ᠶᠧᠷᠧᠮᠢᠶ᠎ᠠ ᠠᠷᠪᠠ
ᠪᠤᠷᠬᠠᠨ ᠬᠢᠭᠡᠳ ᠰᠢᠲᠦᠭᠡᠨ ᠨᠦᠭᠦᠳ
1 ᠢᠰᠷᠧᠯ ᠤᠨ ᠭᠡᠷ ᠦᠨ ᠬᠢᠨ᠂ ᠶᠣᠬᠣᠸᠠ ᠶᠢᠨ ᠲᠠ ᠨᠠᠷ ᠲᠤ ᠠᠢᠯᠠᠳᠴᠤ ᠪᠤᠢ ᠦᠭᠡ ᠶᠢ ᠰᠣᠨᠣᠰ᠃ 2 ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷᠢᠴᠤᠳ ᠤᠨ ᠵᠠᠮ ᠢ ᠪᠦᠦ ᠰᠤᠷ ᠬᠠᠷᠢᠴᠤᠳ ᠲᠩᠷᠢ ᠶᠢᠨ ᠲᠡᠮᠳᠡᠭ ᠤᠳ ᠠᠴᠠ ᠠᠶᠤᠳᠠᠭ ᠬᠠᠷᠢᠨ ᠲᠠ ᠨᠠᠷ ᠲᠡᠳᠡᠭᠡᠷ ᠡᠴᠡ ᠪᠦᠦ ᠠᠶᠤ᠃
3 ᠲᠡᠳᠡᠭᠡᠷ ᠦᠨᠳᠦᠰᠦᠲᠡᠨ ᠦ ᠵᠠᠩᠰᠢᠯ ᠬᠡᠢ ᠬᠣᠭᠣᠰᠣᠨ ᠶᠤᠮ᠂ ᠬᠥᠮᠦᠰ ᠣᠢ ᠶᠢᠨ ᠮᠣᠳᠣ ᠶᠢ ᠳᠠᠭᠠᠷᠢᠵᠤ ᠳᠠᠷᠬᠠᠨ ᠲᠡᠭᠦᠨ ᠢ ᠪᠠᠭᠠᠵᠢ ᠪᠠᠷ ᠰᠡᠢᠯᠵᠦ
4 ᠪᠤᠰᠤᠳ ᠨᠢ ᠲᠡᠭᠦᠨ ᠢ ᠠᠯᠲᠠ ᠮᠥᠩᠭᠥ ᠪᠡᠷ ᠴᠢᠮᠡᠵᠦ ᠬᠠᠳᠠᠭᠠᠰᠤ ᠠᠯᠤᠬ᠎ᠠ ᠪᠠᠷ ᠬᠥᠳᠡᠯᠬᠦ ᠦᠭᠡᠢ ᠪᠣᠯᠲᠠᠯ᠎ᠠ ᠨᠢ ᠪᠡᠬᠢᠯᠡᠳᠡᠭ᠂
5 ᠰᠢᠲᠦᠭᠡᠨ ᠨᠦᠭᠦᠳ ᠨᠢ ᠲᠠᠷᠪᠤᠰ ᠤᠨ ᠲᠠᠯᠠᠪᠠᠢ ᠳᠠᠬᠢ ᠮᠠᠨᠤᠤᠬᠠᠢ ᠮᠡᠲᠦ ᠶᠠᠷᠢᠵᠤ ᠴᠤ ᠴᠢᠳᠠᠳᠠᠭ ᠦᠭᠡᠢ᠂ ᠶᠠᠪᠤᠵᠤ ᠴᠤ ᠴᠢᠳᠠᠳᠠᠭ ᠦᠭᠡᠢ᠂ ᠵᠠᠪᠠᠯ ᠡᠭᠦᠷᠦᠭᠦᠯᠳᠡᠭ︕ ᠲᠡᠳᠡᠨ ᠡᠴᠡ ᠪᠦᠦ ᠠᠶᠤ᠂ ᠲᠡᠳᠡ ᠰᠠᠢᠨ ᠢ ᠴᠤ᠂ ᠰᠠᠭᠠᠷ ᠢ ᠴᠤ ᠤᠴᠠᠷᠠᠭᠤᠯᠵᠤ ᠴᠢᠳᠠᠳᠠᠭ ᠦᠭᠡᠢ᠃
