ᠶᠧᠷᠧᠮᠢᠶ᠎ᠠ ᠲᠠᠪᠢᠨ ᠬᠣᠶᠠᠷ
ᠶᠧᠷᠦ᠋ᠰᠠᠯᠧᠮ ᠤᠨ ᠨᠤᠷᠠᠯᠲᠠ
1 ᠽᠧᠳᠧᠺᠢᠶ᠎ᠠ ᠬᠣᠷᠢᠨ ᠨᠢᠭᠡᠨ ᠨᠠᠰᠤᠲᠠᠢ ᠳᠠᠭᠠᠨ ᠬᠠᠭᠠᠨ ᠪᠣᠯᠵᠤ ᠶᠧᠷᠦ᠋ᠰᠠᠯᠧᠮ ᠳᠤ ᠠᠷᠪᠠᠨ ᠨᠢᠭᠡᠨ ᠵᠢᠯ ᠬᠠᠭᠠᠨᠴᠢᠯᠠᠵᠠᠢ᠃ ᠡᠬᠡ ᠨᠢ ᠯᠢᠪᠨᠠ ᠬᠥᠮᠦᠨ ᠶᠧᠷᠧᠮᠢᠶ᠎ᠠ ᠶᠢᠨ ᠥᠬᠢᠨ ᠬᠠᠮᠦ᠋ᠲ᠋ᠠᠯ ᠪᠠᠢᠪᠠ᠃ 2 ᠽᠧᠳᠧᠺᠢᠶ᠎ᠠ ᠶᠧᠬᠣᠢᠶᠠᠺᠢᠮ ᠤᠨ ᠦᠢᠯᠡᠳᠦᠭᠰᠡᠨ ᠪᠦᠭᠦᠳᠡ ᠶᠢ ᠳᠠᠭᠤᠷᠢᠶᠠᠨ ᠶᠣᠬᠣᠸᠠ ᠶᠢᠨ ᠮᠡᠯᠮᠡᠢ ᠳᠦ ᠪᠤᠵᠠᠷ ᠮᠠᠭᠤ ᠶᠢ ᠦᠢᠯᠡᠳᠪᠡ᠃ 3 ᠶᠣᠬᠣᠸᠠ ᠶᠢᠨ ᠠᠭᠤᠷ ᠬᠢᠯᠢᠩ ᠡᠴᠡ ᠪᠣᠯᠵᠤ ᠳᠠᠷᠠᠭᠠᠬᠢ ᠶᠠᠪᠤᠳᠠᠯ ᠶᠧᠷᠦ᠋ᠰᠠᠯᠧᠮ ᠪᠠ ᠶᠦᠳᠠ ᠳᠤ ᠲᠣᠬᠢᠶᠠᠯᠳᠤᠵᠤ᠂ ᠬᠣᠵᠢᠮ ᠨᠢ ᠶᠣᠬᠣᠸᠠ ᠲᠡᠳᠡᠨ ᠢ ᠥᠪᠡᠷ ᠦᠨ ᠢᠶᠠᠨ ᠣᠷᠣᠰᠢᠬᠤᠢ ᠠᠴᠠ ᠬᠥᠭᠡᠭᠡᠨ ᠭᠠᠷᠭᠠᠵᠠᠢ᠃ ᠽᠧᠳᠧᠺᠢᠶ᠎ᠠ ᠪᠠᠪᠢᠯᠣᠨ ᠤ ᠬᠠᠭᠠᠨ ᠠᠴᠠ ᠤᠷᠪᠠᠪᠠ᠃ 4 ᠲᠡᠢᠮᠦ ᠡᠴᠡ ᠽᠧᠳᠧᠺᠢᠶ᠎ᠠ ᠬᠠᠭᠠᠨ ᠤ ᠶᠢᠰᠦᠳᠡᠬᠢ ᠣᠨ ᠤ ᠠᠷᠪᠠᠳᠤᠭᠠᠷ ᠰᠠᠷ᠎ᠠ ᠶᠢᠨ ᠠᠷᠪᠠᠨ ᠳᠤ ᠪᠠᠪᠢᠯᠣᠨ ᠤ ᠬᠠᠭᠠᠨ ᠨᠧᠪᠦ᠋ᠺᠠᠨᠧᠽᠠᠷ ᠪᠦᠬᠦ ᠴᠡᠷᠢᠭ ᠤᠨ ᠢᠶᠠᠨ ᠬᠠᠮᠲᠤ ᠶᠧᠷᠦ᠋ᠰᠠᠯᠧᠮ ᠢ ᠴᠣᠬᠢᠬᠤ ᠪᠠᠷ ᠢᠷᠡᠪᠡ᠃ ᠲᠡᠳᠡ ᠬᠣᠲᠠ ᠶᠢᠨ ᠬᠠᠷᠠᠯᠳᠤᠭ᠎ᠠ ᠬᠤᠸᠠᠷᠠᠩᠨᠠᠵᠤ᠂ ᠡᠷᠭᠢᠨ ᠲᠣᠭᠣᠷᠢᠨ ᠳᠤᠨᠢ ᠴᠠᠮᠬᠠᠭ ᠪᠣᠰᠬᠠᠵᠠᠢ᠃ 5 ᠡᠢᠨ ᠬᠦ ᠽᠧᠳᠧᠺᠢᠶ᠎ᠠ ᠬᠠᠭᠠᠨ ᠤ ᠠᠷᠪᠠᠨ ᠨᠢᠭᠡᠳᠦᠭᠡᠷ ᠣᠨ ᠬᠦᠷᠲᠡᠯ᠎ᠡ ᠬᠣᠲᠠ ᠪᠦᠰᠡᠯᠡᠯᠲᠡ ᠳᠦ ᠪᠠᠢᠵᠠᠢ᠃ 6 ᠳᠥᠷᠪᠡᠳᠦᠭᠡᠷ ᠰᠠᠷ᠎ᠠ ᠶᠢᠨ ᠶᠢᠰᠦᠨ ᠦ ᠡᠳᠦᠷ᠂ ᠬᠣᠲᠠ ᠳᠣᠲᠣᠷ᠎ᠠ ᠥᠯᠥᠰᠬᠥᠯᠡᠩ ᠰᠢᠷᠦᠭᠦᠰᠦᠭᠰᠡᠨ ᠦ ᠤᠯᠠᠮ ᠢᠶᠠᠷ ᠲᠡᠷᠡ ᠭᠠᠵᠠᠷ ᠤᠨ ᠠᠷᠠᠳ ᠲᠦᠮᠡᠨ ᠬᠦᠨᠡᠰᠦ ᠦᠭᠡᠢ ᠪᠣᠯᠣᠭᠠᠳ ᠪᠠᠢᠬᠤ ᠳᠤ᠂ 7 ᠬᠣᠲᠠ ᠶᠢᠨ ᠬᠡᠷᠡᠮ ᠰᠡᠲᠡᠷᠡᠵᠡᠢ᠃ ᠳᠠᠢᠴᠢᠳ ᠪᠦᠭᠦᠳᠡ ᠵᠢᠭᠤᠲᠠᠵᠠᠢ᠃ ᠪᠠᠪᠢᠯᠣᠨᠴᠤᠳ ᠬᠣᠲᠠ ᠶᠢ ᠪᠦᠰᠡᠯᠡᠵᠦ ᠪᠠᠢᠭᠰᠠᠨ ᠪᠣᠯᠪᠠᠴᠤ ᠲᠡᠳᠡ ᠬᠠᠭᠠᠨ ᠤ ᠴᠡᠴᠡᠷᠯᠢᠭ ᠤᠨ ᠵᠠᠮ ᠢᠶᠠᠷ᠂ ᠬᠣᠶᠠᠷ ᠬᠡᠷᠡᠮ ᠦᠨ ᠬᠣᠭᠣᠷᠣᠨᠳᠣᠬᠢ ᠬᠠᠭᠠᠯᠭ᠎ᠠ ᠪᠠᠷ ᠥᠩᠭᠡᠷᠡᠨ ᠬᠣᠲᠠ ᠠᠴᠠ ᠰᠥᠨᠢ ᠪᠠᠷ ᠭᠠᠷᠴᠤ᠂ ᠠᠷᠠᠪᠠ ᠶᠢᠨ ᠵᠦᠭ ᠵᠢᠭᠤᠲᠠᠭᠰᠠᠨ ᠪᠠᠢᠨ᠎ᠠ᠃ 8 ᠭᠡᠪᠡᠴᠦ ᠪᠠᠪᠢᠯᠣᠨ ᠤ ᠴᠡᠷᠢᠭ ᠽᠧᠳᠧᠺᠢᠶ᠎ᠠ ᠬᠠᠭᠠᠨ ᠢ ᠨᠡᠬᠡᠵᠦ᠂ ᠶᠧᠷᠢᠺᠣ ᠶᠢᠨ ᠲᠠᠯ᠎ᠠ ᠳᠤ ᠲᠡᠭᠦᠨ ᠢ ᠭᠦᠢᠴᠡᠪᠡ᠃ ᠬᠠᠭᠠᠨ ᠤ ᠪᠦᠬᠦ ᠴᠡᠷᠢᠭ ᠲᠡᠭᠦᠨ ᠢ ᠣᠷᠬᠢᠨ ᠪᠤᠲᠠᠷᠠᠪᠠ᠃ 9 ᠪᠠᠪᠢᠯᠣᠨᠴᠤᠳ ᠬᠠᠭᠠᠨ ᠢ ᠪᠠᠷᠢᠪᠴᠢᠯᠠᠵᠤ᠂ ᠬᠠᠮᠠᠲ ᠨᠤᠲᠤᠭ ᠤᠨ ᠷᠢᠪᠯᠠ ᠳᠠᠬᠢ ᠪᠠᠪᠢᠯᠣᠨ ᠤ ᠬᠠᠭᠠᠨ ᠥᠭᠡᠳᠡ ᠬᠦᠷᠭᠡᠬᠦ ᠳᠦ᠂ ᠲᠡᠷᠡ ᠽᠧᠳᠧᠺᠢᠶ᠎ᠠ ᠳᠤ ᠶᠠᠯ᠎ᠠ ᠣᠨᠣᠭᠠᠵᠠᠢ᠃ 10 ᠪᠠᠪᠢᠯᠣᠨ ᠤ ᠬᠠᠭᠠᠨ ᠽᠧᠳᠧᠺᠢᠶ᠎ᠠ ᠶᠢᠨ ᠬᠥᠪᠡᠭᠦᠳ ᠢ ᠲᠡᠭᠦᠨ ᠦ ᠨᠢᠳᠦᠨ ᠳᠡᠭᠡᠷ᠎ᠡ ᠴᠠᠭᠠᠵᠠᠯᠠᠵᠤ᠂ ᠮᠥᠨ ᠶᠦᠳᠠ ᠶᠢᠨ ᠪᠦᠬᠦ ᠲᠦᠰᠢᠮᠡᠯ ᠢ ᠷᠢᠪᠯᠠ ᠳᠤ ᠴᠠᠭᠠᠵᠠᠯᠠᠭᠰᠠᠨ ᠤ ᠳᠠᠷᠠᠭ᠎ᠠ᠂ 11 ᠽᠧᠳᠧᠺᠢᠶ᠎ᠠ ᠶᠢᠨ ᠨᠢᠳᠦ ᠶᠢ ᠰᠣᠬᠣᠯᠤᠭᠰᠠᠨ ᠪᠠᠢᠨ᠎ᠠ᠃ ᠲᠡᠭᠡᠭᠡᠳ ᠪᠠᠪᠢᠯᠣᠨ ᠤ ᠬᠠᠭᠠᠨ ᠲᠡᠭᠦᠨ ᠢ ᠬᠦᠷᠡᠯ ᠳᠥᠩᠭᠡ ᠪᠡᠷ ᠳᠥᠩᠭᠡᠯᠡᠵᠦ᠂ ᠪᠠᠪᠢᠯᠣᠨ ᠤᠷᠤᠭᠤ ᠠᠪᠠᠴᠢᠨ ᠦᠬᠦᠬᠦ ᠡᠳᠦᠷ ᠨᠢ ᠬᠦᠷᠲᠡᠯ᠎ᠡ ᠱᠣᠷᠣᠩ ᠳᠤ ᠬᠣᠷᠢᠪᠠ᠃ 12 ᠪᠠᠪᠢᠯᠣᠨ ᠤ ᠬᠠᠭᠠᠨ ᠨᠧᠪᠦ᠋ᠺᠠᠨᠧᠽᠠᠷ ᠬᠠᠭᠠᠨ ᠤ ᠠᠷᠪᠠ ᠶᠢᠰᠦᠳᠦᠭᠡᠷ ᠣᠨ ᠤ ᠲᠠᠪᠤᠳᠤᠭᠠᠷ ᠰᠠᠷ᠎ᠠ ᠶᠢᠨ ᠠᠷᠪᠠᠨ ᠳᠤ᠂ ᠪᠠᠪᠢᠯᠣᠨ ᠤ ᠬᠠᠭᠠᠨ ᠳᠤ ᠦᠢᠯᠡᠴᠢᠯᠡᠳᠡᠭ᠌ ᠰᠢᠳᠠᠷ ᠬᠠᠮᠠᠭᠠᠯᠠᠭᠴᠢᠳ ᠤᠨ ᠠᠬᠠᠯᠠᠭᠴᠢ ᠨᠧᠪᠦ᠋ᠽᠠᠷᠠᠳᠠᠨ ᠶᠧᠷᠦ᠋ᠰᠠᠯᠧᠮ ᠳᠤ ᠢᠷᠡᠵᠦ᠂ 13 ᠶᠣᠬᠣᠸᠠ ᠶᠢᠨ ᠥᠷᠭᠥᠭᠡ ᠪᠣᠯᠣᠨ ᠬᠠᠭᠠᠨ ᠤ ᠣᠷᠳᠣᠨ ᠢ ᠰᠢᠲᠠᠭᠠᠪᠠ᠃ ᠲᠡᠷᠡ ᠪᠡᠷ ᠶᠧᠷᠦ᠋ᠰᠠᠯᠧᠮ ᠤᠨ ᠪᠦᠬᠦ ᠪᠠᠷᠢᠯᠭ᠎ᠠ ᠶᠢ ᠭᠠᠯᠳᠠᠵᠤ᠂ ᠲᠣᠮᠣ ᠪᠠᠷᠢᠯᠭ᠎ᠠ ᠪᠣᠯᠭᠠᠨ ᠢ ᠰᠢᠲᠠᠭᠠᠵᠠᠢ᠃ 14 ᠰᠢᠳᠠᠷ ᠬᠠᠮᠠᠭᠠᠯᠠᠭᠴᠢᠳ ᠤᠨ ᠠᠬᠠᠯᠠᠭᠴᠢ ᠶᠢᠨ ᠳᠣᠣᠷᠠᠬᠢ ᠪᠠᠪᠢᠯᠣᠨ ᠤ ᠪᠦᠬᠦ ᠴᠡᠷᠢᠭ ᠶᠧᠷᠦ᠋ᠰᠠᠯᠧᠮ ᠤᠨ ᠡᠷᠭᠢᠨ ᠲᠣᠭᠣᠷᠢᠨ ᠤ ᠪᠦᠬᠦ ᠬᠡᠷᠡᠮ ᠢ ᠨᠤᠷᠠᠭᠠᠪᠠ᠃ 15 ᠰᠢᠳᠠᠷ ᠬᠠᠮᠠᠭᠠᠯᠠᠭᠴᠢᠳ ᠤᠨ ᠠᠬᠠᠯᠠᠭᠴᠢ ᠨᠧᠪᠦ᠋ᠽᠠᠷᠠᠳᠠᠨ ᠬᠡᠰᠡᠭ ᠶᠠᠳᠠᠭᠤᠴᠤᠳ ᠪᠣᠯᠣᠨ ᠬᠣᠲᠠ ᠳᠤ ᠦᠯᠡᠳᠡᠭᠰᠡᠨ ᠠᠷᠠᠳ ᠢ᠂ ᠪᠠᠪᠢᠯᠣᠨ ᠤ ᠬᠠᠭᠠᠨ ᠤᠷᠤᠭᠤ ᠬᠡᠳᠦᠢᠨ ᠤᠷᠭᠤᠭᠰᠠᠨ ᠬᠥᠮᠦᠰ ᠪᠠ ᠭᠠᠷ ᠤᠷᠠᠴᠤᠳ ᠲᠠᠢ ᠬᠠᠮᠲᠤ ᠪᠦᠭᠦᠳᠡ ᠶᠢ ᠨᠢ ᠴᠥᠯᠡᠪᠡ᠃ 16 ᠲᠡᠢᠨ ᠬᠦ ᠰᠢᠳᠠᠷ ᠬᠠᠮᠠᠭᠠᠯᠠᠭᠴᠢᠳ ᠤᠨ ᠠᠬᠠᠯᠠᠭᠴᠢ ᠨᠧᠪᠦ᠋ᠽᠠᠷᠠᠳᠠᠨ ᠨᠤᠲᠤᠭ ᠤᠨ ᠬᠡᠰᠡᠭ ᠶᠠᠳᠠᠭᠤᠰ ᠢ ᠯᠠ ᠦᠯᠡᠳᠡᠭᠡᠨ᠂ ᠦᠵᠦᠮ ᠦᠨ ᠴᠡᠴᠡᠷᠯᠢᠭᠴᠢ ᠪᠣᠯᠣᠨ ᠭᠠᠵᠠᠷ ᠬᠠᠭᠠᠯᠤᠭᠴᠢ ᠪᠣᠯᠭᠠᠵᠠᠢ᠃ 17 ᠪᠠᠪᠢᠯᠣᠨᠴᠤᠳ ᠶᠣᠬᠣᠸᠠ ᠶᠢᠨ ᠥᠷᠭᠥᠭᠡᠨ ᠦ ᠬᠦᠷᠡᠯ ᠪᠠᠭᠠᠨ᠎ᠠ ᠨᠤᠭᠤᠳ᠂ ᠤᠰᠤᠨ ᠲᠡᠷᠭᠡ ᠨᠦᠭᠦᠳ ᠬᠢᠭᠡᠳ ᠬᠦᠷᠡᠯ ᠲᠠᠩᠭᠢᠰ ᠢ ᠪᠤᠲᠠᠯᠵᠤ᠂ ᠬᠦᠷᠡᠯ ᠢ ᠨᠢ ᠪᠠᠪᠢᠯᠣᠨ ᠤᠷᠤᠭᠤ ᠠᠪᠠᠴᠢᠵᠠᠢ᠃ 18 ᠲᠡᠳᠡ ᠪᠠᠰᠠ ᠲᠣᠭᠣᠭ᠎ᠠ᠂ ᠤᠳᠬᠤᠭᠤᠷ᠂ ᠴᠢᠮᠬᠢᠭᠦᠷ᠂ ᠴᠢᠰᠤ ᠬᠢᠬᠦ ᠰᠠᠪᠠ᠂ ᠬᠠᠯᠪᠠᠭ᠎ᠠ ᠬᠢᠭᠡᠳ ᠥᠷᠭᠥᠭᠡᠨ ᠳᠦ ᠬᠡᠷᠡᠭᠯᠡᠳᠡᠭ ᠬᠦᠷᠡᠯ ᠡᠳ᠋ᠯᠡᠯ ᠤᠳ ᠢ ᠠᠪᠠᠴᠢᠵᠠᠢ᠃ 19 ᠰᠢᠳᠠᠷ ᠬᠠᠮᠠᠭᠠᠯᠠᠭᠴᠢᠳ ᠤᠨ ᠠᠬᠠᠯᠠᠭᠴᠢ ᠪᠠᠰᠠ ᠠᠶᠠᠭ᠎ᠠ ᠨᠤᠭᠤᠳ᠂ ᠪᠣᠢᠫᠣᠷ ᠤᠳ᠂ ᠴᠢᠰᠤ ᠬᠢᠬᠦ ᠰᠠᠪᠠ ᠨᠤᠭᠤᠳ᠂ ᠲᠣᠭᠣᠭ᠎ᠠ ᠨᠤᠭᠤᠳ᠂ ᠳ᠋ᠧᠩ ᠤᠨ ᠲᠠᠯᠪᠢᠭᠤᠷ ᠤᠳ᠂ ᠲᠠᠪᠠᠭ ᠨᠤᠭᠤᠳ᠂ ᠤᠮᠳᠠᠭᠠᠨ ᠲᠠᠬᠢᠯ ᠤᠨ ᠰᠠᠪᠠ ᠨᠤᠭᠤᠳ ᠵᠡᠷᠭᠡ ᠠᠯᠲᠠ ᠮᠥᠩᠭᠥ ᠪᠡᠷ ᠬᠢᠭᠰᠡᠨ ᠪᠦᠬᠦᠨ ᠢ ᠠᠪᠤᠪᠠ᠃ 20 ᠬᠣᠶᠠᠷ ᠪᠠᠭᠠᠨ᠎ᠠ᠂ ᠨᠥᠭᠥᠭᠡ ᠲᠠᠩᠭᠢᠰ᠂ ᠲᠡᠭᠦᠨ ᠦ ᠳᠣᠣᠷᠠᠬᠢ ᠠᠷᠪᠠᠨ ᠬᠣᠶᠠᠷ ᠬᠦᠷᠡᠯ ᠦᠬᠡᠷ᠂ ᠤᠰᠤᠨ ᠲᠡᠷᠭᠡ ᠨᠦᠭᠦᠳ ᠵᠡᠷᠭᠡ ᠰᠣᠯᠣᠮᠣᠨ ᠬᠠᠭᠠᠨ ᠤ ᠶᠣᠬᠣᠸᠠ ᠶᠢᠨ ᠥᠷᠭᠥᠭᠡᠨ ᠳᠦ ᠵᠣᠷᠢᠭᠤᠯᠤᠨ ᠬᠢᠭᠰᠡᠨ ᠡᠳ᠋ᠯᠡᠯ ᠤᠳ ᠤᠨ ᠬᠦᠷᠡᠯ ᠨᠢ ᠬᠡᠮᠵᠢᠶᠡᠯᠡᠰᠢ ᠦᠭᠡᠢ ᠶᠡᠬᠡ ᠪᠠᠢᠭᠰᠠᠨ ᠶᠤᠮ᠃ 21 ᠨᠢᠭᠡ ᠪᠠᠭᠠᠨ᠎ᠠ ᠶᠢᠨ ᠥᠨᠳᠥᠷ ᠨᠢ ᠠᠷᠪᠠᠨ ᠨᠠᠢ᠌ᠮᠠᠨ ᠲᠣᠬᠣᠢ᠂ ᠲᠡᠭᠦᠨ ᠦ ᠳᠡᠭᠡᠷᠡᠬᠢ ᠲᠣᠯᠣᠭᠠᠢ ᠶᠢᠨ ᠥᠨᠳᠥᠷ ᠨᠢ ᠭᠤᠷᠪᠠᠨ ᠲᠣᠬᠣᠢ ᠪᠥᠭᠡᠳ ᠲᠣᠯᠣᠭᠠᠢ ᠶᠢ ᠪᠦᠲᠡᠭᠡᠭᠰᠡᠨ ᠵᠡᠭᠦᠯᠲᠡ ᠪᠠ ᠠᠨᠠᠷ ᠤᠳ ᠢ ᠪᠦᠭᠦᠳᠡ ᠬᠦᠷᠡᠯ ᠢᠶᠡᠷ ᠬᠢᠭᠰᠡᠨ ᠪᠠᠢᠪᠠ᠃ ᠵᠡᠭᠦᠯᠲᠡ ᠪᠡᠷ ᠴᠢᠮᠡᠭᠯᠡᠭᠰᠡᠨ ᠨᠥᠭᠥᠭᠡ ᠪᠠᠭᠠᠨ᠎ᠠ ᠨᠢ ᠴᠤ ᠮᠥᠨ ᠠᠳᠠᠯᠢ ᠪᠠᠢᠪᠠ᠃ 22 ᠨᠢᠭᠡ ᠪᠠᠭᠠᠨ᠎ᠠ ᠶᠢᠨ ᠣᠷᠣᠢ ᠳᠤ ᠬᠦᠷᠡᠯ ᠲᠤᠭ ᠪᠠᠢᠪᠠ᠃ ᠲᠤᠭ ᠨᠢ ᠲᠠᠪᠤᠨ ᠲᠣᠬᠣᠢ ᠥᠨᠳᠥᠷ ᠪᠥᠭᠡᠳ ᠲᠡᠭᠦᠨ ᠢ ᠬᠦᠷᠡᠯ ᠵᠡᠭᠦᠯᠲᠡ ᠪᠠ ᠠᠨᠠᠷ ᠤᠳ ᠪᠦᠰᠡᠯᠡᠭᠰᠡᠨ ᠠᠵᠢ᠃ ᠨᠥᠭᠥᠭᠡ ᠪᠠᠭᠠᠨ᠎ᠠ ᠴᠤ ᠡᠭᠦᠨ ᠲᠡᠢ ᠠᠳᠠᠯᠢ᠂ ᠮᠥᠨ ᠠᠨᠠᠷ ᠤᠳ ᠲᠠᠢ ᠪᠠᠢᠪᠠ᠃ 23 ᠵᠠᠭᠤᠨ ᠠᠨᠠᠷ ᠢ ᠵᠡᠭᠦᠯᠲᠡ ᠲᠠᠢ ᠬᠣᠯᠪᠣᠭᠰᠠᠨ ᠪᠥᠭᠡᠳ ᠲᠠᠯ᠎ᠠ ᠪᠦᠷᠢ ᠳᠦᠨᠢ ᠶᠡᠷᠡᠨ ᠵᠢᠷᠭᠤᠭᠠᠨ ᠠᠨᠠᠷ ᠬᠠᠷᠠᠭᠳᠠᠵᠤ ᠪᠠᠢᠪᠠ᠃ 24 ᠰᠢᠳᠠᠷ ᠬᠠᠮᠠᠭᠠᠯᠠᠭᠴᠢᠳ ᠤᠨ ᠠᠬᠠᠯᠠᠭᠴᠢ ᠨᠢ ᠠᠬᠠᠯᠠᠬᠤ ᠲᠠᠬᠢᠯᠴᠢ ᠰᠧᠷᠠᠢᠶ᠎ᠠ᠂ ᠳᠡᠳ᠋ ᠲᠠᠬᠢᠯᠴᠢ ᠽᠧᠹᠠᠨᠢᠶ᠎ᠠ ᠶᠢ ᠥᠷᠭᠥᠭᠡᠨ ᠦ ᠭᠤᠷᠪᠠᠨ ᠬᠠᠭᠠᠯᠭᠠᠴᠢ ᠶᠢᠨ ᠬᠠᠮᠲᠤ ᠪᠠᠷᠢᠪᠴᠢᠯᠠᠪᠠ᠃ 25 ᠬᠣᠲᠠ ᠳᠤ ᠦᠯᠡᠳᠡᠭᠰᠡᠨ ᠬᠥᠮᠦᠰ ᠦᠨ ᠳᠤᠮᠳᠠ ᠠᠴᠠ ᠲᠡᠷᠡ ᠮᠥᠨ ᠳᠠᠢᠴᠢᠳ ᠢ ᠬᠠᠷᠢᠭᠤᠴᠠᠭᠴᠢ ᠨᠢᠭᠡ ᠲᠦᠰᠢᠮᠡᠯ ᠢ ᠬᠠᠭᠠᠨ ᠤ ᠳᠣᠯᠣᠭᠠᠨ ᠵᠥᠪᠯᠡᠭᠴᠢ᠂ ᠲᠡᠷᠡ ᠭᠠᠵᠠᠷ ᠤᠨ ᠠᠷᠠᠳ ᠲᠦᠮᠡᠨ ᠢ ᠴᠡᠷᠢᠭ ᠲᠤ ᠲᠠᠲᠠᠳᠠᠭ ᠠᠬᠠᠯᠠᠬᠤ ᠲᠦᠰᠢᠮᠡᠯ᠂ ᠮᠥᠨ ᠬᠣᠲᠠ ᠠᠴᠠ ᠤᠯᠳᠠᠭᠰᠠᠨ ᠵᠢᠷᠠᠨ ᠢᠷᠭᠡᠨ ᠲᠡᠢ ᠬᠠᠮᠲᠤ ᠪᠠᠷᠢᠪᠴᠢᠯᠠᠪᠠ᠃ 