧᠯ ᠳᠤ ᠪᠢ ᠠᠮᠠᠷᠠᠯ ᠥᠭᠬᠦ ᠪᠡᠷ ᠢᠷᠡᠨ᠎ᠡ᠃》
3 ᠥᠨᠢ ᠡᠷᠲᠡ ᠡᠴᠡ 12 ᠶᠣᠬᠣᠸᠠ ᠪᠢᠳᠡᠨ ᠳᠦ ᠦᠵᠡᠭᠳᠡᠨ᠄ 《〈ᠪᠢ ᠴᠢᠮᠠᠶᠢ ᠡᠭᠦᠷᠢᠳᠡ ᠶᠢᠨ ᠬᠠᠢᠷ᠎ᠠ ᠪᠠᠷ ᠬᠠᠢᠷᠠᠯᠠᠭᠰᠠᠨ ᠪᠢ ᠴᠢᠮᠠᠶᠢ ᠦᠨᠡᠨᠴᠢ ᠬᠠᠢᠷ᠎ᠠ ᠪᠠᠷ ᠬᠥᠲᠥᠯᠥᠭᠰᠡᠨ〉 ᠭᠡᠪᠡ᠃
4 ᠥᠬᠢᠨ ᠢᠰᠷᠧᠯ ᠮᠢᠨᠢ᠂ ᠪᠢ ᠴᠢᠮᠠᠶᠢ ᠳᠠᠬᠢᠨ ᠪᠣᠰᠬᠠᠬᠤ ᠲᠤᠯᠠ ᠴᠢ ᠪᠣᠰᠬᠠᠭᠳᠠᠨ᠎ᠠ ᠴᠢ ᠳᠠᠬᠢᠨ ᠬᠡᠩᠭᠡᠷᠭᠡ ᠠᠪᠴᠤ᠂ ᠪᠠᠶᠠᠷᠯᠠᠭᠴᠢᠳ ᠤᠨ ᠳᠤᠮᠳᠠ ᠠᠴᠠ ᠪᠥᠵᠢᠭᠯᠡᠵᠦ ᠭᠠᠷᠬᠤ ᠪᠣᠯᠣᠨ᠎ᠠ᠃
5 ᠴᠢ ᠳᠠᠬᠢᠨ ᠰᠠᠮᠠᠷᠢᠶ᠎ᠠ ᠶᠢᠨ ᠲᠣᠯᠣᠭᠠᠳ ᠳᠡᠭᠡᠷ᠎ᠡ ᠦᠵᠦᠮ ᠦᠨ ᠴᠡᠴᠡᠷᠯᠢᠭ ᠪᠠᠢᠭᠤᠯᠬᠤ ᠪᠥᠭᠡᠳ ᠲᠠᠷᠢᠭᠴᠢᠳ ᠲᠠᠷᠢᠭᠰᠠᠨ ᠢᠶᠠᠨ ᠠᠮᠰᠠᠬᠤ ᠪᠣᠯᠣᠨ᠎ᠠ᠃
6 ᠡᠹᠷᠠᠢᠮ ᠤᠨ ᠲᠣᠯᠣᠭᠠᠳ ᠳᠡᠭᠡᠷ᠎ᠡ ᠬᠠᠷᠠᠭᠤᠯ ᠤᠳ ᠥᠨᠳᠥᠷ ᠳᠠᠭᠤ ᠪᠠᠷ᠄ 〈ᠵᠠ᠂ ᠪᠢᠳᠡ ᠽᠢᠶᠣᠨ ᠳᠠᠬᠢ ᠶᠣᠬᠣᠸᠠ ᠪᠤᠷᠬᠠᠨ ᠥᠭᠡᠳᠡ ᠪᠡᠨ ᠣᠴᠢᠵᠠᠭᠠᠶ᠎ᠠ〉》 ᠭᠡᠬᠦ ᠡᠳᠦᠷ ᠯᠠᠪ ᠢᠷᠡᠨ᠎ᠡ᠃

7 ᠶᠣᠬᠣᠸᠠ ᠡᠢᠨ ᠬᠦ ᠠᠢᠯᠠᠳᠴᠤ ᠪᠠᠢᠨ᠎ᠠ᠄ 《ᠲᠠ ᠨᠠᠷ ᠶᠠᠺᠣᠪ ᠲᠤ ᠪᠠᠶᠠᠷ ᠤᠨ ᠳᠠᠭᠤᠤ ᠳᠠᠭᠤᠯᠠᠵᠤ ᠦᠨᠳᠦᠰᠦᠲᠡᠨ ᠨᠦᠭᠦᠳ ᠦᠨ ᠲᠡᠷᠢᠭᠦᠨ ᠦ ᠡᠮᠦᠨ᠎ᠡ ᠤᠤᠬᠠᠢᠯᠠ ᠲᠠ ᠨᠠᠷ ᠮᠠᠭᠲᠠᠭᠠᠯ ᠢᠶᠠᠨ ᠰᠣᠨᠣᠰᠬᠠᠵᠤ᠄ 〈ᠶᠣᠬᠣᠸᠠ᠂ ᠥᠪᠡᠷ ᠦᠨ ᠢᠶᠠᠨ ᠠᠷᠠᠳ ᠲᠦᠮᠡᠨ ᠢᠰᠷᠧᠯ ᠤᠨ ᠦᠯᠡᠳᠡᠭᠰᠡᠳ ᠢ ᠠᠪᠤᠷᠠᠭᠠᠴᠢ〉 ᠭᠡᠵᠦ ᠬᠡᠯᠡ᠃