6 ᠶᠣᠬᠣᠸᠠ᠂ ᠲᠠᠨ ᠲᠠᠢ ᠠᠳᠠᠯᠢ ᠬᠡᠨ ᠴᠤ ᠦᠭᠡᠢ ᠲᠠ ᠪᠣᠯ ᠠᠭᠤᠤ᠂ ᠲᠠᠨ ᠤ ᠨᠡᠷ᠎ᠡ ᠠᠭᠤᠤ ᠬᠦᠴᠦ ᠲᠠᠢ᠃
7 ᠦᠨᠳᠦᠰᠦᠲᠡᠨ ᠨᠦᠭᠦᠳ ᠦᠨ ᠬᠠᠭᠠᠨ ᠲᠠᠨ ᠠᠴᠠ ᠬᠡᠨ ᠡᠮᠢᠶᠡᠬᠦ ᠦᠭᠡᠢ ᠪᠠᠢᠵᠤ ᠴᠢᠳᠠᠬᠤ ᠪᠢᠯᠡ︖ ᠲᠠᠨ ᠠᠴᠠ ᠯᠠ ᠡᠮᠢᠶᠡᠬᠦ ᠤᠴᠢᠷ ᠲᠠᠢ︕ ᠬᠠᠮᠤᠭ ᠬᠠᠭᠠᠨ ᠤ ᠳᠤᠮᠳᠠ ᠬᠠᠮᠤᠭ ᠦᠨᠳᠦᠰᠦᠲᠡᠨ ᠦ ᠮᠡᠷᠭᠡᠳ ᠦᠨ ᠳᠤᠮᠳᠠ ᠲᠠᠨ ᠲᠠᠢ ᠠᠳᠠᠯᠢ ᠬᠡᠨ ᠴᠤ ᠦᠭᠡᠢ᠃
8 ᠲᠡᠳᠡ ᠮᠣᠳᠣᠨ ᠰᠢᠲᠦᠭᠡᠨ ᠢᠶᠡᠷ ᠵᠢᠭᠠᠯᠭᠠᠳᠠᠭ ᠢᠶᠠᠷ ᠢᠶᠠᠨ ᠪᠦᠭᠦᠳᠡ ᠬᠠᠷᠠᠩ᠋ᠭᠤᠢ ᠮᠤᠩ᠋ᠬᠠᠭ ᠪᠣᠯᠣᠭᠰᠠᠨ᠂
9 ᠲᠡᠳᠡᠭᠡᠷ ᠨᠢ ᠲᠠᠷᠱᠢᠱ ᠤᠨ ᠳᠠᠪᠲᠠᠭᠰᠠᠨ ᠮᠥᠩᠭᠥ ᠪᠡᠷ ᠦᠹᠠᠽ ᠠᠴᠠ ᠠᠪᠴᠢᠷᠠᠭᠰᠠᠨ ᠠᠯᠲᠠ ᠪᠠᠷ ᠤᠷᠠᠨ ᠪᠠᠷᠢᠮᠠᠯᠴᠢ᠂ ᠠᠯᠲᠠᠨ ᠤ ᠳᠠᠷᠬᠠᠨ ᠤ ᠭᠠᠷ ᠢᠶᠠᠷ ᠬᠢᠭᠳᠡᠭᠰᠡᠨ ᠬᠥᠬᠡ᠂ ᠶᠠᠭᠠᠨ ᠬᠤᠪᠴᠠᠰᠤ ᠲᠠᠢ ᠱᠤᠭᠤᠮᠠᠯ ᠤᠷ᠎ᠠ ᠴᠢᠳᠠᠪᠤᠷᠢ ᠲᠠᠢ ᠳᠠᠷᠬᠠᠳ ᠤᠨ ᠪᠦᠲᠦᠭᠡᠯ ᠶᠤᠮ᠃