26 ᠰᠢᠳᠠᠷ ᠬᠠᠮᠠᠭᠠᠯᠠᠭᠴᠢᠳ ᠤᠨ ᠠᠬᠠᠯᠠᠭᠴᠢ ᠨᠧᠪᠦ᠋ᠽᠠᠷᠠᠳᠠᠨ ᠲᠡᠳᠡᠨ ᠢ ᠪᠠᠷᠢᠪᠴᠢᠯᠠᠭᠠᠳ ᠷᠢᠪᠯᠠ ᠳᠤ ᠪᠤᠢ ᠪᠠᠪᠢᠯᠣᠨ ᠤ ᠬᠠᠭᠠᠨ ᠳᠤ ᠬᠦᠷᠭᠡᠭᠰᠡᠨ ᠪᠠᠢᠨ᠎ᠠ᠃
27 ᠪᠠᠪᠢᠯᠣᠨ ᠤ ᠬᠠᠭᠠᠨ ᠲᠡᠳᠡᠨ ᠢ ᠬᠠᠮᠠᠲ ᠨᠤᠲᠤᠭ ᠤᠨ ᠷᠢᠪᠯᠠ ᠳᠤ ᠠᠯᠠᠭᠤᠯᠪᠠ᠃ ᠲᠡᠢᠨ ᠬᠦ ᠶᠦᠳᠠ ᠥᠪᠡᠷ ᠦᠨ ᠢᠶᠠᠨ ᠨᠤᠲᠤᠭ ᠠᠴᠠ ᠴᠥᠯᠡᠭᠳᠡᠵᠡᠢ᠃ 28 ᠨᠧᠪᠦ᠋ᠺᠠᠨᠧᠽᠠᠷ ᠤᠨ ᠴᠥᠯᠡᠯᠭᠡ ᠳᠦ ᠠᠪᠠᠴᠢᠭᠰᠠᠨ ᠬᠥᠮᠦᠰ ᠭᠡᠪᠡᠯ᠂ ᠨᠧᠪᠦ᠋ᠺᠠᠨᠧᠽᠠᠷ ᠤᠨ ᠳᠣᠯᠣᠳᠤᠭᠠᠷ ᠣᠨ ᠳᠤ ᠭᠤᠷᠪᠠᠨ ᠮᠢᠩ᠋ᠭ᠎ᠠ ᠬᠣᠷᠢᠨ ᠭᠤᠷᠪᠠᠨ ᠶᠦᠳᠠᠢ ᠬᠥᠮᠦᠨ᠂ 29 ᠨᠧᠪᠦ᠋ᠺᠠᠨᠧᠽᠠᠷ ᠤᠨ ᠠᠷᠪᠠᠨ ᠨᠠᠢ᠌ᠮᠠᠳᠤᠭᠠᠷ ᠣᠨ ᠳᠤ ᠨᠠᠢ᠌ᠮᠠᠨ ᠵᠠᠭᠤ ᠭᠤᠴᠢᠨ ᠬᠣᠶᠠᠷ ᠶᠧᠷᠦ᠋ᠰᠠᠯᠧᠮ ᠬᠥᠮᠦᠨ ᠢ ᠠᠪᠠᠴᠢᠵᠤ᠂ 30 ᠨᠧᠪᠦ᠋ᠺᠠᠨᠧᠽᠠᠷ ᠤᠨ ᠬᠣᠷᠢᠨ ᠭᠤᠷᠪᠠᠳᠤᠭᠠᠷ ᠣᠨ ᠳᠤ ᠰᠢᠳᠠᠷ ᠬᠠᠮᠠᠭᠠᠯᠠᠭᠴᠢᠳ ᠤᠨ ᠠᠬᠠᠯᠠᠭᠴᠢ ᠨᠧᠪᠦ᠋ᠽᠠᠷᠠᠳᠠᠨ ᠳᠣᠯᠣᠭᠠᠨ ᠵᠠᠭᠤ ᠳᠥᠴᠢᠨ ᠲᠠᠪᠤᠨ ᠶᠦᠳᠠᠢ ᠬᠥᠮᠦᠨ ᠢ ᠴᠥᠯᠡᠯᠭᠡ ᠳᠦ ᠠᠪᠠᠴᠢᠭᠰᠠᠨ ᠪᠣᠯᠬᠣᠷ ᠪᠦᠭᠦᠳᠡ ᠳᠥᠷᠪᠡᠨ ᠮᠢᠩ᠋ᠭ᠎ᠠ ᠵᠢᠷᠭᠤᠭᠠᠨ ᠵᠠᠭᠤᠨ ᠬᠥᠮᠦᠨ ᠪᠠᠢᠪᠠ᠃