8 ᠬᠠᠷᠠ᠂ ᠪᠢ ᠲᠡᠳᠡᠨ ᠢ ᠬᠣᠢᠲᠤ ᠵᠦᠭ ᠦᠨ ᠨᠤᠲᠤᠭ ᠠᠴᠠ ᠠᠪᠴᠢᠷᠠᠵᠤ ᠪᠠᠢᠨ᠎ᠠ︕ ᠪᠢ ᠭᠠᠵᠠᠷ ᠤᠨ ᠬᠢᠵᠠᠭᠠᠷ ᠠᠴᠠ ᠲᠡᠳᠡᠨ ᠢ ᠴᠤᠭᠯᠠᠭᠤᠯᠬᠤ ᠳᠤ ᠰᠣᠬᠣᠷ ᠪᠠ ᠳᠣᠭᠣᠯᠠᠩ ᠵᠢᠷᠮᠦᠰᠦᠨ ᠪᠠ ᠨᠢᠷᠠᠢᠯᠠᠬᠤ ᠭᠡᠵᠦ ᠪᠤᠢ ᠪᠦᠰᠡᠭᠦᠢ ᠬᠠᠮᠲᠤ ᠳᠠᠭᠠᠨ ᠦᠢ ᠲᠦᠮᠡᠨ ᠬᠥᠮᠦᠰ ᠪᠤᠴᠠᠵᠤ ᠢᠷᠡᠨ᠎ᠡ᠂
9 ᠲᠡᠳᠡ ᠤᠬᠢᠯᠠᠨ ᠢᠷᠡᠨ᠎ᠡ᠂ ᠲᠡᠳᠡ ᠭᠤᠶᠤᠬᠤ ᠳᠤ ᠪᠢ ᠤᠳᠤᠷᠢᠳᠤᠨ᠎ᠠ ᠪᠢ ᠲᠡᠳᠡᠨ ᠢ ᠤᠷᠤᠰᠬᠠᠯ ᠤᠰᠤᠨ ᠤ ᠬᠠᠵᠠᠭᠤ ᠪᠠᠷ ᠪᠦᠳᠦᠷᠢᠬᠦ ᠦᠭᠡᠢ ᠲᠡᠭᠰᠢᠬᠡᠨ ᠵᠠᠮ ᠢᠶᠠᠷ ᠠᠯᠬᠤᠭᠤᠯᠤᠨ᠎ᠠ᠂ ᠪᠢ ᠪᠣᠯ ᠢᠰᠷᠧᠯ ᠤᠨ ᠡᠴᠢᠭᠡ᠂ ᠡᠹᠷᠠᠢᠮ ᠪᠣᠯ ᠮᠢᠨᠦ ᠤᠤᠭᠠᠨ ᠬᠦᠦ ᠪᠢᠯᠡ᠃

10 ᠦᠨᠳᠦᠰᠦᠲᠡᠨ ᠨᠦᠭᠦᠳ ᠡ᠂ ᠶᠣᠬᠣᠸᠠ ᠶᠢᠨ ᠦᠭᠡ ᠶᠢ ᠰᠣᠨᠣᠰᠴᠠᠭᠠᠵᠤ ᠠᠯᠤᠰ ᠤᠨ ᠠᠷᠠᠯ ᠳᠤ ᠲᠤᠩ᠋ᠬᠠᠭᠯᠠᠨ᠄ 〈ᠢᠰᠷᠧᠯ ᠢ ᠲᠠᠷᠬᠠᠭᠠᠭᠰᠠᠨ ᠶᠣᠬᠣᠸᠠ ᠲᠡᠭᠦᠨ ᠢ ᠴᠤᠭᠯᠠᠭᠤᠯᠤᠨ ᠬᠣᠨᠢᠴᠢᠨ ᠬᠣᠨᠢᠨ ᠰᠦᠷᠦᠭ ᠢᠶᠡᠨ ᠬᠠᠷᠢᠭᠤᠯᠳᠠᠭ ᠰᠢᠭ᠋ ᠲᠡᠭᠦᠨ ᠢ ᠬᠠᠷᠢᠭᠤᠯᠤᠨ᠎ᠠ〉 ᠭᠡᠵᠦ ᠬᠡᠯᠡ᠃
11 ᠦᠨᠡᠬᠡᠷ ᠶᠣᠬᠣᠸᠠ ᠶᠠᠺᠣᠪ ᠢ ᠵᠣᠯᠢᠨ ᠠᠪᠴᠤ ᠥᠪᠡᠷ ᠡᠴᠡ ᠨᠢ ᠬᠦᠴᠦᠲᠡᠢ ᠨᠢᠭᠡᠨ ᠦ ᠭᠠᠷ ᠠᠴᠠ ᠴᠢᠯᠥᠭᠡᠯᠡᠭᠰᠡᠨ ᠶᠤᠮ᠃
12 ᠲᠡᠳᠡ ᠪᠤᠴᠠᠵᠤ ᠢᠷᠡᠭᠡᠳ ᠽᠢᠶᠣᠨ ᠤ ᠲᠣᠯᠣᠭᠠᠳ ᠳᠡᠭᠡᠷ᠎ᠡ ᠪᠠᠶᠠᠷᠯᠠᠨ ᠬᠠᠰᠬᠢᠷᠤᠯᠳᠤᠨ᠎ᠠ ᠦᠷ᠎ᠡ ᠲᠠᠷᠢᠶ᠎ᠠ᠂ ᠰᠢᠨ᠎ᠡ ᠳᠠᠷᠠᠰᠤ᠂ ᠲᠣᠰᠣ᠂ ᠮᠠᠯ ᠰᠦᠷᠦᠭ ᠦᠨ ᠦᠷ᠎ᠡ ᠲᠥᠯ ᠵᠡᠷᠭᠡ ᠶᠣᠬᠣᠸᠠ ᠶᠢᠨ ᠬᠡᠰᠢᠭ ᠢᠶᠠᠷ ᠭᠡᠷᠡᠯᠲᠦᠨ᠎ᠡ ᠰᠦᠨᠡᠰᠦ ᠨᠢ ᠰᠢᠨᠲᠠᠷᠠᠬᠤ ᠪᠠᠨ ᠪᠣᠯᠢᠵᠤ᠂ ᠤᠰᠤᠯᠠᠭᠳᠠᠭᠰᠠᠨ ᠴᠡᠴᠡᠷᠯᠢᠭ ᠮᠡᠲᠦ ᠪᠣᠯᠣᠨ᠎ᠠ
13 ᠪᠦᠰᠡᠭᠦᠢᠴᠦᠦᠯ ᠪᠥᠵᠢᠭᠯᠡᠨ ᠪᠠᠶᠠᠷᠯᠠᠵᠤ᠂ ᠬᠥᠭᠰᠢᠨ ᠵᠠᠯᠠᠭᠤ ᠬᠠᠮᠲᠤ ᠳᠠᠭᠠᠨ ᠬᠥᠭᠰᠡᠨ᠎ᠡ ᠭᠠᠰᠢᠭᠤᠳᠠᠯ ᠢ ᠨᠢ ᠪᠢ ᠪᠠᠶᠠᠷ ᠢᠶᠠᠷ ᠰᠣᠯᠢᠵᠤ ᠭᠠᠰᠠᠯᠠᠩ ᠤᠨ ᠣᠷᠣᠨ ᠳᠤ ᠲᠠᠢᠪᠤᠰᠢᠷᠠᠯ ᠪᠣᠯᠣᠨ ᠵᠢᠷᠭᠠᠯ ᠢ ᠣᠯᠭᠣᠨ᠎ᠠ᠃
14 ᠲᠠᠬᠢᠯᠴᠢᠳ ᠤᠨ ᠰᠦᠨᠡᠰᠦ ᠶᠢ ᠪᠢ ᠲᠣᠰᠣᠯᠠᠨ ᠳᠦᠭᠦᠷᠭᠡᠨ᠎ᠡ ᠮᠢᠨᠦ ᠠᠷᠠᠳ ᠲᠦᠮᠡᠨ ᠰᠠᠢᠨ ᠰᠠᠢᠬᠠᠨ ᠢᠶᠠᠷ ᠮᠢᠨᠢ ᠬᠠᠩ᠋ᠬᠤ ᠪᠣᠯᠣᠨ᠎ᠠ᠂》 ᠶᠣᠬᠣᠸᠠ ᠠᠢᠯᠠᠳᠴᠤ ᠪᠠᠢᠨ᠎ᠠ᠃

15 ᠶᠣᠬᠣᠸᠠ ᠢᠩᠭᠢᠵᠦ ᠠᠢᠯᠠᠳᠴᠤ ᠪᠠᠢᠨ᠎ᠠ᠄ 《ᠷᠠᠮᠠ ᠠᠴᠠ ᠶᠡᠬᠡᠳᠡ ᠤᠬᠢᠯᠠᠨ ᠭᠠᠰᠢᠭᠤᠳᠠᠬᠤ ᠴᠢᠩᠭ᠍᠎ᠠ ᠳᠠᠭᠤ ᠰᠣᠨᠣᠰᠳᠠᠪᠠ ᠷᠠᠾᠢᠯ ᠬᠡᠦᠬᠡᠳ ᠤᠳ ᠢᠶᠠᠨ ᠰᠠᠨᠠᠨ ᠤᠬᠢᠯᠠᠵᠤ ᠪᠠᠢᠨ᠎ᠠ ᠲᠡᠷᠡ ᠲᠠᠢᠳᠬᠤᠷᠠᠭᠤᠯᠤᠭᠳᠠᠬᠤ ᠶᠢ ᠬᠦᠰᠡᠭᠰᠡᠨ ᠦᠭᠡᠢ ᠲᠡᠳᠡᠨ ᠦ ᠬᠡᠦᠬᠡᠳ ᠤᠳ ᠠᠯᠠᠭ᠎ᠠ ᠪᠣᠯᠴᠢᠬᠠᠭᠰᠠᠨ ᠠᠵᠢ᠃》
16 ᠶᠣᠬᠣᠸᠠ ᠡᠢᠨ ᠬᠦ ᠠᠢᠯᠠᠳᠴᠤ ᠪᠠᠢᠨ᠎ᠠ᠄ 《ᠤᠬᠢᠯᠠᠬᠤ ᠳᠠᠭᠤ᠂ ᠨᠢᠳᠦᠨ ᠦ ᠪᠠᠨ ᠨᠢᠯᠪᠤᠰᠤ ᠶᠢ ᠵᠣᠭᠰᠣᠭ᠎ᠠ ᠦᠢᠯᠡᠰ ᠴᠢᠨᠢ ᠱᠠᠩᠨᠠᠯ ᠲᠠᠢ ᠪᠥᠭᠡᠳ ᠥᠰᠲᠡᠨ ᠦ ᠨᠤᠲᠤᠭ ᠠᠴᠠ ᠲᠡᠳᠡ ᠪᠤᠴᠠᠵᠤ ᠢᠷᠡᠨ᠎ᠡ᠂》 ᠶᠣᠬᠣᠸᠠ ᠠᠢᠯᠠᠳᠴᠤ ᠪᠠᠢᠨ᠎ᠠ᠃
17 《ᠶᠣᠬᠣᠸᠠ ᠠᠢᠯᠠᠳᠴᠤ ᠪᠠᠢᠨ᠎ᠠ᠂ ᠴᠢᠨᠦ ᠢᠷᠡᠭᠡᠳᠦᠢ ᠨᠠᠢᠳᠠᠪᠤᠷᠢ ᠲᠠᠢ ᠴᠢᠨᠦ ᠦᠷ᠎ᠡ ᠬᠡᠦᠬᠡᠳ ᠨᠤᠲᠤᠭ ᠳᠡᠪᠢᠰᠬᠡᠷ ᠤᠷᠤᠭᠤ ᠪᠠᠨ ᠪᠤᠴᠠᠵᠤ ᠢᠷᠡᠨ᠎ᠡ᠃
18 ᠪᠢ ᠦᠨᠡᠬᠡᠷ ᠰᠣᠨᠣᠰᠣᠯ᠎ᠠ᠂ ᠡᠹᠷᠠᠢᠮ ᠬᠠᠷᠠᠮᠰᠠᠨ ᠤᠬᠢᠯᠠᠵᠤ᠄ 〈ᠲᠠ ᠨᠠᠮᠠᠶᠢ ᠭᠡᠰᠬᠡᠭᠡᠵᠦ᠂ ᠪᠢ ᠭᠡᠰᠬᠡᠭᠳᠡᠭᠰᠡᠨ᠃ ᠪᠢ ᠰᠤᠷᠭᠠᠭᠳᠠᠭ᠎ᠠ ᠦᠭᠡᠢ ᠲᠤᠭᠤᠯ ᠰᠢᠭ᠋ ᠪᠠᠢᠵᠠᠢ ᠨᠠᠮᠠᠶᠢ ᠪᠤᠴᠠᠭᠠᠵᠤ ᠠᠪᠠᠴᠢᠭᠠᠴᠢ ᠪᠢ ᠪᠤᠴᠠᠵᠤ ᠣᠴᠢᠶ᠎ᠡ ᠮᠢᠨᠦ ᠪᠤᠷᠬᠠᠨ ᠪᠣᠯ ᠶᠣᠬᠣᠸᠠ ᠲᠠ ᠪᠢᠯᠡ᠃
19 ᠪᠢ ᠲᠠᠨ ᠠᠴᠠ ᠡᠷᠭᠢᠭᠰᠡᠨ ᠦ ᠳᠠᠷᠠᠭ᠎ᠠ ᠭᠡᠮᠰᠢᠭᠰᠡᠨ ᠰᠤᠷᠭᠠᠭᠳᠠᠭᠰᠠᠨ ᠤ ᠳᠠᠷᠠᠭ᠎ᠠ ᠪᠢ ᠴᠡᠭᠡᠵᠢ ᠪᠠᠨ ᠳᠡᠯᠡᠳᠪᠡ ᠪᠢ ᠵᠠᠯᠠᠭᠤ ᠦᠶ᠎ᠡ ᠶᠢᠨ ᠢᠶᠠᠨ ᠭᠤᠲᠤᠮᠰᠢᠭᠲᠤ ᠶᠠᠪᠤᠳᠠᠯ ᠢ ᠡᠭᠦᠷᠦᠭᠡᠳ ᠢᠴᠢᠵᠦ ᠶᠡᠬᠡᠳᠡ ᠵᠣᠪᠠᠪᠠ〉 ᠭᠡᠵᠦ ᠶᠠᠷᠢᠵᠤ ᠪᠠᠢᠯ᠎ᠠ᠃
20 ᠡᠹᠷᠠᠢᠮ ᠮᠢᠨᠦ ᠬᠠᠢᠷᠠᠲᠤ ᠬᠦᠦ ᠮᠢᠨᠦ ᠲᠠᠭᠠᠯᠠᠮᠵᠢᠲᠤ ᠬᠦᠦ ᠪᠢᠰᠢ ᠤᠤ︖ ᠪᠢ ᠲᠡᠭᠦᠨ ᠢ ᠪᠠᠢᠨ ᠪᠠᠢᠨ ᠵᠢᠮᠡᠯᠡᠳᠡᠭ ᠪᠣᠯᠪᠠᠴᠤ ᠲᠡᠭᠦᠨ ᠢ ᠬᠦᠰᠡᠨ ᠰᠠᠨᠠᠭᠠᠯᠵᠠᠳᠠᠭ ᠡᠭᠦᠨᠴᠢᠯᠡᠨ ᠵᠢᠷᠦᠬᠡ ᠰᠡᠳᠬᠢᠯ ᠮᠢᠨᠢ ᠲᠡᠭᠦᠨ ᠤᠷᠤᠭᠤ ᠲᠡᠮᠡᠦᠯᠳᠡᠭ ᠦᠨᠡᠬᠡᠷ ᠪᠢ ᠲᠡᠭᠦᠨ ᠳᠦ ᠥᠷᠥᠰᠢᠶᠡᠯ ᠦᠵᠡᠭᠦᠯᠦᠨ᠎ᠡ᠂》 ᠶᠣᠬᠣᠸᠠ ᠠᠢᠯᠠᠳᠴᠤ ᠪᠠᠢᠨ᠎ᠠ᠃

