ᠶᠧᠷᠧᠮᠢᠶ᠎ᠠ ᠳᠣᠯᠣᠭ᠎ᠠ
ᠬᠠᠭᠤᠷᠮᠠᠭ ᠢᠲᠡᠭᠡᠯ ᠦᠨ᠎ᠡ ᠴᠡᠨ᠎ᠡ ᠦᠭᠡᠢ
1 ᠶᠧᠷᠧᠮᠢᠶ᠎ᠠ ᠳᠤ ᠶᠣᠬᠣᠸᠠ ᠠᠴᠠ ᠢᠷᠡᠭᠰᠡᠨ ᠦᠭᠡ᠄ 2 《ᠴᠢ ᠶᠣᠬᠣᠸᠠ ᠶᠢᠨ ᠥᠷᠭᠥᠭᠡᠨ ᠦ ᠬᠠᠭᠠᠯᠭᠠᠨ ᠳᠤ ᠵᠣᠭᠰᠣᠵᠤ᠂ 〈ᠶᠣᠬᠣᠸᠠ ᠳᠤ ᠮᠥᠷᠭᠥᠬᠦ ᠪᠡᠷ ᠡᠨᠡ ᠬᠠᠭᠠᠯᠭ᠎ᠠ ᠪᠠᠷ ᠣᠷᠣᠵᠤ ᠢᠷᠡᠳᠡᠭ ᠶᠦᠳᠠ ᠶᠢᠨ ᠬᠢᠨ ᠪᠦᠭᠦᠳᠡᠭᠡᠷ ᠶᠣᠬᠣᠸᠠ ᠶᠢᠨ ᠦᠭᠡ ᠶᠢ ᠰᠣᠨᠣᠰᠴᠠᠭ᠎ᠠ〉 ᠭᠡᠵᠦ ᠬᠡᠯᠡ᠃ 3 ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠃ ᠲᠠ ᠨᠠᠷ ᠦᠢᠯᠡᠰ ᠮᠥᠷ ᠢᠶᠡᠨ ᠰᠢᠨᠡᠴᠢᠯᠡ᠃ ᠲᠡᠭᠡᠪᠡᠯ ᠪᠢ ᠲᠠ ᠨᠠᠷ ᠢ ᠡᠨᠡ ᠭᠠᠵᠠᠷ ᠲᠤ ᠦᠯᠡᠳᠡᠭᠡᠨ᠎ᠡ᠃ 4 〈ᠶᠣᠬᠣᠸᠠ ᠶᠢᠨ ᠣᠷᠳᠣᠨ᠂ ᠶᠣᠬᠣᠸᠠ ᠶᠢᠨ ᠣᠷᠳᠣᠨ᠂ ᠶᠣᠬᠣᠸᠠ ᠶᠢᠨ ᠣᠷᠳᠣᠨ ᠪᠠᠢᠨ᠎ᠠ〉 ᠭᠡᠬᠦ ᠬᠠᠭᠤᠷᠮᠠᠴᠢ ᠦᠭᠡᠨ ᠳᠦ ᠲᠠ ᠨᠠᠷ ᠪᠦᠦ ᠢᠲᠡᠭᠡ᠃
5 ᠬᠡᠷᠪᠡ ᠲᠠ ᠨᠠᠷ ᠦᠢᠯᠡᠰ ᠮᠥᠷ ᠢᠶᠡᠨ ᠦᠨᠡᠬᠡᠷ ᠰᠢᠨᠡᠴᠢᠯᠡᠵᠦ᠂ ᠪᠡᠶ᠎ᠡ ᠪᠡᠶ᠎ᠡ ᠳᠡᠭᠡᠨ ᠦᠨᠡᠬᠡᠷ ᠰᠢᠳᠤᠷᠭᠤ ᠬᠠᠨᠳᠤᠨ 6 ᠬᠠᠷᠢ ᠶᠢᠨ ᠬᠢᠨ ᠬᠢᠭᠡᠳ ᠥᠨᠥᠴᠢᠨ ᠪᠡᠯᠪᠡᠰᠦᠨ ᠢ ᠳᠠᠷᠤᠯᠠᠬᠤ ᠪᠠᠨ ᠪᠣᠯᠢᠵᠤ᠂ ᠡᠨᠡ ᠭᠠᠵᠠᠷ ᠲᠤ ᠭᠡᠮ ᠦᠭᠡᠢ ᠴᠢᠰᠤ ᠶᠢ ᠤᠷᠤᠰᠬᠠᠯ ᠦᠭᠡᠢ᠂ ᠥᠭᠡᠷ᠎ᠡ ᠪᠤᠷᠬᠠᠳ ᠢ ᠳᠠᠭᠠᠬᠤ ᠭᠡᠵᠦ ᠥᠪᠡᠷᠰᠡᠳ ᠲᠡᠭᠡᠨ ᠭᠠᠢ ᠤᠴᠠᠷᠠᠭᠤᠯᠬᠤ ᠦᠭᠡᠢ ᠪᠣᠯ 7 ᠪᠢ ᠲᠠ ᠨᠠᠷ ᠤᠨ ᠡᠴᠢᠭᠡ ᠡᠪᠦᠭᠡᠳ ᠲᠦ ᠮᠥᠩᠬᠡ ᠶᠢᠨ ᠮᠥᠩᠬᠡᠳᠡ ᠥᠭᠭᠥᠭᠰᠡᠨ ᠡᠨᠡ ᠭᠠᠵᠠᠷ ᠨᠤᠲᠤᠭ ᠲᠤ ᠲᠠ ᠨᠠᠷ ᠢ ᠦᠯᠡᠳᠡᠭᠡᠨ᠎ᠡ᠃
8 ᠡᠳᠦᠭᠡ ᠲᠠ ᠨᠠᠷ ᠬᠡᠷᠡᠭ ᠦᠭᠡᠢ ᠬᠠᠭᠤᠷᠮᠠᠴᠢ ᠦᠭᠡᠨ ᠳᠦ ᠢᠲᠡᠭᠡᠵᠦ ᠪᠠᠢᠨ᠎ᠠ︕ 9 ᠲᠠ ᠨᠠᠷ ᠬᠤᠯᠠᠭᠠᠢ ᠬᠢᠵᠦ᠂ ᠬᠥᠮᠦᠨ ᠠᠯᠠᠵᠤ᠂ ᠵᠠᠪᠬᠠᠢᠷᠠᠨ᠂ ᠬᠠᠭᠤᠷᠮᠠᠴᠢ ᠪᠠᠷ ᠲᠠᠩ᠋ᠭᠠᠷᠢᠭᠯᠠᠵᠤ᠂ ᠪᠠᠯ ᠳᠤ ᠲᠠᠬᠢᠯ ᠡᠷᠭᠦᠨ᠂ ᠥᠪᠡᠷᠰᠡᠳ ᠦᠨ ᠮᠡᠳᠡᠳᠡᠭ ᠦᠭᠡᠢ ᠥᠭᠡᠷ᠎ᠡ ᠪᠤᠷᠬᠠᠳ ᠤᠨ ᠠᠷᠤ ᠠᠴᠠ ᠶᠠᠪᠤᠳᠠᠭ ᠠᠲᠠᠯ᠎ᠠ ᠪᠠᠨ᠂ 10 ᠮᠢᠨᠦ ᠨᠡᠷ᠎ᠡ ᠪᠡᠷ ᠨᠡᠷᠡᠯᠡᠭᠳᠡᠳᠡᠭ ᠡᠨᠡ ᠥᠷᠭᠥᠭᠡᠨ ᠳᠦ ᠢᠷᠡᠵᠦ ᠮᠢᠨᠦ ᠡᠮᠦᠨ᠎ᠡ ᠵᠣᠭᠰᠣᠭᠠᠳ᠂ 〈ᠪᠢᠳᠡ ᠠᠪᠤᠷᠠᠭᠳᠠᠭᠰᠠᠨ〉 ᠭᠡᠵᠦ ᠬᠡᠯᠡᠴᠢᠬᠡᠭᠡᠳ ᠵᠢᠭᠰᠢᠭᠦᠷᠢᠲᠦ ᠵᠦᠢᠯᠡᠰ ᠢ ᠦᠢᠯᠡᠳᠦᠭᠰᠡᠭᠡᠷ ᠪᠠᠢᠵᠤ ᠪᠣᠯᠬᠤ ᠤᠤ︖ 11 ᠮᠢᠨᠦ ᠨᠡᠷ᠎ᠡ ᠪᠡᠷ ᠨᠡᠷᠡᠯᠡᠭᠳᠡᠳᠡᠭ ᠡᠨᠡ ᠥᠷᠭᠥᠭᠡ ᠲᠠ ᠨᠠᠷ ᠤᠨ ᠨᠢᠳᠦᠨ ᠳᠦ ᠳᠡᠭᠡᠷᠡᠮᠴᠢᠳ ᠤᠨ ᠡᠭᠦᠷ ᠪᠣᠯᠣᠭᠰᠠᠨ ᠤᠤ︖ ᠦᠨᠡᠬᠡᠷ ᠪᠢ ᠬᠠᠷᠠᠵᠤ ᠯᠠ ᠪᠠᠢᠨ᠎ᠠ︕ ᠶᠣᠬᠣᠸᠠ ᠪᠢ ᠠᠢᠯᠠᠳᠴᠤ ᠪᠠᠢᠨ᠎ᠠ᠃ 12 ᠣᠳᠣ ᠲᠠ ᠨᠠᠷ ᠱᠢᠯᠣ᠋ ᠤᠷᠤᠭᠤ᠂ ᠮᠢᠨᠦ ᠨᠡᠷ᠎ᠡ ᠪᠡᠨ ᠠᠩᠬ᠎ᠠ ᠲᠠᠯᠪᠢᠭᠰᠠᠨ ᠭᠠᠵᠠᠷ ᠤᠷᠤᠭᠤ ᠣᠴᠢᠵᠤ᠂ ᠮᠢᠨᠦ ᠠᠷᠠᠳ ᠲᠦᠮᠡᠨ ᠢᠰᠷᠧᠯ ᠤᠨ ᠬᠣᠷᠣᠨ ᠮᠠᠭᠤ ᠶᠠᠪᠤᠳᠠᠯ ᠠᠴᠠ ᠪᠣᠯᠵᠤ᠂ ᠮᠢᠨᠦ ᠲᠡᠭᠦᠨ ᠳᠦ ᠶᠠᠭᠤ ᠬᠢᠭᠰᠡᠨ ᠢ ᠬᠠᠷ᠎ᠠ᠃ 13 ᠶᠣᠬᠣᠸᠠ ᠪᠢ ᠡᠢᠨ ᠬᠦ ᠠᠢᠯᠠᠳᠴᠤ ᠪᠠᠢᠨ᠎ᠠ᠃ ᠡᠳᠡᠭᠡᠷ ᠪᠦᠬᠦ ᠵᠦᠢᠯ ᠢ ᠦᠢᠯᠡᠳᠴᠦ ᠪᠠᠢᠬᠤ ᠳᠤ ᠴᠢᠨᠢ ᠪᠢ ᠲᠠ ᠨᠠᠷ ᠲᠤ ᠠᠬᠢᠨ ᠳᠠᠬᠢᠨ ᠬᠡᠯᠡᠭᠰᠡᠨ ᠪᠣᠯᠪᠠᠴᠤ ᠲᠠ ᠨᠠᠷ ᠰᠣᠨᠣᠰᠣᠭᠰᠠᠨ ᠦᠭᠡᠢ᠂ ᠲᠠ ᠨᠠᠷ ᠢ ᠳᠠᠭᠤᠳᠠᠭᠰᠠᠨ ᠪᠣᠯᠪᠠᠴᠤ ᠲᠠ ᠨᠠᠷ ᠬᠠᠷᠢᠭᠤᠯᠤᠭᠰᠠᠨ ᠦᠭᠡᠢ᠂ 14 ᠲᠡᠢᠮᠦ ᠡᠴᠡ ᠪᠢ ᠲᠠ ᠨᠠᠷ ᠲᠤ ᠪᠣᠯᠣᠨ ᠲᠠ ᠨᠠᠷ ᠤᠨ ᠡᠴᠢᠭᠡ ᠡᠪᠦᠭᠡᠳ ᠲᠦ ᠥᠭᠭᠥᠭᠰᠡᠨ ᠭᠠᠵᠠᠷ ᠳᠡᠭᠡᠷ᠎ᠡ ᠪᠡᠨ᠂ ᠲᠠ ᠨᠠᠷ ᠤᠨ ᠢᠲᠡᠭᠡᠳᠡᠭ ᠪᠥᠭᠡᠳ ᠮᠢᠨᠦ ᠨᠡᠷ᠎ᠡ ᠪᠡᠷ ᠨᠡᠷᠡᠯᠡᠭᠳᠡᠳᠡᠭ ᠥᠷᠭᠥᠭᠡᠨ ᠳᠦ᠂ ᠱᠢᠯᠣ᠋ ᠳᠤ ᠦᠢᠯᠡᠳᠦᠭᠰᠡᠨ ᠰᠢᠭ ᠢᠶᠠᠨ ᠦᠢᠯᠡᠳᠦᠨ᠎ᠡ᠂ 15 ᠠᠬ᠎ᠠ ᠳᠡᠭᠦᠦ ᠡᠹᠷᠠᠢᠮ ᠤᠨ ᠴᠢᠨᠢ ᠦᠷ᠎ᠡ ᠤᠳᠤᠮ ᠢ ᠪᠦᠭᠦᠳᠡ ᠶᠢ ᠨᠢ ᠬᠥᠭᠡᠭᠡᠭᠰᠡᠨ ᠰᠢᠭ ᠢᠶᠠᠨ ᠪᠢ ᠲᠠ ᠨᠠᠷ ᠢ ᠥᠪᠡᠷ ᠦᠨ ᠢᠶᠠᠨ ᠡᠮᠦᠨ᠎ᠡ ᠡᠴᠡ ᠬᠥᠭᠡᠭᠡᠨ᠎ᠡ᠃
16 ᠬᠠᠷᠢᠨ ᠴᠢ ᠡᠨᠡ ᠠᠷᠠᠳ ᠲᠦᠮᠡᠨ ᠦ ᠲᠥᠯᠥᠭᠡ ᠪᠦᠦ ᠳᠠᠭᠠᠳᠬ᠎ᠠ᠂ ᠲᠡᠳᠡᠨ ᠦ ᠲᠥᠯᠥᠭᠡ ᠬᠠᠰᠬᠢᠷᠤᠨ ᠳᠠᠭᠠᠳᠬᠠᠬᠤ ᠬᠡᠷᠡᠭ ᠦᠭᠡᠢ᠂ ᠵᠠᠭᠤᠴᠢᠯᠠᠨ ᠭᠤᠶᠤᠬᠤ ᠴᠤ ᠬᠡᠷᠡᠭ ᠦᠭᠡᠢ᠃ ᠤᠴᠢᠷ ᠨᠢ ᠪᠢ ᠴᠢᠨᠦᠬᠢ ᠶᠢ ᠰᠣᠨᠣᠰᠬᠤ ᠦᠭᠡᠢ᠃ 17 ᠶᠦᠳᠠ ᠶᠢᠨ ᠬᠣᠲᠠ ᠨᠤᠭᠤᠳ ᠪᠣᠯᠣᠨ ᠶᠧᠷᠦ᠋ᠰᠠᠯᠧᠮ ᠤᠨ ᠭᠤᠳᠤᠮᠵᠢᠨ ᠳᠤ ᠶᠠᠭᠤ ᠬᠢᠵᠦ ᠪᠠᠢᠭ᠎ᠠ ᠶᠢ ᠨᠢ ᠴᠢ ᠬᠠᠷᠠᠵᠤ ᠪᠠᠢᠭ᠎ᠠ ᠪᠢᠰᠢ ᠤᠤ︖ 18 ᠬᠡᠦᠬᠡᠳ ᠤᠳ ᠨᠢ ᠲᠦᠯᠡᠭᠡ ᠲᠡᠭᠦᠵᠦ᠂ ᠡᠴᠢᠭᠡ ᠨᠦᠭᠦᠳ ᠨᠢ ᠭᠠᠯ ᠨᠣᠴᠣᠭᠠᠵᠤ᠂ ᠡᠮᠡᠭᠲᠡᠢᠴᠦᠳ ᠨᠢ ᠲᠩᠷᠢ ᠶᠢᠨ ᠬᠠᠲᠤᠨ ᠳᠤ ᠪᠣᠣᠪᠣ ᠬᠢᠬᠦ ᠭᠡᠵᠦ ᠭᠤᠯᠢᠷ ᠨᠤᠬᠤᠳᠠᠭ ᠪᠥᠭᠡᠳ ᠤᠮᠳᠠᠭᠠᠨ ᠡᠷᠭᠦᠯ ᠢᠶᠡᠨ ᠥᠭᠡᠷ᠎ᠡ ᠪᠤᠷᠬᠠᠳ ᠲᠤ ᠵᠣᠷᠢᠭᠤᠯᠤᠨ ᠠᠰᠬᠠᠵᠤ ᠨᠠᠮᠠᠶᠢ ᠠᠭᠤᠷᠯᠠᠭᠤᠯᠳᠠᠭ᠃ 19 ᠬᠠᠷᠢᠨ ᠲᠡᠳᠡ ᠨᠠᠮᠠᠶᠢ ᠠᠭᠤᠷᠯᠠᠭᠤᠯᠵᠤ ᠪᠠᠢᠭ᠎ᠠ ᠭᠡᠵᠢ ᠤᠤ︖ ᠲᠡᠳᠡ ᠥᠪᠡᠷᠰᠡᠳ ᠢ ᠪᠠᠨ ᠭᠤᠲᠤᠭᠠᠵᠤ᠂ ᠥᠪᠡᠷᠰᠡᠳ ᠢ ᠪᠠᠨ ᠠᠭᠤᠷᠯᠠᠭᠤᠯᠵᠤ ᠪᠠᠢᠭ᠎ᠠ ᠪᠢᠰᠢ ᠤᠤ︖ ᠶᠣᠬᠣᠸᠠ ᠪᠢ ᠠᠢᠯᠠᠳᠴᠤ ᠪᠠᠢᠨ᠎ᠠ᠃ 20 ᠡᠭᠦᠨ ᠡᠴᠡ ᠪᠣᠯᠵᠤ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠦᠵᠡᠭᠲᠦᠨ᠂ ᠪᠢ ᠠᠭᠤᠷ ᠬᠢᠯᠢᠩ ᠢᠶᠠᠨ ᠡᠨᠡ ᠭᠠᠵᠠᠷ ᠳᠡᠭᠡᠷ᠎ᠡ᠂ ᠬᠥᠮᠦᠨ ᠠᠮᠢᠲᠠᠨ ᠳᠡᠭᠡᠷ᠎ᠡ᠂ ᠬᠡᠭᠡᠷ᠎ᠡ ᠶᠢᠨ ᠮᠣᠳᠣᠳ ᠪᠠ ᠭᠠᠵᠠᠷ ᠤᠨ ᠦᠷ᠎ᠡ ᠲᠠᠷᠢᠶᠠᠨ ᠳᠡᠭᠡᠷ᠎ᠡ ᠠᠰᠬᠠᠬᠤ ᠳᠤ᠂ ᠲᠡᠷᠡ ᠨᠢ ᠤᠨᠲᠠᠷᠠᠰᠢ ᠦᠭᠡᠢ ᠰᠢᠲᠠᠬᠤ ᠪᠣᠯᠣᠨ᠎ᠠ᠃〉
21 ᠢᠰᠷᠧᠯ ᠤᠨ ᠪᠤᠷᠬᠠᠨ᠂ ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ ᠰᠢᠲᠠᠭᠠᠯᠭᠠᠲᠤ ᠲᠠᠬᠢᠯ ᠤᠳ ᠢᠶᠠᠨ ᠪᠤᠰᠤᠳ ᠲᠠᠬᠢᠯ ᠤᠳ ᠳᠡᠭᠡᠷ᠎ᠡ ᠪᠡᠨ ᠨᠡᠮᠡᠵᠦ᠂ ᠲᠡᠷᠡ ᠮᠢᠬ᠎ᠠ ᠶᠢ ᠴᠤ ᠢᠳᠡ᠃ 22 ᠲᠠ ᠨᠠᠷ ᠤᠨ ᠡᠴᠢᠭᠡ ᠡᠪᠦᠭᠡᠳ ᠢ ᠶᠧᠵᠢᠫᠲ ᠡᠴᠡ ᠭᠠᠷᠭᠠᠬᠤ ᠳᠠᠭᠠᠨ ᠪᠢ ᠲᠡᠳᠡᠨ ᠳᠦ ᠭᠠᠭᠴᠠ ᠬᠦ ᠰᠢᠲᠠᠭᠠᠯᠭᠠᠲᠤ ᠲᠠᠬᠢᠯ ᠪᠣᠯᠣᠨ ᠡᠷᠭᠦᠯ ᠤᠳ ᠤᠨ ᠲᠠᠯ᠎ᠠ ᠪᠠᠷ ᠬᠢ ᠲᠤᠰᠢᠶᠠᠯ ᠢ ᠶᠠᠷᠢᠭᠰᠠᠨ ᠪᠢᠰᠢ᠂ 23 ᠡᠭᠦᠨ ᠢ ᠴᠤ ᠬᠡᠯᠡᠭᠰᠡᠨ ᠶᠤᠮ᠄ 〈ᠲᠠ ᠨᠠᠷ ᠮᠢᠨᠦ ᠳᠠᠭᠤ ᠶᠢ ᠳᠠᠭᠠᠭᠲᠤᠨ᠃ ᠲᠡᠭᠡᠪᠡᠯ ᠪᠢ ᠲᠠ ᠨᠠᠷ ᠤᠨ ᠪᠤᠷᠬᠠᠨ ᠪᠣᠯᠵᠤ᠂ ᠲᠠ ᠨᠠᠷ ᠮᠢᠨᠦ ᠠᠷᠠᠳ ᠲᠦᠮᠡᠨ ᠪᠣᠯᠣᠨ᠎ᠠ᠃ ᠲᠤᠰᠢᠶᠠᠭᠰᠠᠨ ᠪᠦᠬᠦ ᠵᠠᠮ ᠢᠶᠠᠷ ᠮᠢᠨᠢ ᠶᠠᠪᠤ᠂ ᠲᠡᠭᠡᠪᠡᠯ ᠲᠠ ᠨᠠᠷ ᠰᠠᠢᠨ ᠰᠠᠢᠬᠠᠨ ᠪᠣᠯᠣᠨ᠎ᠠ᠃〉 24 ᠭᠡᠲᠡᠯ᠎ᠡ ᠲᠡᠳᠡ ᠴᠢᠬᠢ ᠲᠠᠯᠪᠢᠨ ᠰᠣᠨᠣᠰᠣᠭ᠎ᠠ ᠦᠭᠡᠢ᠂ ᠬᠣᠷᠣᠨ ᠮᠠᠭᠤ ᠰᠠᠨᠠᠭ᠎ᠠ ᠪᠠᠷ᠂ ᠳᠤᠷ᠎ᠠ ᠲᠠᠪᠠ ᠪᠠᠷ ᠢᠶᠠᠨ ᠵᠥᠷᠢᠭᠦᠳᠯᠡᠵᠦ᠂ ᠨᠠᠳᠠ ᠤᠷᠤᠭᠤ ᠨᠢᠭᠤᠷ ᠢᠶᠠᠨ ᠪᠢᠰᠢ᠂ ᠨᠢᠷᠤᠭᠤ ᠪᠠᠨ ᠬᠠᠷᠠᠭᠤᠯᠤᠭᠰᠠᠨ᠃ 25 ᠪᠢ ᠲᠠ ᠨᠠᠷ ᠤᠨ ᠡᠴᠢᠭᠡ ᠡᠪᠦᠭᠡᠳ ᠲᠦ ᠶᠧᠵᠢᠫᠲ ᠡᠴᠡ ᠭᠠᠷᠴᠤ ᠢᠷᠡᠭᠰᠡᠨ ᠡᠳᠦᠷ ᠡᠴᠡ ᠨᠢ ᠬᠣᠢᠰᠢ ᠥᠨᠥ ᠬᠦᠷᠲᠡᠯ᠎ᠡ ᠵᠠᠷᠤᠴᠠ ᠡᠰᠢ ᠦᠵᠡᠭᠦᠯᠦᠭᠴᠢᠳ ᠢᠶᠠᠨ ᠡᠳᠦᠷ ᠡᠳᠦᠷ ᠠᠬᠢᠨ ᠳᠠᠬᠢᠨ ᠢᠯᠡᠭᠡᠭᠰᠡᠨ ᠪᠣᠯᠪᠠᠴᠤ 26 ᠲᠡᠳᠡ ᠮᠢᠨᠦᠬᠢ ᠶᠢ ᠴᠢᠬᠢ ᠲᠠᠯᠪᠢᠨ ᠰᠣᠨᠣᠰᠣᠭ᠎ᠠ ᠦᠭᠡᠢ᠂ ᠰᠢᠯᠢ ᠪᠠᠨ ᠲᠠᠲᠠᠵᠤ ᠡᠴᠢᠭᠡ ᠡᠪᠦᠭᠡᠳ ᠡᠴᠡ ᠪᠡᠨ ᠢᠯᠡᠭᠦᠦ ᠪᠤᠵᠠᠷ ᠮᠠᠭᠤ ᠶᠢ ᠦᠢᠯᠡᠳᠴᠡᠢ᠃
