1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52


ᠶᠧᠷᠧᠮᠢᠶ᠎ᠠ ᠲᠠᠪᠢᠨ ᠨᠢᠭᠡ

1 ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠠᠷᠠ᠂ ᠪᠢ ᠪᠠᠪᠢᠯᠣᠨ ᠪᠣᠯᠣᠨ ᠯᠧᠪ ᠺᠠᠮᠠᠢ 16 ᠶᠢᠨ ᠰᠠᠭᠤᠭᠠᠯᠢᠴᠢᠳ ᠤᠷᠤᠭᠤ ᠰᠦᠢᠳᠬᠡᠭᠴᠢ ᠰᠦᠨᠡᠰᠦ ᠶᠢ ᠬᠥᠳᠡᠯᠭᠡᠨ᠎ᠡ᠃
2 ᠪᠢ ᠪᠠᠪᠢᠯᠣᠨ ᠤᠷᠤᠭᠤ ᠰᠢᠭ᠍ᠰᠢᠭ᠍ᠴᠢᠳ ᠢ ᠢᠯᠡᠭᠡᠬᠦ ᠪᠥᠭᠡᠳ ᠲᠡᠳᠡ ᠲᠡᠭᠦᠨ ᠢ ᠰᠢᠭᠰᠢᠵᠦ᠂ ᠭᠠᠵᠠᠷ ᠨᠤᠲᠤᠭ ᠢ ᠨᠢ ᠬᠣᠭᠣᠰᠣᠷᠠᠭᠤᠯᠤᠨ ᠲᠦᠭᠰᠢᠭᠦᠷᠢ ᠤᠨ ᠬᠢᠨᠢ ᠡᠳᠦᠷ ᠲᠠᠯ᠎ᠠ ᠪᠦᠷᠢ ᠡᠴᠡ ᠨᠢ ᠳᠣᠪᠲᠣᠯᠣᠨ᠎ᠠ᠃
3 ᠬᠠᠷᠪᠤᠭᠴᠢ ᠳᠤᠨᠢ ᠨᠤᠮᠤ ᠲᠠᠲᠠᠬᠤ᠂ ᠬᠤᠶᠠᠭ ᠡᠮᠦᠰᠬᠦ ᠵᠠᠢ ᠶᠢ ᠪᠦᠦ ᠵᠥᠪᠰᠢᠶᠡᠷᠡ᠂ ᠢᠳᠡᠷ ᠵᠠᠯᠠᠭᠤᠰ ᠢ ᠨᠢ ᠴᠤ ᠦᠯᠦ ᠥᠷᠥᠰᠢᠶᠡᠨ ᠲᠡᠭᠦᠨ ᠦ ᠪᠦᠬᠦ ᠴᠡᠷᠢᠭ ᠢ ᠪᠦᠷᠢᠮᠦᠰᠦᠨ ᠤᠰᠠᠳᠬ᠎ᠠ᠃
4 ᠲᠡᠳᠡ ᠪᠠᠪᠢᠯᠣᠨ ᠤ ᠨᠤᠲᠤᠭ ᠲᠠᠭᠠᠨ ᠠᠯᠠᠭᠳᠠᠵᠤ ᠡᠰᠡᠪᠡᠯ ᠭᠤᠳᠤᠮᠵᠢ ᠨᠤᠭᠤᠳ ᠲᠠᠭᠠᠨ ᠰᠢᠷᠬᠠᠲᠤᠵᠤ ᠤᠨᠠᠨ᠎ᠠ᠃》

5 ᠢᠰᠷᠧᠯ ᠪᠣᠯᠣᠨ ᠶᠦᠳᠠ ᠥᠪᠡᠷᠰᠡᠳ ᠦᠨ ᠢᠶᠠᠨ ᠪᠤᠷᠬᠠᠨ᠂ ᠠᠤᠭ᠎ᠠ ᠬᠦᠴᠦᠲᠦ ᠶᠣᠬᠣᠸᠠ ᠳᠤ ᠬᠠᠶᠠᠭᠳᠠᠭᠰᠠᠨ ᠪᠢᠰᠢ ᠪᠣᠯᠪᠠᠴᠤ ᠪᠠᠪᠢᠯᠣᠨ ᠤ ᠭᠠᠵᠠᠷ ᠨᠤᠲᠤᠭ ᠢᠰᠷᠧᠯ ᠤᠨ ᠠᠷᠢᠭᠤᠨ ᠨᠢᠭᠡᠨ ᠦ ᠡᠮᠦᠨ᠎ᠡ ᠭᠡᠮ ᠪᠤᠷᠤᠭᠤ ᠪᠠᠷ ᠳᠦᠭᠦᠷᠴᠡᠢ᠃
6 ᠲᠠ ᠨᠠᠷ ᠤᠨ ᠬᠥᠮᠦᠨ ᠪᠦᠷᠢ ᠪᠠᠪᠢᠯᠣᠨ ᠠᠴᠠ ᠠᠮᠢ ᠭᠠᠷᠬᠤ ᠪᠠᠷ ᠵᠢᠭᠤᠲᠠ︕ ᠲᠡᠭᠦᠨ ᠦ ᠭᠡᠮ ᠨᠢᠭᠦᠯ ᠦᠨ ᠤᠯᠠᠮ ᠢᠶᠠᠷ ᠲᠠ ᠨᠠᠷ ᠤᠰᠠᠳᠬᠤ ᠬᠡᠷᠡᠭ ᠦᠭᠡᠢ ᠡᠨᠡ ᠪᠣᠯ ᠶᠣᠬᠣᠸᠠ ᠶᠢᠨ ᠥᠰᠢᠶ᠎ᠡ ᠠᠪᠬᠤ ᠴᠠᠭ᠂ ᠲᠡᠷᠡ ᠥᠪᠡᠷ ᠢᠶᠡᠨ ᠬᠠᠷᠢᠭᠤ ᠥᠭᠭᠥᠨ᠎ᠡ᠃
7 ᠪᠠᠪᠢᠯᠣᠨ ᠨᠢ ᠶᠣᠬᠣᠸᠠ ᠶᠢᠨ ᠮᠤᠲᠤᠷ ᠲᠤ ᠪᠤᠢ ᠪᠦᠬᠦ ᠳᠡᠯᠡᠬᠡᠢ ᠶᠢ ᠰᠣᠭᠲᠣᠭᠠᠭᠴᠢ ᠠᠯᠲᠠᠨ ᠠᠶᠠᠭ᠎ᠠ ᠪᠠᠢᠪᠠ ᠦᠨᠳᠦᠰᠦᠲᠡᠨ ᠨᠦᠭᠦᠳ ᠳᠠᠷᠠᠰᠤᠨ ᠠᠴᠠ ᠨᠢ ᠤᠤᠭᠤᠭᠰᠠᠨ ᠡᠭᠦᠨ ᠦ ᠤᠯᠠᠮ ᠢᠶᠠᠷ ᠦᠨᠳᠦᠰᠦᠲᠡᠨ ᠨᠦᠭᠦᠳ ᠭᠠᠯᠵᠠᠭᠤᠷᠠᠬᠤ ᠪᠣᠯᠣᠨ᠎ᠠ᠃
8 ᠪᠠᠪᠢᠯᠣᠨ ᠭᠡᠨᠡᠳᠲᠡᠬᠡᠨ ᠤᠨᠠᠵᠤ ᠨᠤᠷᠠᠨ᠎ᠠ ᠲᠡᠭᠦᠨ ᠦ ᠲᠥᠯᠥᠭᠡ ᠭᠠᠰᠢᠭᠤᠳᠠᠵᠠᠭ᠎ᠠ︕ ᠡᠪᠡᠷᠰᠢᠶᠡᠯ ᠦᠨ ᠬᠢᠨᠢ ᠲᠥᠯᠥᠭᠡ ᠭᠠᠪᠤᠷ ᠠᠪᠴᠢᠷᠠ ᠲᠡᠷᠡ ᠡᠳᠡᠭᠡᠷᠡᠵᠦ ᠮᠠᠭᠠᠳ ᠦᠭᠡᠢ᠃