10 ᠬᠠᠷᠢᠨ ᠶᠣᠬᠣᠸᠠ ᠪᠣᠯ ᠵᠢᠩᠬᠢᠨᠢ ᠪᠤᠷᠬᠠᠨ︕ ᠭᠠᠭᠴᠠᠬᠠᠨ ᠲᠡᠷᠡ ᠯᠠ ᠠᠮᠢᠳᠤ ᠪᠤᠷᠬᠠᠨ᠂ ᠮᠥᠩᠬᠡ ᠶᠢᠨ ᠬᠠᠭᠠᠨ ᠪᠢᠯᠡ ᠠᠭᠤᠷᠯᠠᠬᠤ ᠳᠤᠨᠢ ᠭᠠᠵᠠᠷ ᠳᠡᠯᠡᠬᠡᠢ ᠬᠥᠳᠡᠯᠵᠦ ᠦᠨᠳᠦᠰᠦᠲᠡᠨ ᠨᠦᠭᠦᠳ ᠲᠡᠭᠦᠨ ᠦ ᠬᠢᠯᠢᠩ ᠢ ᠳᠡᠢᠯᠵᠦ ᠦᠯᠦ ᠴᠢᠳᠠᠨ᠎ᠠ᠃
11 ᠲᠠ ᠨᠠᠷ ᠲᠡᠳᠡᠭᠡᠷ ᠦᠨᠳᠦᠰᠦᠲᠡᠨ ᠳᠦ᠄ 〈ᠲᠩᠷᠢ ᠭᠠᠵᠠᠷ ᠢ ᠪᠦᠲᠦᠭᠡᠭᠰᠡᠨ ᠦᠭᠡᠢ ᠪᠤᠷᠬᠠᠳ ᠭᠠᠵᠠᠷ ᠤᠨ ᠳᠡᠭᠡᠷ᠎ᠡ ᠡᠴᠡ ᠪᠣᠯᠣᠨ ᠲᠩᠷᠢ ᠶᠢᠨ ᠳᠣᠣᠷ᠎ᠠ ᠠᠴᠠ ᠤᠰᠠᠳᠬᠤ ᠪᠣᠯᠣᠨ᠎ᠠ〉 ᠭᠡᠵᠦ ᠬᠡᠯᠡ᠂
12 ᠬᠠᠷᠢᠨ ᠪᠤᠷᠬᠠᠨ ᠥᠪᠡᠷ ᠦᠨ ᠢᠶᠠᠨ ᠬᠦᠴᠦ ᠴᠢᠳᠠᠯ ᠢᠶᠠᠷ ᠭᠠᠵᠠᠷ ᠢ ᠪᠦᠲᠦᠭᠡᠵᠦ ᠥᠪᠡᠷ ᠦᠨ ᠢᠶᠠᠨ ᠮᠡᠷᠭᠡᠨ ᠤᠬᠠᠭᠠᠨ ᠢᠶᠠᠷ ᠳᠡᠯᠡᠬᠡᠢ ᠶᠢ ᠲᠣᠭᠲᠠᠭᠠᠨ ᠥᠪᠡᠷ ᠦᠨ ᠢᠶᠠᠨ ᠣᠶᠤᠨ ᠤᠬᠠᠭᠠᠨ ᠢᠶᠠᠷ ᠲᠩᠷᠢ ᠶᠢ ᠳᠡᠯᠭᠡᠭᠰᠡᠨ ᠶᠤᠮ᠂
13 ᠳᠤᠤᠭᠠᠷᠬᠤ ᠳᠤᠨᠢ ᠲᠩᠷᠢ ᠶᠢᠨ ᠤᠰᠤ ᠬᠦᠷᠬᠢᠷᠡᠳᠡᠭ ᠲᠡᠷᠡ ᠭᠠᠵᠠᠷ ᠤᠨ ᠬᠢᠵᠠᠭᠠᠷ ᠠᠴᠠ ᠡᠭᠦᠯᠡᠰ ᠢ ᠬᠥᠭᠡᠷᠦᠭᠦᠯᠵᠦ ᠴᠠᠬᠢᠯᠭᠠᠨ ᠴᠠᠬᠢᠯᠤᠭᠤᠯᠵᠤ᠂ ᠪᠣᠷᠣᠭ᠎ᠠ ᠣᠷᠣᠭᠤᠯᠤᠨ ᠬᠥᠮᠥᠷᠭᠡ ᠡᠴᠡ ᠪᠡᠨ ᠰᠠᠯᠬᠢ ᠶᠢ ᠭᠠᠷᠭᠠᠳᠠᠭ᠃
14 ᠬᠥᠮᠦᠨ ᠪᠦᠷᠢ ᠮᠡᠳᠡᠯᠭᠡ ᠦᠭᠡᠢ ᠮᠤᠩ᠋ᠬᠠᠭ ᠳᠠᠷᠬᠠᠨ ᠪᠦᠷᠢ ᠬᠢᠭᠰᠡᠨ ᠰᠢᠲᠦᠭᠡᠨ ᠢᠶᠡᠷ ᠢᠶᠠᠨ ᠰᠢᠪᠰᠢᠭ ᠪᠣᠯᠳᠠᠭ ᠲᠡᠭᠦᠨ ᠦ ᠴᠢᠳᠬᠤᠮᠠᠯ ᠬᠥᠷᠥᠭ ᠤᠳ ᠨᠢ ᠬᠠᠭᠤᠷᠮᠠᠭ᠂ ᠲᠡᠳᠡᠭᠡᠷ ᠦᠨ ᠳᠣᠲᠣᠷ᠎ᠠ ᠠᠮᠢᠰᠬᠤᠯ ᠦᠭᠡᠢ ᠪᠥᠭᠡᠳ
15 ᠳᠡᠮᠡᠢ᠂ ᠬᠣᠭᠣᠰᠣᠨ ᠪᠦᠲᠦᠭᠡᠯ ᠰᠢᠳᠬᠡᠭᠳᠡᠬᠦ ᠦᠶ᠎ᠡ ᠳᠡᠭᠡᠨ ᠤᠰᠠᠳᠬᠤ ᠪᠣᠯᠣᠨ᠎ᠠ᠃
16 ᠬᠠᠷᠢᠨ ᠶᠠᠺᠣᠪ ᠤᠨ ᠥᠪ ᠨᠢ ᠡᠳᠡᠭᠡᠷ ᠲᠡᠢ ᠠᠳᠠᠯᠢ ᠪᠢᠰᠢ᠂ ᠲᠡᠷᠡ ᠪᠣᠯ ᠪᠦᠬᠦᠨ ᠦ ᠪᠦᠲᠦᠭᠡᠭᠴᠢ᠂ ᠲᠡᠭᠦᠨ ᠦ ᠥᠮᠴᠢ ᠪᠣᠯᠣᠭᠰᠠᠨ ᠣᠪᠣᠭ ᠨᠢ ᠢᠰᠷᠧᠯ᠂ ᠲᠡᠭᠦᠨ ᠦ ᠨᠡᠷ᠎ᠡ ᠨᠢ ᠠᠤᠭ᠎ᠠ ᠬᠦᠴᠦᠲᠦ ᠶᠣᠬᠣᠸᠠ᠃
ᠢᠷᠡᠵᠦ ᠪᠤᠢ ᠰᠦᠢᠷᠡᠯ
17 ᠪᠦᠰᠡᠯᠡᠭᠳᠡᠭᠰᠡᠨ ᠬᠣᠲᠠ ᠶᠢᠨ ᠰᠠᠭᠤᠭᠠᠯᠢᠴᠢᠳ ᠡ ᠪᠠᠭᠯᠠᠭ᠎ᠠ ᠨᠤᠭᠤᠳ ᠢᠶᠠᠨ ᠭᠠᠵᠠᠷ ᠠᠴᠠ ᠴᠤᠭᠯᠠᠭᠤᠯ