27 ᠴᠢ ᠡᠳᠡᠭᠡᠷ ᠪᠦᠬᠦ ᠦᠭᠡ ᠶᠢ ᠬᠡᠯᠡᠭᠰᠡᠨ ᠴᠤ ᠲᠡᠳᠡ ᠴᠢᠨᠦᠬᠢ ᠶᠢ ᠰᠣᠨᠣᠰᠬᠤ ᠦᠭᠡᠢ᠂ ᠳᠠᠭᠤᠳᠠᠭᠰᠠᠨ ᠴᠤ ᠬᠠᠷᠢᠭᠤᠯᠬᠤ ᠦᠭᠡᠢ᠃ 28 ᠡᠢᠮᠦ ᠡᠴᠡ ᠴᠢ ᠲᠡᠳᠡᠨ ᠳᠦ ᠶᠠᠷᠢ᠄ 〈ᠡᠨᠡ ᠪᠣᠯ ᠶᠣᠬᠣᠸᠠ ᠪᠤᠷᠬᠠᠨ ᠤ ᠦᠭᠡ ᠶᠢ ᠳᠠᠭᠠᠳᠠᠭ ᠦᠭᠡᠢ᠂ ᠰᠠᠨᠠᠭᠤᠯᠭ᠎ᠠ ᠶᠢ ᠨᠢ ᠴᠤ ᠬᠦᠯᠢᠶᠡᠵᠦ ᠠᠪᠳᠠᠭ ᠦᠭᠡᠢ ᠦᠨᠳᠦᠰᠦᠲᠡᠨ ᠪᠠᠢᠨ᠎ᠠ᠃ ᠦᠨᠡᠨ ᠲᠡᠳᠡᠨ ᠦ ᠠᠮᠠᠨ ᠠᠴᠠ ᠠᠯᠠᠭ᠎ᠠ ᠪᠣᠯᠵᠤ ᠠᠷᠢᠯᠵᠠᠢ᠂
29 ᠲᠠ ᠨᠠᠷ ᠦᠰᠦ ᠪᠡᠨ ᠳᠠᠭᠠᠷᠢᠵᠤ ᠬᠠᠶᠠᠭᠠᠳ ᠨᠢᠴᠦᠭᠦᠨ ᠲᠣᠯᠣᠭᠠᠳ ᠳᠡᠭᠡᠷ᠎ᠡ ᠭᠠᠰᠢᠭᠤᠳᠠ ᠶᠣᠬᠣᠸᠠ ᠥᠪᠡᠷ ᠢ ᠨᠢ ᠠᠭᠤᠷᠯᠠᠭᠤᠯᠤᠭᠰᠠᠨ ᠡᠨᠡ ᠦᠶ᠎ᠡ ᠶᠢᠨ ᠬᠢᠨ ᠢ ᠣᠭᠣᠷᠴᠤ ᠬᠠᠶᠠᠭᠰᠠᠨ ᠶᠤᠮ᠃〉
ᠬᠢᠳᠤᠯᠭ᠎ᠠ ᠶᠢᠨ ᠬᠥᠨᠳᠡᠢ
30 ᠶᠣᠬᠣᠸᠠ ᠪᠢ ᠠᠢᠯᠠᠳᠴᠤ ᠪᠠᠢᠨ᠎ᠠ᠃ ᠶᠦᠳᠠᠴᠤᠳ ᠮᠢᠨᠦ ᠮᠡᠯᠮᠡᠢ ᠳᠦ ᠪᠤᠵᠠᠷ ᠮᠠᠭᠤ ᠶᠢ ᠦᠢᠯᠡᠳᠦᠨ᠂ ᠮᠢᠨᠦ ᠨᠡᠷ᠎ᠡ ᠪᠡᠷ ᠨᠡᠷᠡᠯᠡᠭᠳᠡᠳᠡᠭ ᠥᠷᠭᠥᠭᠡᠨ ᠳᠦ ᠵᠢᠭᠰᠢᠭᠦᠷᠢᠲᠦ ᠰᠢᠲᠦᠭᠡᠨ ᠨᠦᠭᠦᠳ ᠢᠶᠡᠨ ᠪᠠᠢᠯᠭᠠᠨ ᠥᠷᠭᠥᠭᠡ ᠶᠢ ᠮᠢᠨᠢ ᠪᠤᠵᠠᠷᠯᠠᠵᠤ᠂ 31 ᠪᠧᠨ ᠾᠢᠨᠣᠮ ᠤᠨ ᠬᠥᠨᠳᠡᠢ ᠶᠢᠨ ᠲᠣᠹᠧᠲ ᠲᠤ ᠮᠥᠷᠭᠥᠯ ᠦᠨ ᠮᠠᠨᠳᠠᠯ ᠤᠳ ᠪᠣᠰᠬᠠᠭᠠᠳ᠂ ᠥᠬᠢᠳ ᠬᠥᠪᠡᠭᠦᠳ ᠢᠶᠡᠨ ᠭᠠᠯ ᠳᠤ ᠰᠢᠲᠠᠭᠠᠭᠰᠠᠨ ᠪᠢᠯᠡ᠃ ᠪᠢ ᠡᠭᠦᠨ ᠢ ᠲᠤᠰᠢᠶᠠᠭ᠎ᠠ ᠦᠭᠡᠢ ᠪᠥᠭᠡᠳ ᠡᠨᠡ ᠨᠢ ᠮᠢᠨᠦ ᠰᠠᠨᠠᠭᠠᠨ ᠳᠤ ᠴᠤ ᠣᠷᠣᠭᠰᠠᠨ ᠦᠭᠡᠢ ᠶᠤᠮ᠃ 32 ᠲᠡᠢᠮᠦ ᠡᠴᠡ ᠬᠠᠷ᠎ᠠ᠂ ᠲᠡᠷᠡ ᠭᠠᠵᠠᠷ ᠢ ᠲᠣᠹᠧᠲ᠂ ᠡᠰᠡᠪᠡᠯ ᠪᠧᠨ ᠾᠢᠨᠣᠮ ᠤᠨ ᠬᠥᠨᠳᠡᠢ ᠭᠡᠵᠦ ᠳᠠᠭᠤᠳᠠᠬᠤ ᠪᠠᠨ ᠪᠣᠯᠢᠵᠤ᠂ ᠬᠢᠳᠤᠯᠭ᠎ᠠ ᠶᠢᠨ ᠬᠥᠨᠳᠡᠢ ᠭᠡᠵᠦ ᠨᠡᠷᠡᠯᠡᠬᠦ ᠡᠳᠦᠷ ᠤᠳ ᠢᠷᠡᠵᠦ ᠪᠠᠢᠨ᠎ᠠ᠃ ᠶᠣᠬᠣᠸᠠ ᠪᠢ ᠠᠢᠯᠠᠳᠴᠤ ᠪᠠᠢᠨ᠎ᠠ᠃ ᠲᠡᠷᠡ ᠦᠶ᠎ᠡ ᠳᠦ ᠬᠡᠭᠦᠷ ᠢ ᠲᠣᠹᠧᠲ ᠲᠤ ᠣᠷᠣᠰᠢᠭᠤᠯᠤᠭᠰᠠᠭᠠᠷ ᠪᠠᠢᠭᠠᠳ ᠲᠡᠨᠳᠡ ᠣᠷᠣᠰᠢᠭᠤᠯᠬᠤ ᠵᠠᠢ ᠦᠭᠡᠢ ᠪᠣᠯᠣᠨ᠎ᠠ᠃ 33 ᠡᠨᠡ ᠠᠷᠠᠳ ᠲᠦᠮᠡᠨ ᠦ ᠬᠡᠭᠦᠷ ᠲᠩᠷᠢ ᠶᠢᠨ ᠰᠢᠪᠠᠭᠤᠳ᠂ ᠭᠠᠵᠠᠷ ᠤᠨ ᠠᠷᠢᠶᠠᠲᠠᠳ ᠤᠨ ᠢᠳᠡᠰᠢ ᠪᠣᠯᠬᠤ ᠪᠣᠯᠪᠠᠴᠤ ᠲᠡᠳᠡᠨ ᠢ ᠦᠷᠭᠦᠭᠡᠬᠦ ᠬᠥᠮᠦᠨ ᠦᠭᠡᠢ ᠪᠠᠢᠬᠤ ᠪᠣᠯᠣᠨ᠎ᠠ᠃ 34 ᠪᠢ ᠶᠦᠳᠠ ᠶᠢᠨ ᠬᠣᠲᠠ ᠨᠤᠭᠤᠳ ᠪᠣᠯᠣᠨ ᠶᠧᠷᠦ᠋ᠰᠠᠯᠧᠮ ᠤᠨ ᠭᠤᠳᠤᠮᠵᠢ ᠨᠤᠭᠤᠳ ᠠᠴᠠ ᠰᠦᠢᠲᠦ ᠵᠠᠯᠠᠭᠤ ᠪᠣᠯᠣᠨ ᠰᠦᠢᠲᠦ ᠪᠦᠰᠡᠭᠦᠢ ᠶᠢᠨ ᠳᠠᠭᠤ᠂ ᠬᠥᠷ ᠪᠠᠶᠠᠷ ᠤᠨ ᠳᠠᠭᠤ ᠶᠢ ᠵᠣᠭᠰᠣᠭᠠᠨ᠎ᠠ᠃ ᠲᠡᠢᠨ ᠬᠦ ᠡᠨᠡ ᠭᠠᠵᠠᠷ ᠨᠤᠲᠤᠭ ᠡᠵᠡᠭᠦᠢᠷᠡᠬᠦ ᠪᠣᠯᠣᠨ᠎ᠠ᠃》