9 ᠪᠠᠪᠢᠯᠣᠨ ᠢ ᠡᠳᠡᠭᠡᠭᠡᠬᠦ ᠭᠡᠰᠡᠨ ᠴᠤ ᠲᠡᠷᠡ ᠡᠳᠡᠭᠡᠷᠡᠬᠦ ᠦᠭᠡᠢ ᠪᠠᠢᠨ᠎ᠠ ᠪᠢᠳᠡᠨ ᠦ ᠬᠥᠮᠦᠨ ᠪᠦᠷᠢ ᠲᠡᠭᠦᠨ ᠢ ᠣᠷᠬᠢᠭᠠᠳ᠂ ᠨᠤᠲᠤᠭ ᠤᠷᠤᠭᠤ ᠪᠠᠨ ᠶᠠᠪᠤᠵᠠᠭᠠᠶ᠎ᠠ ᠲᠡᠭᠦᠨ ᠦ ᠬᠦᠯᠢᠶᠡᠬᠦ ᠰᠢᠳᠬᠡᠯ ᠲᠩᠷᠢ ᠳᠤ ᠲᠤᠯᠵᠤ᠂ ᠡᠭᠦᠯᠡᠰ ᠲᠦ ᠬᠦᠷᠬᠦ ᠪᠣᠯᠣᠨ᠎ᠠ᠃
10 ᠶᠣᠬᠣᠸᠠ ᠪᠢᠳᠡᠨ ᠦ ᠵᠥᠪᠲᠦ ᠪᠣᠯᠬᠤ ᠶᠢ ᠢᠯᠡᠷᠬᠡᠶᠢᠯᠡᠭᠰᠡᠨ ᠵᠠ᠂ ᠪᠢᠳᠡ ᠶᠣᠬᠣᠸᠠ ᠪᠤᠷᠬᠠᠨ ᠤ ᠪᠠᠨ ᠬᠢᠭᠰᠡᠨ ᠵᠦᠢᠯ ᠢ ᠽᠢᠶᠣᠨ ᠳᠤ ᠲᠤᠩ᠋ᠬᠠᠭᠯᠠᠵᠠᠭᠠᠶ᠎ᠠ︕

11 ᠰᠤᠮᠤ ᠪᠠᠨ ᠬᠤᠷᠴᠠᠯᠠ᠂ ᠪᠠᠮᠪᠠᠢ ᠪᠠᠨ ᠪᠠᠷᠢ᠂ ᠶᠣᠬᠣᠸᠠ ᠪᠠᠪᠢᠯᠣᠨ ᠢ ᠤᠰᠠᠳᠬᠠᠬᠤ ᠵᠣᠷᠢᠯᠭ᠎ᠠ ᠪᠠᠷ ᠮᠧᠳᠧᠴᠤᠳ ᠤᠨ ᠬᠠᠭᠠᠳ ᠤᠨ ᠰᠦᠨᠡᠰᠦ ᠶᠢ ᠬᠥᠳᠡᠯᠭᠡᠵᠡᠢ᠃ ᠶᠣᠬᠣᠸᠠ ᠡᠢᠨ ᠬᠦ ᠥᠰᠢᠶ᠎ᠡ ᠠᠪᠤᠨ᠎ᠠ᠂ ᠣᠷᠳᠣᠨ ᠤ ᠪᠠᠨ ᠲᠥᠯᠥᠭᠡ ᠥᠰᠢᠶ᠎ᠡ ᠠᠪᠤᠨ᠎ᠠ᠃
12 ᠪᠠᠪᠢᠯᠣᠨ ᠤ ᠬᠡᠷᠡᠮ ᠦᠨ ᠡᠮᠦᠨ᠎ᠡ ᠲᠤᠭ ᠪᠣᠰᠬ᠎ᠠ ᠬᠠᠮᠠᠭᠠᠯᠠᠯᠲᠠ ᠪᠠᠨ ᠪᠡᠬᠢᠵᠢᠭᠦᠯᠵᠦ᠂ ᠬᠠᠷᠠᠭᠤᠯ ᠭᠠᠷᠭᠠᠵᠤ᠂ ᠣᠲᠣᠯᠳᠠ ᠪᠡᠯᠡᠳᠬᠡ ᠶᠣᠬᠣᠸᠠ ᠪᠠᠪᠢᠯᠣᠨ ᠤ ᠰᠠᠭᠤᠭᠠᠯᠢᠴᠢᠳ ᠤᠨ ᠲᠠᠯ᠎ᠠ ᠪᠠᠷ ᠠᠢᠯᠠᠳᠤᠭᠰᠠᠨ ᠢᠶᠠᠨ ᠰᠠᠨᠠᠵᠤ ᠪᠡᠯᠡᠶᠡᠭᠦᠯᠦᠨ᠎ᠡ᠃
13 ᠴᠢ ᠶᠡᠬᠡ ᠤᠰᠤᠨ ᠤ ᠳᠡᠷᠭᠡᠳᠡ ᠡᠯᠪᠡᠭ ᠡᠷᠳᠡᠨᠢᠰ ᠲᠠᠢ ᠠᠮᠢᠳᠤᠷᠠᠵᠤ ᠪᠠᠢᠨ᠎ᠠ ᠡ᠂ ᠭᠡᠪᠡᠴᠦ ᠴᠢᠨᠦ ᠲᠡᠭᠦᠰᠬᠡᠯ᠂ ᠴᠢᠨᠦ ᠠᠮᠢ ᠲᠠᠰᠤᠷᠠᠬᠤ ᠴᠠᠭ ᠢᠷᠡᠯ᠎ᠡ᠃
14 ᠠᠤᠭ᠎ᠠ ᠬᠦᠴᠦᠲᠦ ᠶᠣᠬᠣᠸᠠ ᠥᠪᠡᠷ ᠢᠶᠡᠷ ᠢᠶᠠᠨ ᠲᠠᠩ᠋ᠭᠠᠷᠢᠭᠯᠠᠨ᠄ 《ᠪᠢ ᠴᠢᠮᠠᠶᠢ ᠵᠠᠪᠠᠯ ᠴᠠᠷᠴᠠᠬᠠᠢ ᠮᠡᠲᠦ ᠣᠯᠠᠨ ᠴᠡᠷᠢᠭ ᠢᠶᠠᠷ ᠳᠦᠭᠦᠷᠭᠡᠵᠦ ᠲᠡᠳᠡ ᠴᠢᠮ᠎ᠠ ᠤᠷᠤᠭᠤ ᠤᠤᠬᠠᠢ ᠬᠠᠰᠬᠢᠷᠤᠨ᠎ᠠ
15 ᠶᠣᠬᠣᠸᠠ ᠥᠪᠡᠷ ᠦᠨ ᠢᠶᠠᠨ ᠬᠦᠴᠦ ᠴᠢᠳᠠᠯ ᠢᠶᠠᠷ ᠭᠠᠵᠠᠷ ᠢ ᠪᠦᠲᠦᠭᠡᠵᠦ ᠥᠪᠡᠷ ᠦᠨ ᠢᠶᠠᠨ ᠮᠡᠷᠭᠡᠨ ᠤᠬᠠᠭᠠᠨ ᠢᠶᠠᠷ ᠳᠡᠯᠡᠬᠡᠢ ᠶᠢ ᠲᠣᠭᠲᠠᠭᠠᠨ ᠥᠪᠡᠷ ᠦᠨ ᠢᠶᠠᠨ ᠣᠶᠤᠨ ᠰᠠᠨᠠᠭ᠎ᠠ ᠪᠠᠷ ᠲᠩᠷᠢ ᠶᠢ ᠳᠡᠯᠭᠡᠭᠰᠡᠨ ᠶᠤᠮ᠂
16 ᠳᠤᠤᠭᠠᠷᠬᠤ ᠳᠤᠨᠢ ᠲᠩᠷᠢ ᠶᠢᠨ ᠤᠰᠤ ᠬᠥᠳᠡᠯᠳᠡᠭ ᠳᠡᠯᠡᠬᠡᠢ ᠶᠢᠨ ᠬᠢᠵᠠᠭᠠᠷ ᠠᠴᠠ ᠲᠡᠷᠡ ᠡᠭᠦᠯᠡᠰ ᠢ ᠬᠥᠭᠡᠷᠭᠡᠵᠦ ᠴᠠᠬᠢᠯᠭᠠᠨ ᠴᠠᠬᠢᠯᠤᠭᠤᠯᠵᠤ᠂ ᠪᠣᠷᠣᠭ᠎ᠠ ᠣᠷᠣᠭᠤᠯᠤᠨ ᠬᠥᠮᠥᠷᠭᠡ ᠡᠴᠡ ᠪᠡᠨ ᠰᠠᠯᠬᠢ ᠶᠢ ᠭᠠᠷᠭᠠᠳᠠᠭ᠃
17 ᠬᠥᠮᠦᠨ ᠪᠦᠷᠢ ᠮᠡᠳᠡᠯᠭᠡ ᠦᠭᠡᠢ ᠮᠤᠩ᠋ᠬᠠᠭ ᠳᠠᠷᠬᠠᠨ ᠪᠦᠷᠢ ᠰᠡᠢᠯᠦᠭᠰᠡᠨ ᠰᠢᠲᠦᠭᠡᠨ ᠢᠶᠡᠷ ᠢᠶᠠᠨ ᠰᠢᠪᠰᠢᠭ ᠪᠣᠯᠳᠠᠭ ᠲᠡᠭᠦᠨ ᠦ ᠴᠢᠳᠬᠤᠮᠠᠯ ᠬᠥᠷᠥᠭ ᠤᠳ ᠬᠠᠭᠤᠷᠮᠠᠭ᠂ ᠲᠡᠳᠡᠭᠡᠷ ᠦᠨ ᠳᠣᠲᠣᠷ᠎ᠠ ᠠᠮᠢᠰᠬᠤᠯ ᠦᠭᠡᠢ ᠪᠥᠭᠡᠳ
18 ᠳᠡᠮᠡᠢ᠂ ᠬᠣᠭᠣᠰᠣᠨ ᠪᠦᠲᠦᠭᠡᠯ ᠰᠢᠳᠬᠡᠭᠳᠡᠬᠦ ᠦᠶ᠎ᠡ ᠳᠡᠭᠡᠨ ᠤᠰᠠᠳᠬᠤ ᠪᠣᠯᠣᠨ᠎ᠠ᠃
19 ᠬᠠᠷᠢᠨ ᠶᠠᠺᠣᠪ ᠤᠨ ᠥᠪ ᠨᠢ ᠡᠳᠡᠭᠡᠷ ᠲᠡᠢ ᠠᠳᠠᠯᠢ ᠪᠢᠰᠢ᠂ ᠲᠡᠷᠡ ᠪᠣᠯ ᠪᠦᠬᠦᠨ ᠦ ᠪᠦᠲᠦᠭᠡᠭᠴᠢ ᠪᠥᠭᠡᠳ ᠲᠡᠭᠦᠨ ᠦ ᠥᠮᠴᠢ ᠪᠣᠯᠣᠭᠰᠠᠨ ᠣᠪᠣᠭ ᠨᠢ ᠢᠰᠷᠧᠯ᠂ ᠲᠡᠭᠦᠨ ᠦ ᠨᠡᠷ᠎ᠡ ᠨᠢ ᠠᠤᠭ᠎ᠠ ᠬᠦᠴᠦᠲᠦ ᠶᠣᠬᠣᠸᠠ᠃

20 《ᠴᠢ ᠮᠢᠨᠦ ᠰᠢᠳᠠᠮ᠂ ᠲᠤᠯᠤᠯᠳᠤᠭᠠᠨ ᠤ ᠵᠡᠪᠰᠡᠭ ᠴᠢᠮ᠎ᠠ ᠪᠠᠷ ᠪᠢ ᠦᠨᠳᠦᠰᠦᠲᠡᠨ ᠨᠦᠭᠦᠳ ᠢ ᠴᠣᠬᠢᠪᠠ ᠴᠢᠮ᠎ᠠ ᠪᠠᠷ ᠪᠢ ᠬᠠᠭᠠᠨᠴᠢᠯᠠᠯ ᠤᠳ ᠢ ᠤᠰᠠᠳᠬᠠᠪᠠ᠃
21 ᠴᠢᠮ᠎ᠠ ᠪᠠᠷ ᠪᠢ ᠮᠣᠷᠢ ᠪᠣᠯᠣᠨ ᠮᠣᠷᠢᠲᠠᠨ ᠢ ᠨᠢ ᠴᠣᠬᠢᠪᠠ
22 ᠴᠢᠮ᠎ᠠ ᠪᠠᠷ ᠪᠢ ᠲᠡᠷᠭᠡ ᠪᠣᠯᠣᠨ ᠲᠡᠷᠭᠡᠴᠢᠨ ᠢ ᠨᠢ ᠴᠣᠬᠢᠪᠠ ᠴᠢᠮ᠎ᠠ ᠪᠠᠷ ᠪᠢ ᠡᠷᠡᠭᠲᠡᠢ ᠪᠣᠯᠣᠨ ᠡᠮᠡᠭᠲᠡᠢ ᠶᠢ ᠨᠢ ᠴᠣᠬᠢᠪᠠ ᠴᠢᠮ᠎ᠠ ᠪᠠᠷ ᠪᠢ ᠬᠥᠭᠰᠢᠨ ᠪᠣᠯᠣᠨ ᠵᠠᠯᠠᠭᠤ ᠶᠢ ᠨᠢ ᠴᠣᠬᠢᠪᠠ ᠴᠢᠮ᠎ᠠ ᠪᠠᠷ ᠪᠢ ᠬᠥᠪᠡᠭᠦᠨ ᠪᠣᠯᠣᠨ ᠥᠬᠢᠨ ᠢ ᠨᠢ ᠴᠣᠬᠢᠪᠠ
23 ᠴᠢᠮ᠎ᠠ ᠪᠠᠷ ᠪᠢ ᠬᠣᠨᠢᠴᠢᠨ ᠪᠣᠯᠣᠨ ᠰᠦᠷᠦᠭ ᠢ ᠨᠢ ᠴᠣᠬᠢᠪᠠ ᠴᠢᠮ᠎ᠠ ᠪᠠᠷ ᠪᠢ ᠲᠠᠷᠢᠶᠠᠴᠢᠨ ᠪᠣᠯᠣᠨ ᠦᠬᠡᠷ ᠢ ᠨᠢ ᠴᠣᠬᠢᠪᠠ ᠴᠢᠮ᠎ᠠ ᠪᠠᠷ ᠪᠢ ᠵᠠᠬᠢᠷᠤᠭᠴᠢᠳ ᠪᠣᠯᠣᠨ ᠲᠦᠰᠢᠮᠡᠳ ᠢ ᠨᠢ ᠴᠣᠬᠢᠪᠠ᠃
24 ᠬᠠᠷᠢᠨ ᠪᠠᠪᠢᠯᠣᠨ ᠪᠣᠯᠣᠨ ᠪᠠᠪᠢᠯᠣᠨ ᠤ ᠰᠠᠭᠤᠭᠠᠯᠢᠴᠢᠳ ᠤᠨ ᠽᠢᠶᠣᠨ ᠳᠤ ᠲᠠ ᠨᠠᠷ ᠤᠨ ᠨᠢᠳᠦᠨ ᠦ ᠡᠮᠦᠨ᠎ᠡ ᠦᠢᠯᠡᠳᠦᠭᠰᠡᠨ ᠠᠯᠢᠪᠠ ᠬᠣᠷᠣᠨ ᠮᠠᠭᠤ ᠶᠢᠨ ᠤᠯᠠᠮ ᠢᠶᠠᠷ ᠪᠢ ᠲᠡᠳᠡᠨ ᠳᠦ ᠬᠠᠷᠢᠭᠤ ᠥᠭᠭᠥᠨ᠎ᠡ᠂》 ᠶᠣᠬᠣᠸᠠ ᠠᠢᠯᠠᠳᠴᠤ ᠪᠠᠢᠨ᠎ᠠ᠃
25 ᠶᠣᠬᠣᠸᠠ ᠠᠢᠯᠠᠳᠴᠤ ᠪᠠᠢᠨ᠎ᠠ᠄ 《ᠪᠦᠬᠦᠢᠯᠡ ᠳᠡᠯᠡᠬᠡᠢ ᠶᠢ ᠤᠰᠠᠳᠬᠠᠭᠴᠢ ᠠᠭᠤᠯᠠ ᠴᠢ ᠬᠠᠷᠠ᠂ ᠪᠢ ᠴᠢᠨᠦ ᠡᠰᠡᠷᠭᠦ ᠪᠠᠢᠨ᠎ᠠ》 《ᠪᠢ ᠴᠢᠮ᠎ᠠ ᠤᠷᠤᠭᠤ ᠮᠤᠲᠤᠷ ᠢᠶᠠᠨ ᠰᠤᠩ᠋ᠭᠠᠵᠤ᠂ ᠴᠢᠮᠠᠶᠢ ᠬᠠᠳᠠᠨ ᠠᠴᠠ ᠥᠩᠬᠥᠷᠢᠭᠦᠯᠦᠨ᠂ ᠰᠢᠲᠠᠭᠰᠠᠨ ᠠᠭᠤᠯᠠ ᠪᠣᠯᠭᠠᠨ᠎ᠠ᠃
26 ᠴᠢ ᠡᠭᠦᠷᠢᠳᠡ ᠵᠡᠯᠢᠭᠦᠳ ᠪᠠᠢᠬᠤ ᠪᠣᠯᠣᠨ᠎ᠠ᠂ ᠬᠥᠮᠦᠰ ᠴᠢᠮ᠎ᠠ ᠠᠴᠠ ᠲᠤᠯᠭᠠᠭᠤᠷᠢ ᠪᠤᠶᠤ ᠰᠠᠭᠤᠷᠢ ᠴᠢᠯᠠᠭᠤ ᠠᠪᠬᠤ ᠦᠭᠡᠢ᠂》 ᠶᠣᠬᠣᠸᠠ ᠠᠢᠯᠠᠳᠴᠤ ᠪᠠᠢᠨ᠎ᠠ᠃
27 ᠭᠠᠵᠠᠷ ᠳᠡᠭᠡᠷ᠎ᠡ ᠨᠢ ᠲᠤᠭ ᠪᠣᠰᠬ᠎ᠠ ᠦᠨᠳᠦᠰᠦᠲᠡᠨ ᠨᠦᠭᠦᠳ ᠦᠨ ᠳᠤᠮᠳᠠ ᠪᠦᠷᠢᠶ᠎ᠡ ᠦᠯᠢᠶᠡ︕ ᠲᠡᠭᠦᠨ ᠢ ᠴᠣᠬᠢᠬᠤ ᠦᠨᠳᠦᠰᠦᠲᠡᠨ ᠨᠦᠭᠦᠳ ᠢ ᠲᠤᠰᠠᠭᠠᠷᠯᠠ ᠲᠡᠭᠦᠨ ᠢ ᠴᠣᠬᠢᠬᠤ ᠠᠷᠠᠷᠠᠲ᠂ ᠮᠢᠨᠨᠢ ᠪᠣᠯᠣᠨ ᠠᠱᠺᠧᠨᠠᠽ ᠭᠦᠷᠦᠨ ᠢ ᠴᠤᠭᠯᠠᠭᠤᠯ ᠲᠡᠭᠦᠨ ᠢ ᠴᠣᠬᠢᠬᠤ ᠵᠠᠩᠵᠤᠨ ᠢ ᠲᠣᠮᠢᠯᠠ᠂ ᠴᠠᠷᠴᠠᠬᠠᠢ ᠨᠤᠭᠤᠳ ᠮᠡᠲᠦ ᠲᠣᠭᠠᠯᠠᠰᠢ ᠦᠭᠡᠢ ᠣᠯᠠᠨ ᠮᠣᠷᠢ ᠶᠢ ᠠᠪᠴᠢᠷᠠ᠃
28 ᠲᠡᠭᠦᠨ ᠢ ᠴᠣᠬᠢᠬᠤ ᠦᠨᠳᠦᠰᠦᠲᠡᠨ ᠨᠦᠭᠦᠳ ᠢ᠂ ᠮᠧᠳᠧᠴᠤᠳ ᠤᠨ ᠬᠠᠭᠠᠳ᠂ ᠵᠠᠬᠢᠷᠤᠭᠴᠢᠳ᠂ ᠪᠦᠬᠦ ᠲᠦᠰᠢᠮᠡᠯ ᠬᠢᠭᠡᠳ ᠲᠡᠳᠡᠨ ᠦ ᠬᠠᠷᠢᠶᠠᠲᠤ ᠨᠤᠲᠤᠭ ᠪᠦᠷᠢ ᠶᠢ ᠲᠤᠰᠠᠭᠠᠷᠯᠠ᠃
29 ᠪᠠᠪᠢᠯᠣᠨ ᠤ ᠨᠤᠲᠤᠭ ᠢ ᠰᠠᠭᠤᠭᠠᠯᠢᠴᠢᠳ ᠦᠭᠡᠢ ᠵᠡᠯᠢᠭᠦᠳ ᠪᠣᠯᠭᠠᠬᠤ ᠭᠡᠰᠡᠨ ᠪᠠᠪᠢᠯᠣᠨ ᠤ ᠲᠠᠯ᠎ᠠ ᠪᠠᠷ ᠬᠢ ᠶᠣᠬᠣᠸᠠ ᠶᠢᠨ ᠵᠣᠷᠢᠯᠭ᠎ᠠ ᠪᠡᠶᠡᠯᠡᠭᠳᠡᠬᠦ ᠳᠦ ᠭᠠᠵᠠᠷ ᠬᠥᠳᠡᠯᠵᠦ᠂ ᠭᠠᠩ᠋ᠬᠤᠬᠤ ᠪᠣᠯᠣᠨ᠎ᠠ᠃
30 ᠪᠠᠪᠢᠯᠣᠨ ᠤ ᠳᠠᠢᠴᠢᠳ ᠪᠠᠢᠯᠳᠤᠬᠤ ᠪᠠᠨ ᠪᠣᠯᠢᠵᠤ᠂ ᠪᠠᠲᠤ ᠴᠠᠢᠵᠠ ᠳᠠᠭᠠᠨ ᠦᠯᠡᠳᠡᠪᠡ ᠡᠷ᠎ᠡ ᠴᠢᠳᠠᠯ ᠨᠢ ᠳᠣᠷᠣᠢᠲᠠᠵᠤ᠂ ᠡᠮᠡᠭᠲᠡᠢ ᠬᠥᠮᠦᠨ ᠲᠡᠢ ᠠᠳᠠᠯᠢ ᠪᠣᠯᠣᠯ᠎ᠠ᠂ ᠣᠷᠣᠨ ᠰᠠᠭᠤᠴᠠ ᠨᠢ ᠭᠠᠯ ᠳᠤ ᠰᠢᠲᠠᠭᠠᠭᠳᠠᠵᠤ᠂ ᠣᠨᠢᠰᠣ ᠲᠦᠭᠵᠢᠶ᠎ᠡ ᠨᠢ ᠡᠪᠳᠡᠷᠡᠵᠡᠢ᠃
31 ᠨᠢᠭᠡ ᠤᠯᠠᠭᠠᠴᠢ ᠭᠦᠶᠦᠨ ᠨᠥᠭᠥᠭᠡ ᠲᠠᠢ ᠪᠠᠨ ᠠᠭᠤᠯᠵᠠᠵᠤ᠂ ᠨᠢᠭᠡ ᠡᠯᠴᠢ ᠭᠦᠶᠦᠨ ᠨᠥᠭᠥᠭᠡ ᠲᠠᠢ ᠪᠠᠨ ᠠᠭᠤᠯᠵᠠᠨ ᠪᠠᠪᠢᠯᠣᠨ ᠤ ᠬᠠᠭᠠᠨ ᠳᠤ ᠠᠢᠯᠠᠳᠬᠠᠵᠤ᠄ 《ᠬᠣᠲᠠ ᠶᠢᠨ ᠬᠢᠯᠢ ᠡᠵᠡᠯᠡᠭᠳᠡᠵᠦ
32 ᠭᠠᠷᠬᠤ ᠵᠠᠮ ᠤᠳ ᠬᠠᠭᠠᠭᠳᠠᠨ ᠵᠡᠭᠡᠰᠦ ᠲᠠᠢ ᠨᠠᠮᠤᠭ ᠤᠳ ᠴᠤ ᠭᠠᠯ ᠳᠤ ᠰᠢᠲᠠᠭᠠᠭᠳᠠᠵᠤ ᠳᠠᠢᠴᠢᠳ ᠠᠶᠤᠨ ᠰᠠᠨᠳᠤᠷᠪᠠ》 ᠭᠡᠨ᠎ᠡ᠃