18 ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠡᠨᠡ ᠤᠳᠠᠭ᠎ᠠ ᠪᠢ ᠡᠨᠡ ᠨᠤᠲᠤᠭ ᠤᠨ ᠰᠠᠭᠤᠭᠠᠯᠢᠴᠢᠳ ᠢ ᠰᠢᠳᠡᠬᠦ ᠭᠡᠵᠦ ᠪᠠᠢᠨ᠎ᠠ᠂ ᠪᠢ ᠲᠡᠳᠡᠨ ᠳᠦ ᠵᠣᠪᠠᠯᠠᠩ ᠤᠴᠠᠷᠠᠭᠤᠯᠵᠤ᠂ ᠲᠡᠳᠡᠨ ᠢ ᠣᠯᠵᠠ ᠪᠣᠯᠭᠠᠨ᠎ᠠ᠃〉
19 ᠪᠢ ᠭᠠᠰᠠᠯᠠᠩᠲᠠᠶ᠎ᠠ︕ ᠪᠢ ᠭᠡᠮᠲᠦᠵᠡᠢ ᠰᠢᠷᠬ᠎ᠠ ᠮᠢᠨᠢ ᠬᠦᠨᠳᠦ ᠪᠠᠢᠨ᠎ᠠ ᠬᠠᠷᠢᠨ ᠪᠢ᠄ 〈ᠡᠨᠡ ᠪᠣᠯ ᠮᠢᠨᠦ ᠵᠣᠪᠠᠯᠠᠩ᠂ ᠪᠢ ᠳᠠᠭᠠᠭᠠᠬᠤ ᠶᠣᠰᠣᠲᠠᠢ〉 ᠭᠡᠪᠡ᠂
20 ᠮᠠᠢᠬᠠᠨ ᠮᠢᠨᠢ ᠰᠦᠢᠳᠬᠡᠭᠳᠡᠭᠰᠡᠨ᠂ ᠪᠦᠬᠦ ᠣᠭᠣᠰᠣᠷ ᠨᠢ ᠲᠠᠰᠤᠷᠠᠵᠤ ᠬᠡᠦᠬᠡᠳ ᠤᠳ ᠮᠢᠨᠢ ᠨᠠᠳᠠ ᠠᠴᠠ ᠶᠠᠪᠤᠵᠤ᠂ ᠠᠯᠠᠭ᠎ᠠ ᠪᠣᠯᠣᠭᠰᠠᠨ ᠮᠠᠢᠬᠠᠨ ᠢ ᠮᠢᠨᠢ ᠳᠡᠯᠭᠡᠵᠦ᠂ ᠬᠥᠰᠢᠭᠡ ᠨᠦᠭᠦᠳ ᠢ ᠮᠢᠨᠢ ᠲᠣᠭᠲᠠᠭᠠᠬᠤ ᠬᠡᠨ ᠴᠤ ᠪᠠᠢᠬᠤ ᠦᠭᠡᠢ᠃
21 ᠬᠣᠨᠢᠴᠢᠳ ᠮᠤᠩ᠋ᠬᠠᠭ ᠪᠣᠯᠵᠤ᠂ ᠶᠣᠬᠣᠸᠠ ᠶᠢ ᠬᠠᠢᠳᠠᠭ ᠦᠭᠡᠢ ᠲᠤᠯᠠ ᠠᠮᠵᠢᠯᠲᠠ ᠤᠯᠳᠠᠭ ᠦᠭᠡᠢ ᠪᠦᠬᠦ ᠬᠣᠨᠢᠨ ᠰᠦᠷᠦᠭ ᠨᠢ ᠪᠤᠲᠠᠷᠠᠵᠠᠢ᠃