31 ᠶᠦᠳᠠ ᠶᠢᠨ ᠬᠠᠭᠠᠨ ᠶᠧᠬᠣᠢᠶᠠᠺᠢᠨ ᠴᠥᠯᠡᠭᠳᠡᠭᠰᠡᠨ ᠦ ᠭᠤᠴᠢᠨ ᠳᠣᠯᠣᠳᠠᠬᠢ ᠵᠢᠯ ᠳᠤ᠂ ᠪᠠᠪᠢᠯᠣᠨ ᠤ ᠬᠠᠭᠠᠨ ᠡᠸᠢᠯ ᠮᠧᠷᠣᠳᠠᠺ ᠬᠠᠭᠠᠨ ᠪᠣᠯᠵᠤ᠂ ᠲᠡᠷᠡ ᠵᠢᠯ ᠤᠨ ᠠᠷᠪᠠᠨ ᠬᠣᠶᠠᠳᠤᠭᠠᠷ ᠰᠠᠷ᠎ᠠ ᠶᠢᠨ ᠬᠣᠷᠢᠨ ᠲᠠᠪᠤᠨ ᠤ ᠡᠳᠦᠷ ᠶᠦᠳᠠ ᠶᠢᠨ ᠬᠠᠭᠠᠨ ᠶᠧᠬᠣᠢᠶᠠᠺᠢᠨ ᠢ ᠭᠢᠨᠳᠠᠨ ᠠᠴᠠ ᠰᠤᠯᠠᠯᠠᠪᠠ 18 ᠃
ᠶᠧᠬᠣᠢᠶᠠᠺᠢᠨ ᠰᠤᠯᠠᠯᠠᠭᠳᠠᠪᠠ
32 ᠲᠡᠷᠡ ᠪᠡᠷ ᠶᠧᠬᠣᠢᠶᠠᠺᠢᠨ ᠲᠠᠢ ᠡᠯᠢᠭᠡᠰᠡᠭ ᠳᠣᠲᠣᠨᠣ ᠶᠠᠷᠢᠵᠤ᠂ ᠲᠡᠭᠦᠨ ᠲᠡᠢ ᠬᠠᠮᠲᠤ ᠪᠠᠪᠢᠯᠣᠨ ᠳᠤ ᠪᠠᠢᠭ᠎ᠠ ᠪᠤᠰᠤᠳ ᠬᠠᠭᠠᠳ ᠤᠨ ᠰᠠᠭᠤᠳᠠᠯ ᠠᠴᠠ ᠬᠦᠨᠳᠦᠲᠡᠢ ᠰᠠᠭᠤᠳᠠᠯ ᠢ ᠲᠡᠭᠦᠨ ᠳᠦ ᠥᠭᠪᠡ᠃ 33 ᠢᠩᠭᠢᠭᠡᠳ ᠶᠧᠬᠣᠢᠶᠠᠺᠢᠨ ᠭᠢᠨᠳᠠᠨ ᠤ ᠬᠤᠪᠴᠠᠰᠤ ᠪᠠᠨ ᠳᠡᠢᠯᠵᠦ ᠰᠣᠯᠢᠭᠰᠠᠨ ᠪᠥᠭᠡᠳ ᠦᠯᠡᠳᠡᠭᠰᠡᠨ ᠠᠮᠢᠳᠤᠷᠠᠯ ᠤᠨ ᠢᠶᠠᠨ ᠪᠦᠬᠦ ᠡᠳᠦᠷ ᠤᠳ ᠢᠶᠠᠷ ᠪᠠᠢᠩ᠋ᠭᠤ ᠬᠠᠭᠠᠨ ᠤ ᠰᠢᠷᠡᠭᠡᠨ ᠳᠦ ᠬᠣᠭᠣᠯᠠᠯᠠᠪᠠ᠃ 34 ᠲᠡᠭᠦᠨ ᠦ ᠨᠠᠰᠤ ᠪᠠᠷᠠᠬᠤ ᠡᠳᠦᠷ ᠬᠦᠷᠲᠡᠯ᠎ᠡ᠂ ᠠᠮᠢᠳᠤᠷᠠᠯ ᠤᠨ ᠬᠢᠨᠢ ᠪᠦᠬᠦ ᠬᠤᠭᠤᠴᠠᠭᠠᠨ ᠳᠤ᠂ ᠡᠳᠦᠷ ᠪᠦᠷᠢ ᠶᠢᠨ ᠬᠤᠪᠢ ᠪᠣᠯᠬᠤ ᠲᠣᠭᠲᠠᠮᠠᠯ ᠲᠡᠳᠬᠦᠮᠵᠢ ᠶᠢ ᠨᠢ ᠪᠠᠪᠢᠯᠣᠨ ᠤ ᠬᠠᠭᠠᠨ ᠲᠡᠭᠦᠨ ᠳᠦ ᠬᠠᠩ᠋ᠭᠠᠳᠠᠭ ᠪᠠᠢᠪᠠ᠃