33 ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠄ 《ᠥᠬᠢᠨ ᠪᠠᠪᠢᠯᠣᠨ ᠪᠡᠷ ᠭᠢᠰᠬᠢᠭᠳᠡᠬᠦ ᠴᠠᠭ ᠨᠢ ᠪᠣᠯᠣᠭᠰᠠᠨ ᠦᠲᠦᠷᠮ᠎ᠡ ᠲᠠᠢ ᠠᠳᠠᠯᠢ ᠤᠷᠭᠤᠴᠠ ᠬᠤᠷᠢᠶᠠᠬᠤ ᠴᠠᠭ ᠤᠳᠠᠬᠤ ᠦᠭᠡᠢ ᠲᠡᠭᠦᠨ ᠳᠦ ᠢᠷᠡᠨ᠎ᠡ᠃》

34 《ᠪᠠᠪᠢᠯᠣᠨ ᠤ ᠬᠠᠭᠠᠨ ᠨᠧᠪᠦ᠋ᠺᠠᠨᠧᠽᠠᠷ ᠪᠢᠳᠡᠨ ᠢ ᠵᠠᠵᠢᠯᠤᠨ ᠢᠳᠡᠵᠦ ᠪᠢᠳᠡᠨ ᠢ ᠬᠣᠭᠣᠰᠣᠨ ᠰᠠᠪᠠ ᠪᠣᠯᠭᠠᠭᠰᠠᠨ ᠪᠢᠳᠡᠨ ᠢ ᠮᠠᠩ᠋ᠭᠤᠰ ᠮᠡᠲᠦ ᠵᠠᠯᠭᠢᠨ ᠠᠮᠲᠠᠲᠤ ᠬᠣᠭᠣᠯᠠ ᠪᠠᠨ ᠪᠣᠯᠭᠠᠵᠤ᠂ ᠬᠣᠳᠣᠭᠣᠳᠣ ᠪᠠᠨ ᠳᠦᠭᠦᠷᠭᠡᠭᠰᠡᠨ ᠦ ᠳᠠᠷᠠᠭ᠎ᠠ ᠪᠠᠰᠠ ᠵᠠᠢᠯᠵᠤ ᠭᠠᠷᠭᠠᠭᠰᠠᠨ
35 ᠨᠠᠳᠠ ᠳᠤ ᠪᠣᠯᠣᠨ ᠮᠢᠨᠦ ᠭᠡᠷ ᠪᠦᠯᠢ ᠶᠢᠨ ᠬᠢᠨ ᠳᠤ ᠦᠢᠯᠡᠳᠦᠭᠰᠡᠨ ᠬᠦᠴᠦᠷᠬᠡᠭᠯᠡᠯ ᠪᠠᠪᠢᠯᠣᠨ ᠤᠷᠤᠭᠤ ᠡᠷᠭᠢᠵᠦ ᠪᠠᠭᠤᠭ》 ᠭᠡᠵᠦ ᠽᠢᠶᠣᠨ ᠤ ᠰᠠᠭᠤᠭᠠᠯᠢᠴᠢᠳ ᠬᠡᠯᠡᠨ᠎ᠡ᠂ 《ᠮᠢᠨᠦ ᠴᠢᠰᠤ ᠪᠠᠪᠢᠯᠣᠨ ᠤ ᠰᠠᠭᠤᠭᠠᠯᠢᠴᠢᠳ ᠤᠷᠤᠭᠤ ᠡᠷᠭᠢᠵᠦ ᠪᠠᠭᠤᠭ》 ᠭᠡᠵᠦ ᠶᠧᠷᠦ᠋ᠰᠠᠯᠧᠮ ᠬᠡᠯᠡᠬᠦ ᠪᠣᠯᠣᠨ᠎ᠠ᠃
36 ᠲᠡᠢᠮᠦ ᠡᠴᠡ ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠠᠷᠠ᠂ ᠪᠢ ᠴᠢᠨᠦ ᠬᠦᠰᠡᠯᠲᠡ ᠶᠢ ᠭᠦᠢᠴᠡᠯᠳᠦᠭᠦᠯᠵᠦ᠂ ᠴᠢᠨᠦ ᠲᠥᠯᠥᠭᠡ ᠥᠰᠢᠶ᠎ᠡ ᠠᠪᠤᠨ᠎ᠠ ᠪᠢ ᠲᠡᠭᠦᠨ ᠦ ᠲᠠᠩᠭᠢᠰ ᠢ ᠬᠠᠲᠠᠭᠠᠵᠤ᠂ ᠪᠤᠯᠠᠭ ᠢ ᠨᠢ ᠰᠢᠷᠭᠢᠭᠡᠨ᠎ᠡ᠃
37 ᠪᠠᠪᠢᠯᠣᠨ ᠡᠪᠳᠡᠷᠬᠡᠢ ᠣᠪᠣᠭ᠎ᠠ᠂ ᠴᠥᠭᠡᠪᠦᠷᠢ ᠴᠢᠨᠣ᠎ᠠ ᠨᠤᠭᠤᠳ ᠤᠨ ᠡᠭᠦᠷ ᠵᠢᠭ᠍ᠰᠢᠯ ᠳᠣᠷᠣᠮᠵᠢᠯᠠᠯ ᠤᠨ ᠰᠢᠯᠲᠠᠭᠠᠨ᠂ ᠰᠠᠭᠤᠭᠠᠯᠢᠴᠢ ᠦᠭᠡᠢ ᠭᠠᠵᠠᠷ ᠪᠣᠯᠣᠨ᠎ᠠ᠃
38 ᠪᠠᠪᠢᠯᠣᠨᠴᠤᠳ ᠪᠦᠭᠦᠳᠡᠭᠡᠷ ᠠᠷᠰᠯᠠᠨ ᠮᠡᠲᠦ ᠠᠷᠬᠢᠷᠠᠵᠤ᠂ ᠠᠷᠰᠯᠠᠨ ᠤ ᠭᠦᠶᠦᠭ ᠮᠡᠲᠦ ᠬᠦᠷᠬᠢᠷᠡᠨ᠎ᠡ᠃
39 ᠲᠡᠳᠡ ᠬᠠᠯᠠᠮᠰᠠᠭᠰᠠᠨ ᠬᠣᠢᠨ᠎ᠠ ᠪᠢ ᠲᠡᠳᠡᠨ ᠳᠦ ᠨᠠᠢᠷ ᠬᠢᠵᠦ ᠲᠡᠳᠡᠨ ᠢ ᠰᠣᠭᠲᠣᠭᠠᠨ᠎ᠠ᠂ ᠲᠡᠳᠡ ᠴᠡᠩᠭᠡᠭᠰᠡᠨ ᠢᠶᠡᠨ ᠡᠭᠦᠷᠢᠳᠡ ᠨᠣᠢᠷᠰᠣᠬᠤ ᠪᠥᠭᠡᠳ ᠰᠡᠷᠢᠬᠦ ᠦᠭᠡᠢ᠂》 ᠶᠣᠬᠣᠸᠠ ᠠᠢᠯᠠᠳᠴᠤ ᠪᠠᠢᠨ᠎ᠠ᠃
40 《ᠪᠢ ᠲᠡᠳᠡᠨ ᠢ ᠬᠤᠷᠠᠭ᠎ᠠ ᠪᠤᠶᠤ ᠬᠤᠴᠠ ᠤᠬᠤᠨ᠎ᠠ ᠮᠡᠲᠦ ᠨᠢᠲᠤᠯᠬᠤ ᠭᠠᠵᠠᠷ ᠤᠷᠤᠭᠤ ᠠᠪᠠᠴᠢᠨ᠎ᠠ᠃
41 ᠥ᠂ ᠱᠧᠱᠠᠺ 17 ᠡᠵᠡᠯᠡᠭᠳᠡᠵᠡᠢ᠂ ᠪᠦᠬᠦ ᠳᠡᠯᠡᠬᠡᠢ ᠶᠢᠨ ᠮᠠᠭᠲᠠᠳᠠᠭ ᠬᠣᠲᠠ ᠪᠤᠯᠢᠶᠠᠭᠳᠠᠵᠠᠢ︕ ᠥ᠂ ᠪᠠᠪᠢᠯᠣᠨ ᠦᠨᠳᠦᠰᠦᠲᠡᠨ ᠨᠦᠭᠦᠳ ᠦᠨ ᠳᠤᠮᠳᠠ ᠵᠢᠭ᠍ᠰᠢᠯ ᠪᠣᠯᠵᠠᠢ︕
42 ᠳᠠᠯᠠᠢ ᠶᠢᠨ ᠤᠰᠤ ᠪᠠᠪᠢᠯᠣᠨ ᠤ ᠳᠡᠭᠡᠭᠦᠷ ᠭᠠᠷᠴᠤ ᠳᠣᠭᠰᠢᠨ ᠳᠠᠪᠠᠯᠭᠠᠨ ᠲᠡᠭᠦᠨ ᠢ ᠨᠥᠮᠥᠷᠴᠡᠢ᠃
43 ᠲᠡᠭᠦᠨ ᠦ ᠬᠣᠲᠠ ᠲᠣᠰᠬᠣᠳ ᠡᠵᠡᠭᠦᠢᠷᠡᠵᠦ᠂ ᠬᠠᠲᠠᠭᠰᠠᠨ ᠴᠥᠯ ᠭᠠᠵᠠᠷ ᠪᠣᠯᠣᠨ᠎ᠠ᠂ ᠲᠡᠨᠳᠡ ᠬᠥᠮᠦᠨ ᠰᠠᠭᠤᠬᠤ ᠦᠭᠡᠢ ᠲᠡᠷᠡᠭᠦᠷ ᠬᠡᠨ ᠴᠤ ᠥᠩᠭᠡᠷᠡᠬᠦ ᠦᠭᠡᠢ᠃
44 ᠪᠢ ᠪᠠᠪᠢᠯᠣᠨ ᠳᠤ ᠪᠧᠯ ᠢ ᠰᠢᠳᠬᠡᠵᠦ ᠲᠡᠭᠦᠨ ᠦ ᠵᠠᠯᠭᠢᠭᠰᠠᠨ ᠵᠦᠢᠯ ᠢ ᠠᠮᠠᠨ ᠠᠴᠠ ᠨᠢ ᠭᠠᠷᠭᠠᠨ᠎ᠠ ᠦᠨᠳᠦᠰᠦᠲᠡᠨ ᠨᠦᠭᠦᠳ ᠲᠡᠭᠦᠨ ᠤᠷᠤᠭᠤ ᠤᠷᠤᠰᠬᠤ ᠪᠠᠨ ᠪᠣᠯᠢᠨ᠎ᠠ᠃ ᠪᠠᠪᠢᠯᠣᠨ ᠤ ᠬᠡᠷᠡᠮ ᠯᠠᠪᠲᠠᠢ ᠤᠨᠠᠨ᠎ᠠ︕

45 ᠲᠡᠭᠦᠨ ᠡᠴᠡ ᠭᠠᠷᠴᠤ ᠢᠷ᠎ᠡ᠂ ᠠᠷᠠᠳ ᠲᠦᠮᠡᠨ ᠮᠢᠨᠢ ᠡ᠂ ᠲᠡᠢᠨ ᠬᠦ ᠲᠠ ᠨᠠᠷ ᠤᠨ ᠬᠥᠮᠦᠨ ᠪᠦᠷᠢ ᠶᠣᠬᠣᠸᠠ ᠶᠢᠨ ᠰᠢᠷᠦᠭᠦᠨ ᠬᠢᠯᠢᠩ ᠡᠴᠡ ᠥᠪᠡᠷᠰᠡᠳ ᠢ ᠪᠠᠨ ᠠᠪᠤᠷᠠ᠃
46 ᠲᠡᠭᠡᠪᠡᠯ ᠲᠡᠷᠡ ᠨᠤᠲᠤᠭ ᠲᠤ ᠰᠣᠨᠣᠰᠳᠠᠬᠤ ᠮᠡᠳᠡᠭᠡ ᠡᠴᠡ ᠪᠣᠯᠣᠭᠠᠳ ᠵᠢᠷᠦᠬᠡ ᠮᠣᠬᠣᠵᠤ᠂ ᠠᠶᠤᠬᠤ ᠬᠡᠷᠡᠭ ᠦᠭᠡᠢ ᠪᠣᠯᠣᠨ᠎ᠠ᠂ ᠤᠴᠢᠷ ᠨᠢ ᠲᠡᠷᠡ ᠨᠤᠲᠤᠭ ᠲᠤ ᠪᠣᠯᠬᠤ ᠬᠦᠴᠦᠷᠬᠡᠭᠯᠡᠯ᠂ ᠡᠰᠡᠪᠡᠯ ᠵᠠᠬᠢᠷᠤᠭᠴᠢ ᠨᠢ ᠵᠠᠬᠢᠷᠤᠭᠴᠢ ᠲᠠᠢ ᠪᠠᠨ ᠳᠠᠢᠲᠤᠬᠤ ᠮᠡᠳᠡᠭᠡ ᠵᠢᠯ ᠳᠠᠷᠠᠭᠠᠯᠠᠨ ᠥᠭᠡᠷ᠎ᠡ ᠥᠭᠡᠷ᠎ᠡ ᠪᠠᠢᠬᠤ ᠪᠣᠯᠣᠨ᠎ᠠ᠃
47 ᠲᠡᠢᠨ ᠬᠦ ᠪᠢ ᠪᠠᠪᠢᠯᠣᠨ ᠤ ᠰᠢᠲᠦᠭᠡᠨ ᠨᠦᠭᠦᠳ ᠢ ᠰᠢᠳᠬᠡᠨ᠎ᠡ ᠬᠠᠷᠠ᠂ ᠲᠡᠷᠡ ᠡᠳᠦᠷ ᠤᠳ ᠢᠷᠡᠵᠦ ᠪᠠᠢᠨ᠎ᠠ ᠲᠡᠭᠦᠨ ᠦ ᠪᠦᠬᠦ ᠭᠠᠵᠠᠷ ᠨᠤᠲᠤᠭ ᠢᠴᠢᠭᠦᠷᠢ ᠳᠤ ᠣᠷᠣᠵᠤ ᠠᠯᠠᠭᠳᠠᠭᠰᠠᠳ ᠨᠢ ᠪᠦᠭᠦᠳᠡᠭᠡᠷ ᠲᠡᠨᠳᠡ ᠪᠡᠨ ᠤᠨᠠᠬᠤ ᠪᠣᠯᠣᠨ᠎ᠠ᠃
48 ᠤᠮᠠᠷᠠᠲᠤ ᠠᠴᠠ ᠰᠦᠢᠳᠬᠡᠭᠴᠢᠳ ᠢᠷᠡᠬᠦ ᠳᠦ ᠲᠩᠷᠢ ᠭᠠᠵᠠᠷ ᠪᠣᠯᠣᠨ ᠲᠡᠨᠳᠡᠬᠢ ᠶᠢᠨ ᠬᠢᠨ ᠪᠦᠭᠦᠳᠡᠭᠡᠷ ᠪᠠᠪᠢᠯᠣᠨ ᠤ ᠤᠯᠠᠮ ᠢᠶᠠᠷ ᠪᠠᠶᠠᠷ ᠲᠠᠢ ᠪᠠᠷ ᠬᠠᠰᠬᠢᠷᠬᠤ ᠪᠣᠯᠣᠨ᠎ᠠ᠂》 ᠶᠣᠬᠣᠸᠠ ᠠᠢᠯᠠᠳᠴᠤ ᠪᠠᠢᠨ᠎ᠠ᠃
49 ᠪᠠᠪᠢᠯᠣᠨ ᠢᠰᠷᠧᠯ ᠢ ᠤᠨᠠᠭᠠᠭᠰᠠᠨ ᠤᠴᠢᠷ ᠠᠴᠠ ᠤᠨᠠᠭᠠᠭᠰᠠᠨ ᠭᠦᠷᠦᠨ ᠨᠦᠭᠦᠳ ᠲᠡᠢ ᠪᠡᠨ ᠠᠳᠠᠯᠢ ᠤᠨᠠᠬᠤ ᠶᠣᠰᠣᠲᠠᠢ᠃
50 ᠡᠢᠮᠦ ᠡᠴᠡ ᠢᠯᠳᠦᠨ ᠡᠴᠡ ᠮᠤᠯᠲᠤᠷᠠᠭᠰᠠᠨ ᠬᠥᠮᠦᠰ ᠡ᠂ ᠶᠠᠪᠤ︕ ᠪᠦᠦ ᠵᠣᠭᠰᠣ︕ ᠠᠯᠤᠰ ᠲᠤ ᠪᠠᠢᠬᠤ ᠳᠠᠭᠠᠨ ᠴᠤ ᠶᠣᠬᠣᠸᠠ ᠶᠢ ᠰᠠᠨᠠ ᠶᠧᠷᠦ᠋ᠰᠠᠯᠧᠮ ᠢ ᠰᠠᠨᠠᠭᠠᠨ ᠳᠠᠭᠠᠨ ᠬᠠᠳᠠᠭᠠᠯᠠ᠃
51 ᠶᠣᠬᠣᠸᠠ ᠶᠢᠨ ᠥᠷᠭᠥᠭᠡᠨ ᠦ ᠠᠷᠢᠭᠤᠨ ᠭᠠᠵᠠᠷ ᠲᠤ ᠬᠠᠷᠢᠴᠤᠳ ᠣᠷᠣᠭᠰᠠᠨ ᠪᠠᠰᠤᠮᠵᠢᠯᠠᠯ ᠢ ᠨᠢ ᠰᠣᠨᠣᠰᠣᠭᠠᠳ ᠪᠢᠳᠡ ᠰᠢᠪᠰᠢᠭ ᠪᠣᠯᠣᠯ᠎ᠠ ᠪᠢᠳᠡᠨ ᠦ ᠨᠢᠭᠤᠷ ᠢ ᠢᠴᠢᠭᠦᠷᠢ ᠪᠦᠷᠬᠦᠪᠡ᠃

52 《ᠲᠡᠢᠮᠦ ᠡᠴᠡ ᠪᠢ ᠲᠡᠭᠦᠨ ᠦ ᠰᠢᠲᠦᠭᠡᠨ ᠨᠦᠭᠦᠳ ᠢ ᠰᠢᠳᠬᠡᠨ᠎ᠡ᠂ ᠬᠠᠷᠠ᠂ ᠲᠡᠷᠡ ᠡᠳᠦᠷ ᠤᠳ ᠢᠷᠡᠵᠦ ᠪᠠᠢᠨ᠎ᠠ ᠲᠡᠭᠦᠨ ᠦ ᠣᠷᠣᠨ ᠳᠠᠶᠠᠭᠠᠷ ᠰᠢᠷᠬᠠᠲᠤᠭᠰᠠᠨ ᠣᠯᠠᠨ ᠶᠣᠣᠯᠠᠬᠤ ᠪᠣᠯᠣᠨ᠎ᠠ᠂》 ᠶᠣᠬᠣᠸᠠ ᠠᠢᠯᠠᠳᠴᠤ ᠪᠠᠢᠨ᠎ᠠ᠃
53 《ᠬᠡᠳᠦᠢᠪᠡᠷ ᠪᠠᠪᠢᠯᠣᠨ ᠲᠩᠷᠢ ᠲᠤᠯᠤᠭᠰᠠᠨ ᠴᠤ ᠲᠣᠯᠣᠭᠠᠳ ᠳᠠᠬᠢ ᠴᠠᠢᠵᠠ ᠨᠤᠭᠤᠳ ᠢᠶᠠᠨ ᠪᠡᠬᠢᠯᠡᠭᠰᠡᠨ ᠴᠤ ᠪᠢ ᠰᠦᠢᠳᠬᠡᠭᠴᠢᠳ ᠢᠶᠠᠨ ᠲᠡᠭᠦᠨ ᠤᠷᠤᠭᠤ ᠶᠠᠪᠤᠭᠤᠯᠤᠨ᠎ᠠ᠂》 ᠶᠣᠬᠣᠸᠠ ᠠᠢᠯᠠᠳᠴᠤ ᠪᠠᠢᠨ᠎ᠠ᠃
54 ᠪᠠᠪᠢᠯᠣᠨ ᠠᠴᠠ ᠬᠠᠰᠬᠢᠷᠤᠭᠠᠨ ᠤ ᠳᠠᠭᠤ ᠪᠠᠪᠢᠯᠣᠨᠴᠤᠳ ᠤᠨ ᠨᠤᠲᠤᠭ ᠠᠴᠠ ᠶᠡᠬᠡ ᠰᠦᠢᠷᠡᠯ ᠦᠨ ᠴᠢᠮᠡᠭᠡ ᠭᠠᠷᠪᠠ᠂
55 ᠶᠣᠬᠣᠸᠠ ᠪᠠᠪᠢᠯᠣᠨ ᠢ ᠤᠰᠠᠳᠬᠠᠬᠤ ᠭᠡᠵᠦ ᠪᠠᠢᠨ᠎ᠠ ᠲᠡᠷᠡ ᠲᠡᠳᠡᠨ ᠦ ᠴᠢᠩᠭ᠍᠎ᠠ ᠳᠠᠭᠤ ᠶᠢ ᠨᠠᠮ ᠪᠣᠯᠭᠠᠨ᠎ᠠ᠂ ᠳᠠᠢᠰᠤᠨ ᠨᠤᠭᠤᠳ ᠤᠨ ᠬᠢᠨᠢ ᠳᠠᠪᠠᠯᠭᠠᠨ ᠶᠡᠬᠡ ᠤᠰᠤ ᠮᠡᠲᠦ ᠬᠦᠷᠬᠢᠷᠡᠵᠦ ᠲᠡᠳᠡᠨ ᠦ ᠬᠢᠨᠢ ᠳᠠᠭᠤ ᠯᠠ ᠰᠣᠨᠣᠰᠳᠠᠵᠤ ᠪᠠᠢᠨ᠎ᠠ᠃
56 ᠦᠨᠡᠬᠡᠷ ᠪᠠᠪᠢᠯᠣᠨ ᠢ ᠰᠦᠢᠳᠬᠡᠭᠴᠢ ᠢᠷᠡᠨ᠎ᠡ ᠪᠠᠪᠢᠯᠣᠨ ᠤ ᠳᠠᠢᠴᠢᠳ ᠣᠯᠵᠠᠯᠠᠭᠳᠠᠵᠤ ᠲᠡᠳᠡᠨ ᠦ ᠨᠤᠮᠤ ᠨᠤᠭᠤᠳ ᠬᠤᠭᠤᠯᠤᠭᠳᠠᠨ᠎ᠠ ᠶᠣᠬᠣᠸᠠ ᠪᠣᠯ ᠬᠠᠷᠢᠭᠤ ᠠᠪᠳᠠᠭ ᠪᠤᠷᠬᠠᠨ᠂ ᠲᠡᠷᠡ ᠵᠠᠪᠠᠯ ᠬᠠᠷᠢᠭᠤᠯᠤᠨ᠎ᠠ᠃
57 《ᠪᠢ ᠲᠡᠭᠦᠨ ᠦ ᠲᠦᠰᠢᠮᠡᠳ᠂ ᠲᠡᠭᠦᠨ ᠦ ᠮᠡᠷᠭᠡᠳ ᠲᠡᠭᠦᠨ ᠦ ᠵᠠᠬᠢᠷᠤᠭᠴᠢᠳ᠂ ᠲᠡᠭᠦᠨ ᠦ ᠲᠥᠯᠥᠭᠡᠯᠡᠭᠴᠢᠳ ᠪᠣᠯᠣᠨ ᠳᠠᠢᠴᠢᠳ ᠢ ᠰᠣᠭᠲᠣᠭᠠᠨ᠎ᠠ ᠲᠡᠳᠡ ᠡᠭᠦᠷᠢᠳᠡ ᠨᠣᠢᠷᠰᠣᠵᠤ᠂ ᠰᠡᠷᠢᠬᠦ ᠦᠭᠡᠢ᠂》 ᠠᠤᠭ᠎ᠠ ᠬᠦᠴᠦᠲᠦ ᠶᠣᠬᠣᠸᠠ ᠭᠡᠭᠳᠡᠳᠡᠭ ᠬᠠᠭᠠᠨ ᠠᠢᠯᠠᠳᠴᠤ ᠪᠠᠢᠨ᠎ᠠ᠃
58 ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 《ᠪᠠᠪᠢᠯᠣᠨ ᠤ ᠥᠷᠭᠡᠨ ᠬᠡᠷᠡᠮ ᠪᠦᠷᠢᠮᠦᠰᠦᠨ ᠨᠤᠷᠠᠵᠤ᠂ ᠲᠡᠭᠦᠨ ᠦ ᠥᠨᠳᠥᠷ ᠬᠠᠭᠠᠯᠭ᠎ᠠ ᠨᠤᠭᠤᠳ ᠭᠠᠯ ᠳᠤ ᠰᠢᠲᠠᠨ᠎ᠠ ᠲᠡᠢᠨ ᠬᠦ ᠠᠷᠠᠳ ᠣᠯᠠᠨ ᠤ ᠬᠢᠭᠰᠡᠨ ᠠᠵᠢᠯ ᠲᠠᠯᠠᠭᠠᠷ ᠪᠣᠯᠵᠤ᠂ ᠦᠨᠳᠦᠰᠦᠲᠡᠨ ᠨᠦᠭᠦᠳ ᠦᠨ ᠵᠦᠳᠡᠷᠡᠭᠰᠡᠨ ᠦᠢᠯᠡᠰ ᠭᠠᠯ ᠳᠤ ᠣᠷᠣᠨ᠎ᠠ᠃》

59 ᠶᠦᠳᠠ ᠶᠢᠨ ᠬᠠᠭᠠᠨ ᠽᠧᠳᠧᠺᠢᠶ᠎ᠠ ᠶᠢᠨ ᠬᠠᠭᠠᠨᠴᠢᠯᠠᠯ ᠤᠨ ᠬᠢᠨᠢ ᠳᠥᠷᠪᠡᠳᠦᠭᠡᠷ ᠣᠨ ᠳᠤ᠂ ᠲᠡᠭᠦᠨ ᠲᠡᠢ ᠬᠠᠮᠲᠤ ᠮᠠᠰᠧᠶ᠎ᠠ ᠶᠢᠨ ᠠᠴᠢ᠂ ᠨᠧᠷᠢᠶ᠎ᠠ ᠶᠢᠨ ᠬᠦᠦ᠂ ᠬᠠᠭᠠᠨ ᠤ ᠰᠢᠳᠠᠷ ᠲᠤᠰᠠᠯᠠᠭᠴᠢ ᠰᠧᠷᠠᠢᠶ᠎ᠠ ᠪᠠᠪᠢᠯᠣᠨ ᠳᠤ ᠣᠴᠢᠬᠤ ᠪᠣᠯᠣᠯ᠎ᠠ᠃ ᠲᠡᠷᠡ ᠦᠶ᠎ᠡ ᠳᠦ ᠡᠰᠢ ᠦᠵᠡᠭᠦᠯᠦᠭᠴᠢ ᠶᠧᠷᠧᠮᠢᠶ᠎ᠠ ᠲᠡᠭᠦᠨ ᠳᠦ ᠦᠭᠡ ᠵᠠᠬᠢᠭᠰᠠᠨ ᠶᠤᠮ᠃ 60 ᠶᠧᠷᠧᠮᠢᠶ᠎ᠠ ᠪᠠᠪᠢᠯᠣᠨ ᠳᠤ ᠪᠠᠭᠤᠬᠤ ᠠᠯᠢᠪᠠ ᠭᠠᠮᠰᠢᠭ ᠢ ᠨᠢᠭᠡᠨ ᠬᠤᠢᠯᠠᠮᠠᠯ ᠳᠤ ᠪᠢᠴᠢᠭᠰᠡᠨ ᠪᠠᠢᠯ᠎ᠠ᠃ ᠪᠠᠪᠢᠯᠣᠨ ᠤ ᠲᠠᠯ᠎ᠠ ᠪᠠᠷ ᠬᠢ ᠡᠨᠡ ᠪᠦᠬᠦ ᠦᠭᠡ ᠪᠢᠴᠢᠭᠳᠡᠭᠰᠡᠨ ᠠᠵᠢ᠃ 61 ᠶᠧᠷᠧᠮᠢᠶ᠎ᠠ ᠰᠧᠷᠠᠢᠶ᠎ᠠ ᠳᠤ᠄ 《ᠴᠢ ᠪᠠᠪᠢᠯᠣᠨ ᠳᠤ ᠬᠦᠷᠪᠡᠯ᠂ ᠡᠨᠡ ᠪᠦᠬᠦ ᠦᠭᠡ ᠶᠢ ᠴᠢᠩᠭ᠍᠎ᠠ ᠪᠠᠷ ᠤᠩ᠋ᠰᠢᠵᠤ᠂ 62 ᠶᠣᠬᠣᠸᠠ ᠡᠨᠡ ᠭᠠᠵᠠᠷ ᠤᠨ ᠲᠤᠬᠠᠢ᠄ 〈ᠪᠢ ᠡᠭᠦᠨ ᠢ ᠤᠰᠠᠳᠬᠠᠵᠤ᠂ ᠡᠨᠡ ᠭᠠᠵᠠᠷ ᠬᠥᠮᠦᠨ ᠠᠮᠢᠲᠠᠨ ᠠᠮᠢᠳᠤᠷᠠᠬᠤ ᠦᠭᠡᠢ᠂ ᠡᠭᠦᠷᠢᠳᠡ ᠵᠡᠯᠢᠭᠦᠳ ᠪᠣᠯᠣᠨ᠎ᠠ〉 ᠭᠡᠰᠡᠨ ᠭᠡᠵᠦ ᠬᠡᠯᠡᠭᠲᠦᠨ᠂ 63 ᠲᠡᠢᠨ ᠬᠦ ᠴᠢ ᠡᠨᠡ ᠬᠤᠢᠯᠠᠮᠠᠯ ᠢ ᠤᠩ᠋ᠰᠢᠵᠤ ᠳᠠᠭᠤᠰᠬᠠᠪᠠᠯ᠂ ᠲᠡᠭᠦᠨ ᠳᠦ ᠴᠢᠯᠠᠭᠤ ᠤᠶᠠᠵᠤ᠂ ᠡᠶᠦ᠋ᠹᠷᠠᠲ᠋ᠧᠰ ᠮᠥᠷᠡᠨ ᠦ ᠭᠣᠣᠯ ᠤᠷᠤᠭᠤ ᠰᠢᠳᠡᠭᠡᠳ᠄ 64 〈ᠪᠠᠪᠢᠯᠣᠨ ᠮᠢᠨᠦ ᠠᠪᠴᠢᠷᠠᠬᠤ ᠭᠠᠮᠰᠢᠭ ᠠᠴᠠ ᠪᠣᠯᠵᠤ ᠡᠢᠨ ᠬᠦ ᠵᠢᠪᠴᠦ᠂ ᠳᠠᠬᠢᠨ ᠥᠨᠳᠡᠢᠬᠦ ᠦᠭᠡᠢ᠃ ᠲᠡᠳᠡ ᠳᠣᠷᠣᠢᠲᠠᠬᠤ ᠪᠣᠯᠣᠨ᠎ᠠ〉 ᠭᠡᠰᠡᠨ ᠭᠡᠵᠦ ᠬᠡᠯᠡ》 ᠭᠡᠵᠡᠢ᠃ ᠡᠳᠡᠭᠡᠷ ᠨᠢ ᠶᠧᠷᠧᠮᠢᠶ᠎ᠠ ᠶᠢᠨ ᠦᠭᠡᠰ ᠶᠤᠮ᠃