21 《ᠵᠠᠮ ᠤᠨ ᠲᠡᠮᠳᠡᠭ ᠲᠠᠯᠪᠢ᠂ ᠴᠢᠭ ᠵᠢᠭᠠᠭᠴᠢ ᠱᠣᠩ ᠪᠠᠢᠷᠢᠯᠠᠭᠤᠯ ᠥᠪᠡᠷ ᠦᠨ ᠢᠶᠠᠨ ᠶᠠᠪᠤᠭᠰᠠᠨ ᠵᠠᠮ᠂ ᠥᠨᠥᠬᠢ ᠶᠡᠬᠡ ᠵᠠᠮ ᠢ ᠠᠩ᠋ᠬᠠᠷ ᠥᠬᠢᠨ ᠢᠰᠷᠧᠯ ᠡ᠂ ᠡᠷᠭᠢᠨ ᠪᠤᠴᠠᠵᠤ ᠥᠪᠡᠷ ᠦᠨ ᠢᠶᠠᠨ ᠬᠣᠲᠠ ᠲᠣᠰᠬᠣᠨ ᠤᠷᠤᠭᠤ ᠢᠷ᠎ᠡ᠃
22 ᠲᠡᠷᠰᠯᠡᠭᠦᠦ ᠪᠠᠢᠭᠰᠠᠨ ᠥᠬᠢᠨ᠂ ᠴᠢ ᠬᠡᠵᠢᠶ᠎ᠡ ᠪᠣᠯᠲᠠᠯ᠎ᠠ ᠬᠤᠯᠬᠢᠬᠤ ᠶᠤᠮ ᠪᠤᠢ︖ ᠡᠨᠡ ᠭᠠᠵᠠᠷ ᠳᠡᠭᠡᠷ᠎ᠡ ᠶᠣᠬᠣᠸᠠ ᠴᠤ᠋ ᠰᠢᠨ᠎ᠡ ᠶᠢ ᠪᠦᠲᠦᠭᠡᠵᠦ ᠡᠮᠡᠭᠲᠡᠢ ᠬᠥᠮᠦᠨ ᠡᠷᠡᠭᠲᠡᠢ ᠬᠥᠮᠦᠨ ᠢ ᠬᠦᠷᠢᠶᠡᠯᠡᠨ᠎ᠡ 13 ᠃》

23 ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠄ 《ᠲᠡᠳᠡᠨ ᠢ ᠴᠥᠯᠡᠯᠭᠡ ᠡᠴᠡ ᠪᠤᠴᠠᠭᠠᠬᠤ ᠳᠤ ᠮᠢᠨᠢ ᠶᠦᠳᠠ ᠶᠢᠨ ᠨᠤᠲᠤᠭ ᠳᠠᠬᠢ ᠬᠣᠲᠠ ᠲᠣᠰᠬᠣᠳ ᠤᠨ ᠬᠥᠮᠦᠰ 〈ᠠᠷᠢᠭᠤᠨ ᠠᠭᠤᠯᠠ᠂ ᠵᠥᠪ ᠶᠣᠰᠣᠨ ᠤ ᠣᠷᠣᠰᠢᠬᠤ ᠭᠠᠵᠠᠷ ᠡ ᠶᠣᠬᠣᠸᠠ ᠴᠢᠮᠠᠶᠢ ᠢᠷᠥᠭᠡᠬᠦ ᠪᠣᠯᠲᠤᠭᠠᠢ︕〉
ᠭᠡᠰᠡᠨ ᠦᠭᠡ ᠶᠢ ᠳᠠᠬᠢᠨ ᠬᠡᠷᠡᠭᠯᠡᠬᠦ ᠪᠣᠯᠣᠨ᠎ᠠ᠃ 24 ᠲᠠᠷᠢᠶᠠᠴᠢᠨ ᠴᠤ᠂ ᠬᠣᠨᠢᠨ ᠰᠦᠷᠦᠭ ᠲᠡᠢ ᠨᠡᠭᠦᠳᠡᠯᠴᠢᠨ ᠴᠤ ᠬᠠᠮᠲᠤ ᠳᠠᠭᠠᠨ ᠶᠦᠳᠠ ᠳᠠᠬᠢ ᠪᠦᠬᠦ ᠬᠣᠲᠠ ᠲᠣᠰᠬᠣᠨ ᠳᠤ ᠰᠠᠭᠤᠷᠢᠰᠢᠬᠤ ᠪᠣᠯᠣᠨ᠎ᠠ᠃ 25 ᠲᠡᠢᠨ ᠬᠦ ᠪᠢ ᠴᠠᠩ᠋ᠭᠠᠭᠰᠠᠨ ᠬᠥᠮᠦᠨ ᠢ ᠤᠮᠳᠠᠯᠠᠵᠤ᠂ ᠴᠤᠴᠠᠭᠰᠠᠨ ᠬᠥᠮᠦᠨ ᠢ ᠰᠡᠷᠭᠦᠭᠡᠨ᠎ᠡ》 ᠭᠡᠯ᠎ᠡ᠃

26 ᠡᠨᠡ ᠮᠥᠴᠡ ᠳᠦ ᠪᠢ ᠰᠡᠷᠢᠭᠡᠳ ᠨᠢᠳᠦ ᠪᠡᠨ ᠨᠡᠭᠡᠭᠡᠪᠡ᠃ ᠨᠣᠢᠷ ᠮᠢᠨᠢ ᠠᠮᠲᠠᠲᠠᠢ ᠪᠠᠢᠯ᠎ᠠ᠃

27 《ᠬᠠᠷᠠ᠂ ᠪᠢ ᠢᠰᠷᠧᠯ ᠤᠨ ᠭᠡᠷ ᠪᠣᠯᠣᠨ ᠶᠦᠳᠠ ᠶᠢᠨ ᠭᠡᠷ ᠲᠦ ᠬᠥᠮᠦᠨ ᠦ ᠦᠷ᠎ᠡ ᠪᠣᠯᠣᠨ ᠠᠮᠢᠲᠠᠨ ᠤ ᠦᠷ᠎ᠡ ᠶᠢ ᠰᠠᠴᠤᠨ᠎ᠠ᠃ ᠲᠡᠷᠡ ᠡᠳᠦᠷ ᠤᠳ ᠢᠷᠡᠵᠦ ᠪᠠᠢᠨ᠎ᠠ᠂》 ᠶᠣᠬᠣᠸᠠ ᠠᠢᠯᠠᠳᠴᠤ ᠪᠠᠢᠨ᠎ᠠ᠃ 28 《ᠤᠷᠢᠳᠤ ᠨᠢ ᠲᠡᠳᠡᠨ ᠢ ᠵᠤᠯᠭᠠᠭᠠᠨ ᠰᠦᠢᠳᠬᠡᠵᠦ᠂ ᠤᠨᠠᠭᠠᠨ ᠤᠰᠠᠳᠬᠠᠵᠤ᠂ ᠵᠣᠪᠠᠭᠠᠬᠤ ᠪᠠᠷ ᠬᠠᠷᠠᠭᠤᠯᠳᠠᠵᠤ ᠪᠠᠢᠭᠰᠠᠨ ᠰᠢᠭ᠋ ᠢᠶᠠᠨ ᠪᠢ ᠲᠡᠳᠡᠨ ᠢ ᠪᠣᠰᠬᠠᠵᠤ᠂ ᠤᠷᠭᠤᠭᠤᠯᠬᠤ ᠪᠠᠷ ᠬᠠᠷᠠᠭᠤᠯᠳᠠᠬᠤ ᠪᠣᠯᠣᠨ᠎ᠠ᠂》 ᠶᠣᠬᠣᠸᠠ ᠠᠢᠯᠠᠳᠴᠤ ᠪᠠᠢᠨ᠎ᠠ᠃ 29 《ᠲᠡᠷᠡ ᠡᠳᠦᠷ ᠤᠳ ᠲᠤ ᠲᠡᠳᠡ᠄ 〈ᠡᠴᠢᠭᠡ ᠨᠢ ᠢᠰᠭᠦᠯᠡᠩ ᠦᠵᠦᠮ ᠢᠳᠡᠪᠡᠯ ᠬᠡᠦᠬᠡᠳ ᠦᠨ ᠬᠢᠨᠢ ᠰᠢᠳᠦ ᠬᠠᠪᠤᠨ᠎ᠠ〉
ᠭᠡᠵᠦ ᠶᠠᠷᠢᠬᠤ ᠪᠠᠨ ᠪᠣᠯᠢᠨ᠎ᠠ᠃ 30 ᠢᠰᠭᠦᠯᠡᠩ ᠦᠵᠦᠮ ᠢ ᠢᠳᠡᠭᠰᠡᠨ ᠬᠥᠮᠦᠨ ᠦ ᠯᠠ ᠰᠢᠳᠦ ᠬᠠᠪᠤᠳᠠᠭ ᠲᠠᠢ ᠠᠳᠠᠯᠢ ᠬᠥᠮᠦᠨ ᠪᠦᠷᠢ ᠥᠪᠡᠷ ᠥᠪᠡᠷ ᠦᠨ ᠢᠶᠠᠨ ᠨᠢᠭᠦᠯ ᠢᠶᠡᠷ ᠦᠬᠦᠨ᠎ᠡ᠃》

31 ᠶᠣᠬᠣᠸᠠ ᠠᠢᠯᠠᠳᠴᠤ ᠪᠠᠢᠨ᠎ᠠ᠄ 《ᠬᠠᠷᠠ᠂ ᠪᠢ ᠢᠰᠷᠧᠯ ᠤᠨ ᠭᠡᠷ ᠪᠣᠯᠣᠨ ᠶᠦᠳᠠ ᠶᠢᠨ ᠭᠡᠷ ᠲᠡᠢ ᠰᠢᠨ᠎ᠡ ᠭᠡᠷ᠎ᠡ ᠪᠠᠢᠭᠤᠯᠤᠨ᠎ᠠ᠃ ᠲᠡᠷᠡ ᠡᠳᠦᠷ ᠤᠳ ᠢᠷᠡᠵᠦ ᠪᠠᠢᠨ᠎ᠠ᠃ 32 ᠲᠡᠷᠡ ᠭᠡᠷ᠎ᠡ ᠪᠣᠯ ᠪᠢ ᠲᠡᠳᠡᠨ ᠦ ᠡᠴᠢᠭᠡ ᠡᠪᠦᠭᠡᠳ ᠢ ᠭᠠᠷ ᠠᠴᠠ ᠨᠢ ᠬᠥᠲᠥᠯᠵᠦ ᠶᠧᠵᠢᠫᠲ ᠡᠴᠡ ᠭᠠᠷᠭᠠᠬᠤ ᠳᠠᠭᠠᠨ ᠲᠡᠳᠡᠨ ᠯᠦᠭᠡ ᠪᠠᠢᠭᠤᠯᠤᠭᠰᠠᠨ ᠭᠡᠷ᠎ᠡ ᠲᠠᠢ ᠮᠢᠨᠢ ᠠᠳᠠᠯᠢ ᠦᠭᠡᠢ᠃ ᠨᠠᠮᠠᠶᠢ ᠥᠪᠡᠷ ᠲᠡᠢ ᠨᠢ ᠭᠡᠷᠯᠡᠭᠰᠡᠨ ᠪᠠᠢᠬᠤ ᠳᠤ᠂ ᠲᠡᠳᠡ ᠮᠢᠨᠦ ᠭᠡᠷ᠎ᠡ ᠶᠢ ᠵᠥᠷᠢᠴᠡᠭᠰᠡᠨ ᠪᠢᠯᠡ᠂》 ᠶᠣᠬᠣᠸᠠ ᠠᠢᠯᠠᠳᠴᠤ ᠪᠠᠢᠨ᠎ᠠ᠃ 33 ᠶᠣᠬᠣᠸᠠ ᠠᠢᠯᠠᠳᠴᠤ ᠪᠠᠢᠨ᠎ᠠ᠃ 《ᠲᠡᠷᠡ ᠡᠳᠦᠷ ᠤᠳ ᠤᠨ ᠳᠠᠷᠠᠭ᠎ᠠ ᠢᠰᠷᠧᠯ ᠤᠨ ᠭᠡᠷ ᠲᠡᠢ ᠮᠢᠨᠦ ᠪᠠᠢᠭᠤᠯᠬᠤ ᠭᠡᠷ᠎ᠡ ᠪᠣᠯ ᠡᠨᠡ᠄ ᠪᠢ ᠬᠠᠤᠯᠢ ᠪᠠᠨ ᠲᠡᠳᠡᠨ ᠦ ᠳᠣᠲᠣᠷ᠎ᠠ ᠬᠢᠵᠦ᠂ ᠵᠢᠷᠦᠬᠡᠨ ᠳᠡᠭᠡᠷ᠎ᠡ ᠨᠢ ᠪᠢᠴᠢᠨ᠎ᠡ᠃ ᠡᠢᠨ ᠬᠦ ᠪᠢ ᠲᠡᠳᠡᠨ ᠦ ᠪᠤᠷᠬᠠᠨ᠂ ᠲᠡᠳᠡ ᠮᠢᠨᠦ ᠠᠷᠠᠳ ᠲᠦᠮᠡᠨ ᠪᠣᠯᠬᠤ ᠪᠥᠭᠡᠳ 34 ᠬᠡᠦᠬᠡᠳ ᠨᠠᠰᠤᠲᠠᠳ ᠦᠭᠡᠢ ᠪᠦᠭᠦᠳᠡᠭᠡᠷ ᠨᠠᠮᠠᠶᠢ ᠮᠡᠳᠡᠬᠦ ᠲᠤᠯᠠ ᠬᠥᠮᠦᠨ ᠬᠥᠷᠰᠢ ᠪᠣᠯᠣᠨ ᠠᠬ᠎ᠠ ᠳᠡᠭᠦᠦ ᠳᠡᠭᠡᠨ᠄ 〈ᠶᠣᠬᠣᠸᠠ ᠶᠢ ᠮᠡᠳᠡ〉 ᠭᠡᠵᠦ ᠵᠢᠭᠠᠬᠤ ᠬᠡᠷᠡᠭ ᠦᠭᠡᠢ ᠪᠣᠯᠣᠨ᠎ᠠ᠂》 ᠶᠣᠬᠣᠸᠠ ᠠᠢᠯᠠᠳᠴᠤ ᠪᠠᠢᠨ᠎ᠠ᠃ ᠲᠡᠢᠨ ᠬᠦ ᠪᠢ ᠲᠡᠳᠡᠨ ᠦ ᠭᠡᠮ ᠪᠤᠷᠤᠭᠤ ᠶᠢ ᠠᠭᠤᠴᠢᠯᠠᠵᠤ᠂ ᠲᠡᠳᠡᠨ ᠦ ᠨᠢᠭᠦᠯ ᠢ ᠳᠠᠬᠢᠨ ᠰᠠᠨᠠᠬᠤ ᠦᠭᠡᠢ᠃

35 ᠨᠠᠷᠠ ᠶᠢ ᠡᠳᠦᠷ ᠦᠨ ᠭᠡᠷᠡᠯ ᠪᠣᠯᠭᠠᠵᠤ ᠰᠠᠷᠠ ᠪᠣᠯᠣᠨ ᠣᠳᠣᠳ ᠢ ᠰᠥᠨᠢ ᠶᠢᠨ ᠭᠡᠷᠡᠯ ᠢᠶᠡᠷ ᠲᠣᠭᠲᠠᠭᠠᠭᠰᠠᠨ ᠳᠠᠯᠠᠢ ᠶᠢ ᠬᠤᠳᠬᠤᠨ ᠳᠠᠪᠠᠯᠭᠠᠨ ᠢ ᠬᠤᠢᠯᠠᠷᠠᠭᠤᠯᠳᠠᠭ ᠠᠤᠭ᠎ᠠ ᠬᠦᠴᠦᠲᠦ ᠶᠣᠬᠣᠸᠠ ᠭᠡᠭᠳᠡᠳᠡᠭ ᠶᠣᠬᠣᠸᠠ ᠡᠢᠨ ᠬᠦ ᠠᠢᠯᠠᠳᠴᠤ ᠪᠠᠢᠨ᠎ᠠ᠂
36 《ᠡᠳᠡᠭᠡᠷ ᠵᠢᠮ᠎ᠡ ᠨᠦᠭᠦᠳ ᠮᠢᠨᠦ ᠡᠮᠦᠨ᠎ᠡ ᠡᠴᠡ ᠠᠯᠠᠭ᠎ᠠ ᠪᠣᠯᠪᠠᠯ ᠢᠰᠷᠧᠯ ᠤᠨ ᠦᠷ᠎ᠡ ᠤᠳᠤᠮ ᠮᠢᠨᠦ ᠡᠮᠦᠨ᠎ᠡ ᠦᠨᠳᠦᠰᠦᠲᠡᠨ ᠪᠠᠢᠬᠤ ᠪᠠᠨ ᠡᠭᠦᠷᠢᠳᠡ ᠪᠣᠯᠢᠨ᠎ᠠ᠂》 ᠶᠣᠬᠣᠸᠠ ᠠᠢᠯᠠᠳᠴᠤ ᠪᠠᠢᠨ᠎ᠠ᠃
37 ᠶᠣᠬᠣᠸᠠ ᠡᠢᠨ ᠬᠦ ᠠᠢᠯᠠᠳᠴᠤ ᠪᠠᠢᠨ᠎ᠠ᠄ 《ᠳᠡᠭᠡᠷᠡᠬᠢ ᠲᠩᠷᠢ ᠬᠡᠮᠵᠢᠭᠳᠡᠵᠦ ᠳᠣᠣᠷᠠᠬᠢ ᠭᠠᠵᠠᠷ ᠤᠨ ᠰᠠᠭᠤᠷᠢ ᠨᠤᠭᠤᠳ ᠠᠭᠤᠳᠠᠯᠤᠭᠳᠠᠳᠠᠭ ᠪᠣᠯ᠂ ᠦᠢᠯᠡᠳᠦᠭᠰᠡᠨ ᠪᠦᠭᠦᠳᠡ ᠶᠢᠨ ᠬᠢᠨᠢ ᠤᠯᠠᠮ ᠢᠶᠠᠷ ᠪᠢ ᠴᠤ ᠢᠰᠷᠧᠯ ᠤᠨ ᠪᠦᠬᠦ ᠦᠷ᠎ᠡ ᠤᠳᠤᠮ ᠢ ᠣᠭᠣᠷᠣᠨ᠎ᠠ᠂》 ᠶᠣᠬᠣᠸᠠ ᠠᠢᠯᠠᠳᠴᠤ ᠪᠠᠢᠨ᠎ᠠ᠃

38 《ᠬᠠᠷᠠ᠂ ᠡᠨᠡ ᠬᠣᠲᠠ ᠶᠢ ᠬᠠᠨᠠᠨᠧᠯ ᠤᠨ ᠴᠠᠮᠬᠠᠭ ᠠᠴᠠ ᠪᠤᠯᠤᠩ ᠤᠨ ᠬᠠᠭᠠᠯᠭ᠎ᠠ ᠬᠦᠷᠲᠡᠯ᠎ᠡ ᠮᠢᠨᠦ ᠲᠥᠯᠥᠭᠡ ᠳᠠᠬᠢᠨ ᠪᠠᠷᠢᠬᠤ ᠡᠳᠦᠷ ᠤᠳ ᠢᠷᠡᠵᠦ ᠪᠠᠢᠨ᠎ᠠ᠂》 ᠶᠣᠬᠣᠸᠠ ᠠᠢᠯᠠᠳᠴᠤ ᠪᠠᠢᠨ᠎ᠠ᠃ 39 ᠬᠡᠮᠵᠢᠭᠦᠷ ᠱᠤᠭᠤᠮ ᠨᠢ ᠲᠡᠨᠳᠡ ᠡᠴᠡ ᠴᠢᠭ ᠢᠶᠠᠷ ᠢᠶᠠᠨ ᠴᠢᠨᠠᠭᠰᠢᠯᠠᠨ ᠭᠠᠷᠧᠳ᠋ ᠲᠣᠯᠣᠭᠠᠳ ᠲᠤ ᠬᠦᠷᠴᠦ᠂ ᠭᠣᠶᠠ ᠤᠷᠤᠭᠤ ᠡᠷᠭᠢᠨ᠎ᠡ᠃ 40 ᠬᠡᠭᠦᠷ ᠪᠠ ᠦᠨᠡᠰᠦ ᠬᠠᠶᠠᠳᠠᠭ ᠪᠦᠬᠦᠢᠯᠡ ᠬᠥᠨᠳᠡᠢ ᠬᠢᠭᠡᠳ ᠪᠠᠷᠠᠭᠤᠨ ᠲᠠᠯ᠎ᠠ ᠶᠢᠨ ᠺᠢᠳ᠋ᠷᠣᠨ ᠭᠣᠷᠣᠬ᠎ᠠ ᠪᠠᠷ ᠳᠠᠮᠵᠢᠨ ᠮᠣᠷᠢᠨ ᠬᠠᠭᠠᠯᠭᠠᠨ ᠤ ᠪᠤᠯᠤᠩ ᠬᠦᠷᠲᠡᠯᠡᠬᠢ ᠪᠦᠬᠦ ᠲᠠᠯᠠᠪᠠᠢ ᠶᠣᠬᠣᠸᠠ ᠳᠤ ᠠᠷᠢᠭᠤᠨ ᠪᠣᠯᠬᠤ ᠪᠥᠭᠡᠳ ᠳᠠᠬᠢᠨ ᠵᠤᠯᠭᠠᠭᠠᠭᠳᠠᠬᠤ ᠦᠭᠡᠢ᠂ ᠰᠦᠢᠳᠬᠡᠭᠳᠡᠬᠦ ᠦᠭᠡᠢ᠃