ᠶᠧᠷᠧᠮᠢᠶ᠎ᠠ ᠭᠤᠷᠪᠠ
1 《ᠬᠡᠷᠪᠡ ᠡᠷ᠎ᠡ ᠬᠥᠮᠦᠨ ᠡᠬᠡᠨᠡᠷ ᠡᠴᠡ ᠪᠡᠨ ᠰᠠᠯᠪᠠᠯ ᠡᠬᠡᠨᠡᠷ ᠨᠢ ᠶᠠᠪᠤᠵᠤ ᠥᠭᠡᠷ᠎ᠡ ᠡᠷ᠎ᠡ ᠶᠢᠨ ᠬᠢ ᠪᠣᠯᠣᠭᠰᠠᠨ ᠤ ᠳᠠᠷᠠᠭ᠎ᠠ ᠲᠡᠭᠦᠨ ᠤᠷᠤᠭᠤ ᠪᠤᠴᠠᠵᠤ ᠪᠣᠯᠬᠤ ᠤᠤ︖ ᠬᠡᠷᠪᠡ ᠲᠡᠭᠡᠬᠦ ᠶᠤᠮ ᠪᠣᠯ ᠨᠤᠲᠤᠭ ᠨᠢ ᠪᠦᠷᠢᠮᠦᠰᠦᠨ ᠪᠣᠬᠢᠷᠲᠣᠬᠤ ᠦᠭᠡᠢ ᠭᠡᠵᠢ ᠤᠤ︖ ᠬᠠᠷᠢᠨ ᠴᠢ ᠣᠯᠠᠨ ᠠᠮᠠᠷᠠᠭ ᠲᠠᠢ ᠵᠠᠪᠬᠠᠢᠷᠠᠴᠢᠬᠠᠭᠠᠳ ᠨᠠᠳᠠ ᠤᠷᠤᠭᠤ ᠡᠷᠭᠢᠴᠢᠭᠡᠵᠦ ᠪᠣᠯᠣᠨ᠎ᠠ ᠤᠤ︖》 ᠶᠣᠬᠣᠸᠠ ᠠᠢᠯᠠᠳᠴᠤ ᠪᠠᠢᠨ᠎ᠠ᠄
2 《ᠴᠢ ᠨᠢᠳᠦ ᠪᠡᠨ ᠡᠷᠭᠦᠭᠡᠳ ᠨᠢᠴᠦᠭᠦᠨ ᠲᠣᠯᠣᠭᠠᠳ ᠢ ᠬᠠᠷ᠎ᠠ ᠳᠠ ᠴᠢ ᠬᠠᠮᠢᠭ᠎ᠠ ᠨᠢ ᠪᠡᠶ᠎ᠡ ᠪᠡᠨ ᠪᠤᠵᠠᠷᠯᠠᠭᠠ ᠦᠭᠡᠢ ᠪᠤᠢ︖ ᠴᠥᠯ ᠳᠠᠬᠢ ᠨᠡᠭᠦᠳᠡᠯᠴᠢᠨ ᠰᠢᠭ ᠵᠠᠮ ᠤᠨ ᠬᠠᠵᠠᠭᠤ ᠪᠠᠷ ᠰᠠᠭᠤᠵᠤ ᠠᠮᠠᠷᠠᠭ ᠤᠳ ᠢ ᠬᠦᠯᠢᠶᠡᠨ ᠡᠨᠡ ᠨᠤᠲᠤᠭ ᠢ ᠥᠪᠡᠷ ᠦᠨ ᠢᠶᠠᠨ ᠵᠠᠪᠬᠠᠢᠷᠠᠯ ᠪᠠ ᠪᠤᠵᠠᠷ ᠪᠤᠯᠠᠢ ᠪᠠᠷ ᠪᠤᠵᠠᠷᠲᠤᠭᠤᠯᠤᠭᠰᠠᠨ ᠪᠢᠯᠡ᠃
3 ᠲᠡᠢᠮᠦ ᠡᠴᠡ ᠠᠭᠠᠳᠠᠷ ᠪᠣᠷᠣᠭ᠎ᠠ ᠰᠠᠭᠠᠲᠠᠵᠤ᠂ ᠬᠠᠪᠤᠷ ᠤᠨ ᠪᠣᠷᠣᠭᠠᠨ ᠴᠤ ᠣᠷᠣᠭ᠎ᠠ ᠦᠭᠡᠢ ᠴᠢ ᠶᠠᠩ᠋ᠬᠠᠨ ᠤ ᠬᠥᠮᠥᠰᠬᠡ ᠲᠠᠢ ᠪᠥᠭᠡᠳ ᠢᠴᠢᠬᠦ ᠨᠢᠭᠤᠷ ᠦᠭᠡᠢ᠃
4 ᠡᠳᠦᠭᠡ ᠴᠢ ᠨᠠᠳᠠ ᠤᠷᠤᠭᠤ ᠬᠠᠰᠬᠢᠷᠤᠨ᠄ 〈ᠡᠴᠢᠭᠡ ᠮᠢᠨᠢ᠂ ᠲᠠ ᠪᠣᠯ ᠵᠠᠯᠠᠭᠤ ᠦᠶ᠎ᠡ ᠶᠢᠨ ᠮᠢᠨᠢ ᠰᠤᠷᠭᠠᠭᠴᠢ〉 ᠭᠡᠰᠡᠨ ᠪᠢᠰᠢ ᠤᠤ︖
5 ᠬᠠᠷᠢᠨ ᠴᠢ 〈ᠡᠭᠦᠷᠢᠳᠡ ᠲᠡᠷᠡ ᠠᠭᠤᠷᠯᠠᠬᠤ ᠨᠢ ᠤᠤ︖ ᠡᠴᠦᠰ ᠬᠦᠷᠲᠡᠯ᠎ᠡ ᠠᠭᠤᠷ ᠲᠠᠢ ᠪᠠᠢᠬᠤ ᠨᠢ ᠤᠤ︖〉 ᠬᠡᠮᠡᠨ ᠶᠠᠷᠢᠭᠰᠠᠭᠠᠷ ᠪᠠᠢᠵᠤ ᠦᠢᠯᠡᠳᠴᠦ ᠴᠢᠳᠠᠬᠤ ᠪᠤᠵᠠᠷ ᠮᠠᠭᠤ ᠪᠦᠬᠦᠨ ᠢ ᠦᠢᠯᠡᠳᠴᠡᠢ》 ᠭᠡᠪᠡ᠃
ᠢᠲᠡᠭᠡᠮᠵᠢ ᠦᠭᠡᠢ ᠢᠰᠷᠧᠯ
6 ᠶᠣᠰᠢᠶ᠎ᠠ ᠬᠠᠭᠠᠨ ᠤ ᠦᠶ᠎ᠡ ᠳᠦ ᠶᠣᠬᠣᠸᠠ ᠨᠠᠳᠠ ᠳᠤ ᠠᠢᠯᠠᠳᠪᠠ᠄ 《ᠲᠡᠷᠰ ᠢᠰᠷᠧᠯ ᠤᠨ ᠶᠠᠭᠤ ᠬᠢᠭᠰᠡᠨ ᠢ ᠴᠢ ᠬᠠᠷᠠᠪᠠ ᠤᠤ︖ ᠲᠡᠷᠡ ᠪᠡᠷ ᠥᠨᠳᠥᠷ ᠲᠣᠯᠣᠭᠠᠳ ᠪᠦᠷᠢ ᠳᠡᠭᠡᠷ᠎ᠡ ᠭᠠᠷᠴᠤ᠂ ᠱᠠᠩᠰᠢ ᠮᠣᠳᠣ ᠪᠦᠷᠢ ᠶᠢᠨ ᠳᠣᠣᠷ᠎ᠠ ᠣᠴᠢᠵᠤ ᠵᠠᠪᠬᠠᠢᠷᠠᠪᠠ᠃ 7 〈ᠡᠨᠡ ᠪᠦᠬᠦᠨ ᠢ ᠦᠢᠯᠡᠳᠦᠭᠰᠡᠨ ᠦ ᠪᠠᠨ ᠳᠠᠷᠠᠭ᠎ᠠ ᠲᠡᠷᠡ ᠨᠠᠳᠠ ᠤᠷᠤᠭᠤ ᠪᠤᠴᠠᠵᠤ ᠢᠷᠡᠨ᠎ᠡ〉 ᠭᠡᠵᠦ ᠪᠢ ᠪᠣᠳᠣᠭᠰᠠᠨ ᠪᠣᠯᠪᠠᠴᠤ ᠲᠡᠷᠡ ᠪᠤᠴᠠᠵᠤ ᠢᠷᠡᠭᠡ ᠦᠭᠡᠢ᠂ ᠲᠡᠭᠦᠨ ᠦ ᠢᠲᠡᠭᠡᠮᠵᠢ ᠦᠭᠡᠢ ᠡᠭᠡᠴᠢ ᠶᠦᠳᠠ ᠡᠭᠦᠨ ᠢ ᠬᠠᠷᠠᠭᠰᠠᠨ ᠶᠤᠮ᠃ 8 ᠲᠡᠷᠰ ᠢᠰᠷᠧᠯ ᠤᠨ ᠪᠦᠬᠦᠢᠯᠡ ᠰᠠᠳᠤᠷ ᠰᠠᠮᠠᠭᠤᠨ ᠠᠴᠠ ᠪᠣᠯᠵᠤ ᠪᠢ ᠰᠠᠯᠤᠯᠲᠠ ᠶᠢᠨ ᠪᠢᠴᠢᠭ ᠥᠭᠴᠦ᠂ ᠲᠡᠭᠦᠨ ᠢ ᠬᠥᠭᠡᠭᠡᠭᠰᠡᠨ ᠪᠣᠯᠪᠠᠴᠤ ᠲᠡᠭᠦᠨ ᠦ ᠢᠲᠡᠭᠡᠮᠵᠢ ᠦᠭᠡᠢ ᠡᠭᠡᠴᠢ ᠶᠦᠳᠠ ᠡᠮᠢᠶᠡᠭᠰᠡᠨ ᠦᠭᠡᠢ᠃ ᠬᠠᠷᠢᠨ ᠲᠡᠷᠡ ᠴᠤ ᠵᠠᠪᠬᠠᠢᠷᠠᠬᠤ ᠪᠠᠷ ᠶᠠᠪᠤᠭᠰᠠᠨ ᠪᠢᠯᠡ᠃ 9 ᠲᠡᠷᠡ ᠰᠠᠳᠤᠷ ᠰᠠᠮᠠᠭᠤᠨ ᠢᠶᠠᠨ ᠬᠥᠩᠭᠡᠨ ᠭᠡᠵᠦ ᠦᠵᠡᠭᠡᠳ ᠭᠠᠵᠠᠷ ᠨᠤᠲᠤᠭ ᠢ ᠪᠤᠵᠠᠷᠯᠠᠵᠤ᠂ ᠴᠢᠯᠠᠭᠤ᠂ ᠮᠣᠳᠣ ᠲᠠᠢ ᠵᠠᠪᠬᠠᠢᠷᠠᠪᠠ᠃ 10 ᠡᠨᠡ ᠪᠦᠭᠦᠳᠡ ᠶᠢᠨ ᠳᠠᠷᠠᠭ᠎ᠠ ᠴᠤ ᠢᠲᠡᠭᠡᠮᠵᠢ ᠦᠭᠡᠢ ᠡᠭᠡᠴᠢ ᠶᠦᠳᠠ ᠨᠢ ᠨᠠᠳᠠ ᠤᠷᠤᠭᠤ ᠢᠷᠡᠬᠦ ᠳᠦᠷᠢ ᠦᠵᠡᠭᠦᠯᠦᠭᠰᠡᠨ ᠴᠤ᠂ ᠴᠢᠩ ᠰᠡᠳᠬᠢᠯ ᠡᠴᠡ ᠪᠡᠨ ᠢᠷᠡᠭᠰᠡᠨ ᠪᠢᠰᠢ᠃ ᠶᠣᠬᠣᠸᠠ ᠪᠢ ᠠᠢᠯᠠᠳᠴᠤ ᠪᠠᠢᠨ᠎ᠠ᠃》
11 ᠶᠣᠬᠣᠸᠠ ᠨᠠᠳᠠ ᠳᠤ ᠠᠢᠯᠠᠳᠪᠠ᠄ 《ᠲᠡᠷᠰ ᠢᠰᠷᠧᠯ ᠢᠲᠡᠭᠡᠮᠵᠢ ᠦᠭᠡᠢ ᠶᠦᠳᠠ ᠠᠴᠠ ᠢᠯᠡᠭᠦᠦ ᠵᠥᠪ ᠰᠢᠳᠤᠷᠭᠤ ᠭᠡᠳᠡᠭ ᠢᠶᠡᠨ ᠬᠠᠷᠠᠭᠤᠯᠪᠠ᠃ 12 ᠴᠢ ᠤᠮᠠᠷ᠎ᠠ ᠵᠦᠭ ᠶᠠᠪᠤᠵᠤ ᠡᠳᠡᠭᠡᠷ ᠦᠭᠡ ᠶᠢ ᠲᠤᠩ᠋ᠬᠠᠭᠯᠠ᠄ 〈ᠲᠡᠷᠰ ᠢᠰᠷᠧᠯ ᠡ᠂ ᠪᠤᠴᠠᠵᠤ ᠢᠷᠡᠭᠲᠦᠨ〉 ᠶᠣᠬᠣᠸᠠ ᠪᠢ ᠠᠢᠯᠠᠳᠴᠤ ᠪᠠᠢᠨ᠎ᠠ᠂ ᠥᠪᠡᠷ ᠳᠡᠭᠡᠷ᠎ᠡ ᠴᠢᠨᠢ ᠪᠢ ᠬᠢᠯᠢᠩ ᠢᠶᠠᠨ ᠪᠠᠭᠤᠯᠭᠠᠬᠤ ᠦᠭᠡᠢ᠃ ᠤᠴᠢᠷ ᠨᠢ ᠪᠢ ᠡᠨᠡᠷᠢᠩᠭᠦᠢ ᠪᠢᠯᠡ ᠶᠣᠬᠣᠸᠠ ᠪᠢ ᠠᠢᠯᠠᠳᠴᠤ ᠪᠠᠢᠨ᠎ᠠ᠃ ᠠᠭᠤᠷ ᠬᠢᠯᠢᠩ ᠢᠶᠠᠨ ᠪᠢ ