1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠭᠤᠴᠢᠨ ᠵᠢᠷᠭᠤᠭ᠎ᠠ
 ᠶᠧᠬᠣᠢᠶᠠᠺᠢᠮ ᠬᠤᠢᠯᠠᠮᠠᠯ ᠢ ᠰᠢᠲᠠᠭᠠᠪᠠ

1 ᠶᠦᠳᠠ ᠶᠢᠨ ᠬᠠᠭᠠᠨ᠂ ᠶᠣᠰᠢᠶ᠎ᠠ ᠶᠢᠨ ᠬᠦᠦ ᠶᠧᠬᠣᠢᠶᠠᠺᠢᠮ ᠤᠨ ᠳᠥᠷᠪᠡᠳᠡᠬᠢ ᠵᠢᠯ ᠳᠤ᠂ ᠶᠣᠬᠣᠸᠠ ᠠᠴᠠ ᠶᠧᠷᠧᠮᠢᠶ᠎ᠠ ᠳᠤ ᠡᠨᠡ ᠦᠭᠡ ᠢᠷᠡᠵᠦ᠄ 2 《ᠴᠢ ᠬᠤᠢᠯᠠᠮᠠᠯ ᠠᠪᠴᠢᠷᠠᠵᠤ᠂ ᠲᠡᠭᠦᠨ ᠳᠡᠭᠡᠷ᠎ᠡ ᠢᠰᠷᠧᠯ᠂ ᠶᠦᠳᠠ ᠪᠣᠯᠣᠨ ᠪᠦᠬᠦ ᠦᠨᠳᠦᠰᠦᠲᠡᠨ ᠦ ᠲᠠᠯ᠎ᠠ ᠪᠠᠷ ᠮᠢᠨᠦ ᠴᠢᠮ᠎ᠠ ᠳᠤ ᠠᠩᠬ᠎ᠠ ᠶᠠᠷᠢᠭᠰᠠᠨ ᠡᠳᠦᠷ᠂ ᠲᠤᠬᠠᠢᠯᠠᠪᠠᠯ ᠶᠣᠰᠢᠶ᠎ᠠ ᠶᠢᠨ ᠡᠳᠦᠷ ᠤᠳ ᠠᠴᠠ ᠡᠬᠢᠯᠡᠨ ᠥᠨᠥᠳᠥᠷ ᠬᠦᠷᠲᠡᠯ᠎ᠡ ᠮᠢᠨᠦ ᠴᠢᠮ᠎ᠠ ᠳᠤ ᠶᠠᠷᠢᠭᠰᠠᠨ ᠪᠦᠬᠦ ᠦᠭᠡ ᠶᠢ ᠪᠢᠴᠢ᠃ 3 ᠲᠡᠢᠨ ᠬᠦ ᠶᠦᠳᠠ ᠶᠢᠨ ᠭᠡᠷ ᠦᠨ ᠬᠢᠨ ᠮᠢᠨᠦ ᠥᠪᠡᠷᠰᠡᠳ ᠲᠤᠨᠢ ᠠᠪᠴᠢᠷᠠᠬᠤ ᠭᠡᠵᠦ ᠪᠠᠢᠭ᠎ᠠ ᠪᠦᠬᠦ ᠭᠠᠮᠰᠢᠭ ᠤᠨ ᠲᠠᠯ᠎ᠠ ᠪᠠᠷ ᠰᠣᠨᠣᠰᠣᠭᠠᠳ ᠬᠥᠮᠦᠨ ᠪᠦᠷᠢ ᠥᠪᠡᠷ ᠦᠨ ᠬᠣᠷᠣᠨ ᠮᠠᠭᠤ ᠵᠠᠮ ᠠᠴᠠ ᠪᠠᠨ ᠡᠷᠭᠢᠵᠦ ᠮᠠᠭᠠᠳ ᠦᠭᠡᠢ᠃ ᠲᠡᠭᠡᠪᠡᠯ ᠪᠢ ᠲᠡᠳᠡᠨ ᠦ ᠭᠡᠮ ᠨᠢᠭᠦᠯ ᠤᠳ ᠢ ᠠᠭᠤᠴᠢᠯᠠᠨ᠎ᠠ》 ᠭᠡᠵᠡᠢ᠃