22 ᠬᠠᠷ᠎ᠠ᠂ ᠮᠡᠳᠡᠭᠡ ᠢᠷᠡᠵᠦ ᠪᠠᠢᠨ᠎ᠠ︕ ᠶᠡᠬᠡ ᠱᠤᠤᠭᠢᠶᠠᠨ ᠬᠣᠢᠲᠤ ᠵᠦᠭ ᠦᠨ ᠨᠤᠲᠤᠭ ᠠᠴᠠ ᠲᠡᠳᠡ ᠶᠦᠳᠠ ᠶᠢᠨ ᠬᠣᠲᠠ ᠲᠣᠰᠬᠣᠳ ᠢ ᠡᠵᠡᠭᠦᠢᠷᠡᠭᠦᠯᠵᠦ᠂ ᠴᠢᠨᠣ᠎ᠠ ᠶᠢᠨ ᠡᠭᠦᠷ ᠪᠣᠯᠭᠠᠬᠤ ᠭᠡᠵᠦ ᠪᠠᠢᠨ᠎ᠠ᠃
ᠶᠧᠷᠧᠮᠢᠶ᠎ᠠ ᠶᠢᠨ ᠳᠠᠭᠠᠳᠬᠠᠯ
23 ᠶᠣᠬᠣᠸᠠ᠂ ᠬᠥᠮᠦᠨ ᠦ ᠵᠠᠮ ᠥᠪᠡᠷ ᠦᠨ ᠬᠢᠨᠢ ᠪᠢᠰᠢ ᠠᠯᠬᠤᠮ ᠢᠶᠠᠨ ᠴᠢᠭᠯᠡᠭᠦᠯᠬᠦ ᠨᠢ ᠴᠤ ᠠᠯᠬᠤᠬᠤ ᠬᠥᠮᠦᠨ ᠦ ᠬᠢᠨᠢ ᠪᠢᠰᠢ ᠭᠡᠳᠡᠭ ᠢ ᠪᠢ ᠤᠬᠠᠭᠠᠷᠠᠯ᠎ᠠ᠃
24 ᠨᠠᠮᠠᠶᠢ ᠠᠭᠤᠷ ᠢᠶᠠᠷ ᠢᠶᠠᠨ ᠪᠤᠰᠤ᠂ ᠵᠥᠪᠬᠡᠨ ᠵᠥᠪ ᠶᠣᠰᠣ ᠪᠠᠷ ᠰᠠᠬᠢᠯᠭᠠᠵᠢᠭᠤᠯᠤᠭᠠᠴᠢ᠂ ᠶᠣᠬᠣᠸᠠ ᠡᠰᠡ ᠲᠡᠭᠡᠪᠡᠯ ᠪᠢ ᠤᠰᠠᠳᠬᠤ ᠪᠣᠯᠣᠨ᠎ᠠ᠂
25 ᠲᠠ ᠠᠭᠤᠷ ᠬᠢᠯᠢᠩ ᠢᠶᠠᠨ ᠥᠪᠡᠷ ᠢ ᠲᠠᠨᠢ ᠮᠡᠳᠡᠳᠡᠭ ᠦᠭᠡᠢ ᠦᠨᠳᠦᠰᠦᠲᠡᠨ ᠨᠦᠭᠦᠳ ᠳᠡᠭᠡᠷ᠎ᠡ ᠥᠪᠡᠷ ᠦᠨ ᠲᠠᠨᠢ ᠨᠡᠷ᠎ᠡ ᠶᠢ ᠳᠠᠭᠤᠳᠠᠳᠠᠭ ᠦᠭᠡᠢ ᠦᠨᠳᠦᠰᠦᠲᠡᠨ ᠨᠦᠭᠦᠳ ᠳᠡᠭᠡᠷ᠎ᠡ ᠠᠰᠬᠠᠭᠠᠴᠢ ᠲᠡᠳᠡ ᠶᠠᠺᠣᠪ ᠢ ᠵᠠᠯᠭᠢᠭᠰᠠᠨ ᠪᠢᠯᠡ ᠲᠡᠳᠡ ᠲᠡᠭᠦᠨ ᠢ ᠵᠠᠯᠭᠢᠨ᠂ ᠡᠴᠦᠰᠯᠡᠭᠦᠯᠵᠦ᠂ ᠣᠷᠣᠨ ᠭᠡᠷ ᠢ ᠨᠢ ᠡᠵᠡᠭᠦᠢᠷᠡᠭᠦᠯᠦᠭᠰᠡᠨ ᠶᠤᠮ᠃