4 ᠡᠢᠮᠦ ᠡᠴᠡ ᠶᠧᠷᠧᠮᠢᠶ᠎ᠠ ᠨᠧᠷᠢᠶ᠎ᠠ ᠶᠢᠨ ᠬᠦᠦ ᠪᠠᠷᠦ᠋ᠺ ᠢ ᠳᠠᠭᠤᠳᠠᠭᠠᠳ ᠶᠣᠬᠣᠸᠠ ᠶᠢᠨ ᠥᠪᠡᠷ ᠲᠤᠨᠢ ᠠᠢᠯᠠᠳᠤᠭᠰᠠᠨ ᠪᠦᠬᠦ ᠦᠭᠡ ᠶᠢ ᠶᠠᠷᠢᠵᠤ ᠪᠢᠴᠢᠭᠦᠯᠪᠡ᠃ ᠪᠠᠷᠦ᠋ᠺ ᠲᠡᠳᠡᠭᠡᠷ ᠢ ᠬᠤᠢᠯᠠᠮᠠᠯ ᠳᠡᠭᠡᠷ᠎ᠡ ᠪᠢᠴᠢᠵᠡᠢ᠃ 5 ᠶᠧᠷᠧᠮᠢᠶ᠎ᠠ ᠪᠠᠷᠦ᠋ᠺ ᠲᠤ ᠵᠠᠬᠢᠨ᠄ 《ᠪᠢ ᠬᠣᠷᠢᠭ᠎ᠠ ᠲᠠᠢ ᠪᠣᠯᠬᠣᠷ ᠶᠣᠬᠣᠸᠠ ᠶᠢᠨ ᠥᠷᠭᠥᠭᠡᠨ ᠳᠦ ᠣᠷᠣᠵᠤ ᠴᠢᠳᠠᠬᠤ ᠦᠭᠡᠢ᠃ 6 ᠲᠡᠢᠮᠦ ᠡᠴᠡ ᠴᠢ ᠪᠠᠴᠠᠭ ᠪᠠᠷᠢᠬᠤ ᠡᠳᠦᠷ ᠶᠣᠬᠣᠸᠠ ᠶᠢᠨ ᠥᠷᠭᠥᠭᠡᠨ ᠳᠦ ᠣᠷᠣᠵᠤ᠂ ᠬᠤᠢᠯᠠᠮᠠᠯ ᠳᠡᠭᠡᠷ᠎ᠡ ᠨᠠᠳᠠ ᠪᠠᠷ ᠬᠡᠯᠡᠭᠦᠯᠵᠦ ᠪᠢᠴᠢᠭᠰᠡᠨ ᠶᠣᠬᠣᠸᠠ ᠶᠢᠨ ᠦᠭᠡᠰ ᠢ ᠠᠷᠠᠳ ᠣᠯᠠᠨ᠂ ᠥᠪᠡᠷ ᠥᠪᠡᠷᠰᠡᠳ ᠦᠨ ᠢᠶᠠᠨ ᠬᠣᠲᠠ ᠠᠴᠠ ᠢᠷᠡᠭᠰᠡᠨ ᠪᠦᠬᠦ ᠶᠦᠳᠠᠴᠤᠳ ᠲᠤ ᠤᠩ᠋ᠰᠢᠵᠤ ᠥᠭ᠃ 7 ᠡᠨᠡ ᠠᠷᠠᠳ ᠲᠦᠮᠡᠨ ᠥᠪᠡᠷ ᠲᠤᠨᠢ ᠪᠠᠭᠤᠯᠭᠠᠨ᠎ᠠ ᠭᠡᠵᠦ ᠶᠣᠬᠣᠸᠠ ᠶᠢᠨ ᠬᠡᠯᠡᠭᠰᠡᠨ ᠠᠭᠤᠷ ᠬᠢᠯᠢᠩ ᠦᠯᠡᠮᠵᠢ ᠶᠡᠬᠡ ᠪᠣᠯᠬᠤ ᠶᠢ ᠮᠡᠳᠡᠭᠡᠳ ᠶᠣᠬᠣᠸᠠ ᠳᠤ ᠭᠤᠶᠤᠯᠲᠠ ᠪᠠᠨ ᠡᠷᠭᠦᠵᠦ᠂ ᠬᠥᠮᠦᠨ ᠪᠦᠷᠢ ᠥᠪᠡᠷ ᠦᠨ ᠢᠶᠠᠨ ᠬᠣᠷᠣᠨ ᠮᠠᠭᠤ ᠵᠠᠮ ᠠᠴᠠ ᠡᠷᠭᠢᠵᠦ ᠮᠠᠭᠠᠳ ᠦᠭᠡᠢ》 ᠭᠡᠯ᠎ᠡ᠃ 8 ᠨᠧᠷᠢᠶ᠎ᠠ ᠶᠢᠨ ᠬᠦᠦ ᠪᠠᠷᠦ᠋ᠺ ᠶᠣᠬᠣᠸᠠ ᠶᠢᠨ ᠥᠷᠭᠥᠭᠡᠨ ᠳᠦ ᠨᠥᠭᠥᠭᠡ ᠬᠤᠢᠯᠠᠮᠠᠯ ᠠᠴᠠ ᠶᠣᠬᠣᠸᠠ ᠶᠢᠨ ᠦᠭᠡᠰ ᠢ ᠤᠩ᠋ᠰᠢᠵᠤ᠂ ᠡᠰᠢ ᠦᠵᠡᠭᠦᠯᠦᠭᠴᠢ ᠶᠧᠷᠧᠮᠢᠶ᠎ᠠ ᠶᠢᠨ ᠥᠪᠡᠷ ᠲᠤᠨᠢ ᠵᠠᠬᠢᠭᠰᠠᠨ ᠪᠦᠬᠦᠨ ᠢ ᠭᠦᠢᠴᠡᠳᠬᠡᠪᠡ᠃

9 ᠲᠡᠢᠨ ᠬᠦ ᠲᠡᠳᠡ ᠶᠦᠳᠠ ᠶᠢᠨ ᠬᠠᠭᠠᠨ᠂ ᠶᠣᠰᠢᠶ᠎ᠠ ᠶᠢᠨ ᠬᠦᠦ ᠶᠧᠬᠣᠢᠶᠠᠺᠢᠮ ᠤᠨ ᠲᠠᠪᠤᠳᠤᠭᠠᠷ ᠣᠨ ᠤ ᠶᠢᠰᠦᠳᠦᠭᠡᠷ ᠰᠠᠷ᠎ᠠ ᠳᠤ᠂ ᠶᠧᠷᠦ᠋ᠰᠠᠯᠧᠮ ᠤᠨ ᠪᠦᠬᠦ ᠠᠷᠠᠳ ᠲᠦᠮᠡᠨ ᠬᠢᠭᠡᠳ ᠶᠦᠳᠠ ᠶᠢᠨ ᠬᠣᠲᠠ ᠲᠣᠰᠬᠣᠳ ᠠᠴᠠ ᠶᠧᠷᠦ᠋ᠰᠠᠯᠧᠮ ᠳᠤ ᠢᠷᠡᠭᠰᠡᠨ ᠬᠥᠮᠦᠨ ᠪᠦᠭᠦᠳᠡ ᠳᠦ ᠶᠣᠬᠣᠸᠠ ᠶᠢᠨ ᠡᠮᠦᠨ᠎ᠡ ᠪᠠᠴᠠᠭ ᠪᠠᠷᠢᠬᠤ ᠶᠢ ᠵᠠᠷᠯᠠᠵᠠᠢ᠃ 10 ᠪᠠᠷᠦ᠋ᠺ ᠶᠣᠬᠣᠸᠠ ᠶᠢᠨ ᠥᠷᠭᠥᠭᠡᠨ ᠦ ᠳᠡᠭᠡᠳᠦ ᠬᠦᠷᠢᠶᠡᠨ ᠳᠦ᠂ ᠰᠢᠨ᠎ᠡ ᠬᠠᠭᠠᠯᠭᠠᠨ ᠤ ᠣᠷᠣᠬᠤ ᠡᠭᠦᠳᠡᠨ ᠳᠠᠬᠢ᠂ ᠪᠢᠴᠢᠭᠡᠴᠢ ᠱᠠᠹᠠᠨ ᠤ ᠬᠦᠦ ᠭᠧᠮᠠᠷᠢᠶ᠎ᠠ ᠶᠢᠨ ᠥᠷᠥᠭᠡᠨ ᠡᠴᠡ ᠶᠧᠷᠧᠮᠢᠶ᠎ᠠ ᠶᠢᠨ ᠦᠭᠡᠰ ᠢ ᠬᠤᠢᠯᠠᠮᠠᠯ ᠠᠴᠠ ᠤᠩ᠋ᠰᠢᠵᠤ᠂ ᠶᠣᠬᠣᠸᠠ ᠶᠢᠨ ᠥᠷᠭᠥᠭᠡᠨ ᠳᠦ ᠴᠤᠭᠯᠠᠷᠠᠭᠰᠠᠨ ᠪᠦᠬᠦ ᠠᠷᠠᠳ ᠣᠯᠠᠨ ᠤ ᠴᠢᠬᠢᠨ ᠳᠤ ᠬᠦᠷᠭᠡᠪᠡ᠃

11 ᠱᠠᠹᠠᠨ ᠤ ᠠᠴᠢ᠂ ᠭᠧᠮᠠᠷᠢᠶ᠎ᠠ ᠶᠢᠨ ᠬᠦᠦ ᠮᠢᠺᠠᠢᠶ᠎ᠠ ᠬᠤᠢᠯᠠᠮᠠᠯ ᠳᠡᠭᠡᠷᠡᠬᠢ ᠶᠣᠬᠣᠸᠠ ᠶᠢᠨ ᠪᠦᠬᠦ ᠦᠭᠡᠰ ᠢ ᠰᠣᠨᠣᠰᠣᠭᠠᠳ᠂ 12 ᠬᠠᠭᠠᠨ ᠤ ᠣᠷᠳᠣᠨ ᠤᠷᠤᠭᠤ᠂ ᠪᠢᠴᠢᠭᠡᠴᠢ ᠶᠢᠨ ᠥᠷᠥᠭᠡᠨ ᠳᠦ ᠣᠴᠢᠵᠤ ᠦᠵᠡᠬᠦ ᠳᠦ᠂ ᠪᠦᠬᠦ ᠲᠦᠰᠢᠮᠡᠳ᠂ ᠲᠤᠬᠠᠢᠯᠠᠪᠠᠯ ᠪᠢᠴᠢᠭᠡᠴᠢ ᠡᠯᠢᠱᠠᠮᠠ᠂ ᠱᠧᠮᠡᠢᠶ᠎ᠠ ᠶᠢᠨ ᠬᠦᠦ ᠳ᠋ᠧᠯᠡᠢᠶ᠎ᠠ᠂ ᠠᠺᠪᠣᠷ ᠤᠨ ᠬᠦᠦ ᠡᠯᠨᠡᠲ᠋ᠠᠨ᠂ ᠱᠠᠹᠠᠨ ᠤ ᠬᠦᠦ ᠭᠧᠮᠠᠷᠢᠶ᠎ᠠ᠂ ᠬᠠᠨᠠᠨᠢᠶ᠎ᠠ ᠶᠢᠨ ᠬᠦᠦ ᠽᠧᠳᠧᠺᠢᠶ᠎ᠠ ᠵᠡᠷᠭᠡ ᠲᠦᠰᠢᠮᠡᠳ ᠪᠦᠭᠦᠳᠡᠭᠡᠷ ᠲᠡᠨᠳᠡ ᠰᠠᠭᠤᠵᠤ ᠪᠠᠢᠪᠠ᠃ 13 ᠪᠠᠷᠦ᠋ᠺ ᠤᠨ ᠬᠤᠢᠯᠠᠮᠠᠯ ᠠᠴᠠ ᠠᠷᠠᠳ ᠣᠯᠠᠨ ᠳᠤ ᠤᠩ᠋ᠰᠢᠵᠤ ᠥᠭᠭᠥᠭᠰᠡᠨ ᠢ ᠮᠢᠺᠠᠢᠶ᠎ᠠ ᠰᠣᠨᠣᠰᠣᠭᠰᠠᠨ ᠶᠣᠰᠣᠭᠠᠷ ᠢᠶᠠᠨ ᠮᠡᠳᠡᠭᠦᠯᠬᠦ ᠳᠦ᠂ 14 ᠪᠦᠬᠦ ᠲᠦᠰᠢᠮᠡᠯ ᠬᠥᠱᠢ ᠶᠢᠨ ᠵᠢᠴᠢ᠂ ᠱᠧᠯᠧᠮᠢᠶ᠎ᠠ ᠶᠢᠨ ᠠᠴᠢ᠂ ᠨᠧᠲ᠋ᠠᠨᠢᠶ᠎ᠠ ᠶᠢᠨ ᠬᠦᠦ ᠶᠧᠾᠦ᠋ᠳᠢ ᠶᠢ ᠪᠠᠷᠦ᠋ᠺ ᠲᠤ ᠶᠠᠪᠤᠭᠤᠯᠵᠤ᠄ 《ᠴᠢ ᠠᠷᠠᠳ ᠣᠯᠠᠨ ᠲᠤ ᠤᠩ᠋ᠰᠢᠵᠤ ᠥᠭᠭᠥᠭᠰᠡᠨ ᠬᠤᠢᠯᠠᠮᠠᠯ ᠢᠶᠠᠨ ᠠᠪᠤᠭᠠᠳ ᠢᠷ᠎ᠡ》 ᠭᠡᠵᠦ ᠬᠡᠯᠡᠭᠦᠯᠪᠡ᠃ ᠲᠡᠢᠮᠦ ᠡᠴᠡ ᠨᠧᠷᠢᠶ᠎ᠠ ᠶᠢᠨ ᠬᠦᠦ ᠪᠠᠷᠦ᠋ᠺ ᠨᠥᠭᠥᠭᠡ ᠬᠤᠢᠯᠠᠮᠠᠯ ᠢ ᠭᠠᠷ ᠲᠠᠭᠠᠨ ᠪᠠᠷᠢᠵᠤ ᠲᠡᠳᠡᠨ ᠳᠡᠭᠡᠷ᠎ᠡ ᠣᠴᠢᠯ᠎ᠠ᠃ 15 ᠲᠡᠳᠡ ᠪᠠᠷᠦ᠋ᠺ ᠲᠤ᠄ 《ᠰᠠᠭᠤᠭᠠᠳ ᠲᠡᠭᠦᠨ ᠢ ᠤᠩ᠋ᠰᠢᠵᠤ ᠥᠭᠭᠥᠨ᠎ᠡ ᠤᠤ︖》 ᠭᠡᠰᠡᠨ ᠳᠦ᠂ ᠲᠡᠷᠡ ᠤᠩ᠋ᠰᠢᠵᠤ ᠲᠡᠳᠡᠨ ᠦ ᠴᠢᠬᠢᠨ ᠳᠤ ᠬᠦᠷᠭᠡᠪᠡ᠃ 16 ᠲᠡᠳᠡ ᠪᠦᠬᠦ ᠦᠭᠡ ᠶᠢ ᠰᠣᠨᠣᠰᠣᠭᠠᠳ ᠠᠢᠳᠠᠰ ᠲᠤ ᠠᠪᠲᠠᠵᠤ᠂ ᠪᠡᠶ᠎ᠡ ᠪᠡᠶ᠎ᠡ ᠪᠡᠨ ᠬᠠᠷᠠᠭᠰᠠᠨ ᠢᠶᠠᠨ ᠪᠠᠷᠦ᠋ᠺ ᠲᠤ᠄ 《ᠪᠢᠳᠡ ᠡᠨᠡ ᠪᠦᠬᠦ ᠦᠭᠡ ᠶᠢ ᠬᠠᠭᠠᠨ ᠳᠤ ᠯᠠᠪᠲᠠᠢ ᠮᠡᠳᠡᠭᠳᠡᠬᠦ ᠪᠣᠯᠣᠨ᠎ᠠ》 ᠭᠡᠵᠡᠭᠡᠪᠡ᠃ 17 ᠲᠡᠳᠡ ᠪᠠᠷᠦ᠋ᠺ ᠠᠴᠠ᠄ 《ᠴᠢ ᠡᠨᠡ ᠪᠦᠬᠦ ᠦᠭᠡ ᠶᠢ ᠬᠡᠷᠬᠢᠨ ᠪᠢᠴᠢᠭᠰᠡᠨ ᠢᠶᠡᠨ ᠪᠢᠳᠡᠨ ᠳᠦ ᠬᠡᠯᠡᠭᠡᠴᠢ᠂ ᠶᠧᠷᠧᠮᠢᠶ᠎ᠠ ᠪᠠᠷ ᠬᠡᠯᠡᠭᠦᠯᠵᠦ ᠪᠢᠴᠢᠭᠰᠡᠨ ᠤᠤ︖》 ᠭᠡᠵᠦ ᠠᠰᠠᠭᠤᠬᠤ ᠳᠤ᠂ 18 ᠪᠠᠷᠦ᠋ᠺ᠄ 《ᠲᠡᠷᠡ ᠨᠠᠳᠠ ᠳᠤ ᠡᠨᠡ ᠪᠦᠬᠦ ᠦᠭᠡ ᠶᠢ ᠬᠡᠯᠡᠵᠦ᠂ ᠪᠢ ᠲᠡᠳᠡᠭᠡᠷ ᠢ ᠬᠤᠢᠯᠠᠮᠠᠯ ᠳᠡᠭᠡᠷ᠎ᠡ ᠪᠡᠬᠡ ᠪᠡᠷ ᠪᠢᠴᠢᠭᠰᠡᠨ》 ᠭᠡᠪᠡ᠃ 19 ᠲᠦᠰᠢᠮᠡᠳ ᠪᠠᠷᠦ᠋ᠺ ᠲᠤ᠄ 《ᠴᠢ ᠬᠠᠷᠢᠭᠠᠳ ᠶᠧᠷᠧᠮᠢᠶ᠎ᠠ ᠲᠠᠢ ᠬᠠᠮᠲᠤ ᠨᠢᠭᠤᠭᠳᠠᠵᠤ᠂ ᠬᠠᠮᠢᠭ᠎ᠠ ᠪᠠᠢᠭ᠎ᠠ ᠪᠠᠨ ᠬᠡᠨ ᠳᠦ ᠴᠤ ᠪᠦᠦ ᠮᠡᠳᠡᠭᠳᠡ》 ᠭᠡᠵᠡᠭᠡᠪᠡ᠃

20 ᠲᠡᠳᠡ ᠬᠤᠢᠯᠠᠮᠠᠯ ᠢ ᠪᠢᠴᠢᠭᠡᠴᠢ ᠡᠯᠢᠱᠠᠮᠠ ᠶᠢᠨ ᠥᠷᠥᠭᠡᠨ ᠳᠦ ᠦᠯᠡᠳᠡᠭᠡᠭᠡᠳ᠂ ᠬᠦᠷᠢᠶᠡᠨ ᠳᠦ ᠪᠠᠢᠭ᠎ᠠ ᠬᠠᠭᠠᠨ ᠤᠷᠤᠭᠤ ᠣᠴᠢᠵᠤ ᠪᠦᠬᠦ ᠦᠭᠡ ᠶᠢ ᠤᠩ᠋ᠰᠢᠨ ᠬᠠᠭᠠᠨ ᠤ ᠴᠢᠬᠢᠨ ᠳᠤ ᠬᠦᠷᠭᠡᠪᠡ᠃ 21 ᠬᠠᠭᠠᠨ ᠬᠤᠢᠯᠠᠮᠠᠯ ᠢ ᠠᠪᠴᠢᠷᠠᠭᠤᠯᠬᠤ ᠪᠠᠷ ᠶᠧᠾᠦ᠋ᠳᠢ ᠶᠢ ᠶᠠᠪᠤᠭᠤᠯᠤᠭᠰᠠᠨ ᠳᠤ᠂ ᠶᠧᠾᠦ᠋ᠳᠢ ᠪᠢᠴᠢᠭᠡᠴᠢ ᠡᠯᠢᠱᠠᠮᠠ ᠶᠢᠨ ᠥᠷᠥᠭᠡᠨ ᠡᠴᠡ ᠲᠡᠭᠦᠨ ᠢ ᠠᠪᠴᠢᠷᠠᠵᠤ᠂ ᠬᠠᠭᠠᠨ ᠪᠣᠯᠣᠨ ᠬᠠᠭᠠᠨ ᠤ ᠬᠠᠵᠠᠭᠤ ᠳᠤ ᠵᠣᠭᠰᠣᠵᠤ ᠪᠠᠢᠭ᠎ᠠ ᠪᠦᠬᠦ ᠲᠦᠰᠢᠮᠡᠯ ᠳᠦ ᠤᠩ᠋ᠰᠢᠵᠤ ᠥᠭᠪᠡ᠃ 22 ᠶᠢᠰᠦᠳᠦᠭᠡᠷ ᠰᠠᠷ᠎ᠠ ᠪᠠᠢᠭᠰᠠᠨ ᠪᠣᠯᠬᠣᠷ ᠬᠠᠭᠠᠨ ᠣᠷᠳᠣᠨ ᠤ ᠡᠪᠦᠯᠵᠢᠶᠠᠨ ᠳᠡᠭᠡᠨ ᠰᠠᠭᠤᠵᠤ ᠪᠠᠢᠯ᠎ᠠ᠃ ᠡᠮᠦᠨ᠎ᠡ ᠨᠢ ᠬᠣᠪᠣᠩ ᠲᠠᠢ ᠭᠠᠯ ᠠᠰᠠᠵᠤ ᠪᠠᠢᠪᠠ᠃ 23 ᠶᠧᠾᠦ᠋ᠳᠢ ᠭᠤᠷᠪᠠ ᠳᠥᠷᠪᠡᠨ ᠮᠥᠷ ᠤᠩ᠋ᠰᠢᠬᠤ ᠪᠦᠷᠢ ᠬᠠᠭᠠᠨ ᠲᠡᠷᠡ ᠬᠡᠰᠡᠭ ᠢ ᠨᠢ ᠪᠢᠴᠢᠭᠡᠴᠢ ᠶᠢᠨ ᠬᠢᠲᠤᠭ᠎ᠠ ᠪᠠᠷ ᠵᠦᠰᠦᠭᠡᠳ ᠬᠣᠪᠣᠩ ᠲᠠᠢ ᠭᠠᠯ ᠳᠤ ᠬᠠᠶᠠᠭᠰᠠᠭᠠᠷ᠂ ᠲᠡᠷᠡ ᠮᠡᠲᠦ ᠪᠡᠷ ᠪᠦᠲᠦᠨ ᠬᠤᠢᠯᠠᠮᠠᠯ ᠢ ᠰᠢᠲᠠᠭᠠᠵᠠᠢ᠃ 24 ᠬᠠᠭᠠᠨ ᠪᠣᠯᠣᠨ ᠲᠡᠭᠦᠨ ᠦ ᠲᠦᠰᠢᠮᠡᠳ ᠪᠦᠭᠦᠳᠡ ᠡᠳᠡᠭᠡᠷ ᠪᠦᠬᠦ ᠦᠭᠡ ᠶᠢ ᠰᠣᠨᠣᠰᠣᠭᠰᠠᠨ ᠪᠣᠯᠪᠠᠴᠤ ᠠᠶᠤᠭᠰᠠᠨ ᠴᠤ ᠦᠭᠡᠢ᠂ ᠬᠤᠪᠴᠠᠰᠤ ᠪᠠᠨ ᠤᠷᠠᠭᠰᠠᠨ ᠴᠤ ᠦᠭᠡᠢ᠃ 25 ᠡᠯᠨᠡᠲ᠋ᠠᠨ᠂ ᠳ᠋ᠧᠯᠡᠢᠶ᠎ᠠ ᠪᠣᠯᠣᠨ ᠭᠧᠮᠠᠷᠢᠶ᠎ᠠ ᠨᠠᠷ ᠬᠤᠢᠯᠠᠮᠠᠯ ᠢ ᠪᠢᠲᠡᠭᠡᠢ ᠰᠢᠲᠠᠭᠠᠭᠠᠴᠢ ᠭᠡᠵᠦ ᠬᠠᠭᠠᠨ ᠠᠴᠠ ᠭᠤᠶᠤᠭᠰᠠᠨ ᠴᠤ ᠬᠠᠭᠠᠨ ᠰᠣᠨᠣᠰᠣᠭᠰᠠᠨ ᠦᠭᠡᠢ᠃ 26 ᠬᠠᠭᠠᠨ ᠥᠪᠡᠷ ᠦᠨ ᠢᠶᠠᠨ ᠬᠦᠦ ᠶᠧᠷᠠᠮᠧᠯ᠂ ᠠᠽᠷᠢᠶᠧᠯ ᠤᠨ ᠬᠦᠦ ᠰᠧᠷᠠᠢᠶ᠎ᠠ ᠪᠣᠯᠣᠨ ᠠᠪᠳᠧᠯ ᠤᠨ ᠬᠦᠦ ᠱᠧᠯᠧᠮᠢᠶ᠎ᠠ ᠳᠤ ᠪᠢᠴᠢᠭᠲᠡᠨ ᠪᠠᠷᠦ᠋ᠺ ᠪᠠ ᠡᠰᠢ ᠦᠵᠡᠭᠦᠯᠦᠭᠴᠢ ᠶᠧᠷᠧᠮᠢᠶ᠎ᠠ ᠶᠢ ᠪᠠᠷᠢᠪᠴᠢᠯᠠᠬᠤ ᠶᠢ ᠲᠤᠰᠢᠶᠠᠭᠰᠠᠨ ᠪᠣᠯᠪᠠᠴᠤ ᠶᠣᠬᠣᠸᠠ ᠲᠡᠳᠡᠨ ᠢ ᠨᠢᠭᠤᠭᠰᠠᠨ ᠪᠠᠢᠪᠠ᠃

27 ᠶᠧᠷᠧᠮᠢᠶ᠎ᠠ ᠶᠢᠨ ᠬᠡᠯᠡᠭᠰᠡᠨ ᠢᠶᠡᠷ ᠪᠠᠷᠦ᠋ᠺ ᠤᠨ ᠪᠢᠴᠢᠭᠰᠡᠨ ᠦᠭᠡ ᠲᠠᠢ ᠥᠨᠥᠬᠢ ᠬᠤᠢᠯᠠᠮᠠᠯ ᠢ ᠬᠠᠭᠠᠨ ᠰᠢᠲᠠᠭᠠᠭᠰᠠᠨ ᠤ ᠳᠠᠷᠠᠭ᠎ᠠ᠂ ᠶᠣᠬᠣᠸᠠ ᠶᠢᠨ ᠦᠭᠡ ᠶᠧᠷᠧᠮᠢᠶ᠎ᠠ ᠳᠤ ᠢᠷᠡᠵᠦ᠄ 28 《ᠴᠢ ᠣᠨᠳᠣᠣ ᠬᠤᠢᠯᠠᠮᠠᠯ ᠣᠯᠵᠤ᠂ ᠳᠡᠭᠡᠷ᠎ᠡ ᠨᠢ ᠶᠦᠳᠠ ᠶᠢᠨ ᠬᠠᠭᠠᠨ ᠶᠧᠬᠣᠢᠶᠠᠺᠢᠮ ᠤᠨ ᠰᠢᠲᠠᠭᠠᠭᠰᠠᠨ ᠠᠩ᠋ᠬᠠᠨ ᠤ ᠬᠤᠢᠯᠠᠮᠠᠯ ᠳᠡᠭᠡᠷ᠎ᠡ ᠪᠠᠢᠭᠰᠠᠨ ᠡᠮᠦᠨᠡᠬᠢ ᠪᠦᠬᠦ ᠦᠭᠡ ᠶᠢ ᠪᠢᠴᠢ᠃ 29 ᠶᠦᠳᠠ ᠶᠢᠨ ᠬᠠᠭᠠᠨ ᠶᠧᠬᠣᠢᠶᠠᠺᠢᠮ ᠤᠨ ᠲᠠᠯ᠎ᠠ ᠪᠠᠷ᠄ 〈ᠶᠣᠬᠣᠸᠠ ᠡᠢᠨ ᠬᠦ ᠠᠢᠯᠠᠳᠴᠤ ᠪᠠᠢᠨ᠎ᠠ᠂ ᠴᠢ ᠬᠤᠢᠯᠠᠮᠠᠯ ᠢ ᠰᠢᠲᠠᠭᠠᠵᠤ᠂ 〈ᠶᠠᠭᠠᠬᠢᠭᠠᠳ ᠡᠨᠡ ᠳᠡᠭᠡᠷ᠎ᠡ ᠪᠠᠪᠢᠯᠣᠨ ᠤ ᠬᠠᠭᠠᠨ ᠭᠠᠷᠴᠠᠭ᠎ᠠ ᠦᠭᠡᠢ ᠢᠷᠡᠵᠦ᠂ ᠡᠨᠡ ᠨᠤᠲᠤᠭ ᠢ ᠰᠦᠢᠷᠡᠭᠦᠯᠦᠨ᠂ ᠬᠥᠮᠦᠨ ᠠᠮᠢᠲᠠᠨ ᠢ ᠡ᠊ᠨᠳᠡ ᠡᠴᠡ ᠤᠰᠠᠳᠬᠠᠨ᠎ᠠ ᠭᠡᠵᠦ ᠪᠢᠴᠢᠪᠡ︖〉 ᠭᠡᠵᠦ ᠬᠡᠯᠡᠭᠰᠡᠨ ᠪᠠᠢᠨ᠎ᠠ᠂ 30 ᠲᠡᠢᠮᠦ ᠡᠴᠡ ᠶᠦᠳᠠ ᠶᠢᠨ ᠬᠠᠭᠠᠨ ᠶᠧᠬᠣᠢᠶᠠᠺᠢᠮ ᠤᠨ ᠲᠠᠯ᠎ᠠ ᠪᠠᠷ ᠶᠣᠬᠣᠸᠠ ᠡᠢᠨ ᠬᠦ ᠠᠢᠯᠠᠳᠴᠤ ᠪᠠᠢᠨ᠎ᠠ᠂ ᠲᠡᠭᠦᠨ ᠦ ᠬᠢ ᠡᠴᠡ ᠳ᠋ᠠᠸᠢᠳ᠋ ᠤᠨ ᠰᠡᠨᠲᠢ ᠳᠤ ᠰᠠᠭᠤᠬᠤ ᠬᠥᠮᠦᠨ ᠦᠭᠡᠢ ᠪᠣᠯᠣᠨ᠎ᠠ᠃ ᠥᠪᠡᠷ ᠦᠨ ᠬᠢᠨᠢ ᠬᠡᠭᠦᠷ ᠡᠳᠦᠷ ᠦᠨ ᠬᠠᠯᠠᠭᠤᠨ ᠪᠣᠯᠣᠨ ᠰᠥᠨᠢ ᠶᠢᠨ ᠬᠦᠢᠲᠡᠨ ᠳᠦ ᠬᠠᠶᠠᠭᠳᠠᠬᠤ ᠪᠣᠯᠣᠨ᠎ᠠ᠃ 31 ᠪᠢ ᠲᠡᠭᠦᠨ ᠢ᠂ ᠮᠥᠨ ᠲᠡᠭᠦᠨ ᠦ ᠦᠷ᠎ᠡ ᠤᠳᠤᠮ ᠪᠣᠯᠣᠨ ᠲᠡᠭᠦᠨ ᠦ ᠪᠠᠷ᠎ᠠ ᠪᠣᠯᠣᠭᠰᠠᠳ ᠢ ᠭᠡᠮ ᠪᠤᠷᠤᠭᠤ ᠶᠢᠨ ᠬᠢᠨᠢ ᠤᠯᠠᠮ ᠢᠶᠠᠷ ᠰᠢᠳᠬᠡᠬᠦ ᠪᠥᠭᠡᠳ ᠲᠡᠳᠡᠨ ᠢᠶᠡᠷ ᠪᠠᠷᠠᠬᠤ ᠦᠭᠡᠢ᠂ ᠶᠧᠷᠦ᠋ᠰᠠᠯᠧᠮ ᠤᠨ ᠰᠠᠭᠤᠭᠠᠯᠢᠴᠢᠳ᠂ ᠶᠦᠳᠠᠴᠤᠳ ᠤᠨ ᠳᠡᠭᠡᠷ᠎ᠡ ᠴᠤ ᠲᠤᠩ᠋ᠬᠠᠭᠯᠠᠭᠰᠠᠨ ᠪᠦᠬᠦ ᠭᠠᠮᠰᠢᠭ ᠢᠶᠠᠨ ᠪᠠᠭᠤᠯᠭᠠᠨ᠎ᠠ᠃ ᠪᠢ ᠲᠡᠳᠡᠭᠡᠷ ᠦᠨ ᠲᠤᠬᠠᠢ ᠠᠩ᠋ᠬᠠᠷᠤᠭᠤᠯᠤᠭᠰᠠᠨ ᠪᠣᠯᠪᠠᠴᠤ ᠲᠡᠳᠡ ᠰᠣᠨᠣᠰᠣᠭ᠎ᠠ ᠦᠭᠡᠢ〉 ᠭᠡᠵᠦ ᠴᠢ ᠲᠤᠩ᠋ᠬᠠᠭᠯᠠ》 ᠭᠡᠪᠡ᠃

32 ᠡᠢᠮᠦ ᠡᠴᠡ ᠶᠧᠷᠧᠮᠢᠶ᠎ᠠ ᠣᠨᠳᠣᠣ ᠬᠤᠢᠯᠠᠮᠠᠯ ᠣᠯᠵᠤ᠂ ᠨᠧᠷᠢᠶ᠎ᠠ ᠶᠢᠨ ᠬᠦᠦ ᠪᠢᠴᠢᠭᠲᠡᠨ ᠪᠠᠷᠦ᠋ᠺ ᠲᠤ ᠥᠭᠪᠡ᠃ ᠪᠠᠷᠦ᠋ᠺ ᠲᠡᠭᠦᠨ ᠳᠡᠭᠡᠷ᠎ᠡ ᠶᠦᠳᠠ ᠶᠢᠨ ᠬᠠᠭᠠᠨ ᠶᠧᠬᠣᠢᠶᠠᠺᠢᠮ ᠤᠨ ᠭᠠᠯ ᠳᠤ ᠰᠢᠲᠠᠭᠠᠭᠰᠠᠨ ᠬᠤᠢᠯᠠᠮᠠᠯ ᠤᠨ ᠪᠦᠬᠦ ᠦᠭᠡ ᠶᠢ ᠶᠧᠷᠧᠮᠢᠶ᠎ᠠ ᠪᠠᠷ ᠬᠡᠯᠡᠭᠦᠯᠵᠦ ᠪᠢᠴᠢᠭᠰᠡᠨ ᠪᠠᠢᠨ᠎ᠠ᠃ ᠲᠡᠭᠦᠨ ᠳᠡᠭᠡᠷ᠎ᠡ ᠲᠡᠳᠡᠭᠡᠷ ᠡᠴᠡ ᠭᠠᠳᠠᠨ᠎ᠠ ᠣᠯᠠᠨ ᠢᠵᠢᠯ ᠦᠭᠡ ᠨᠡᠮᠡᠭᠳᠡᠵᠡᠢ᠃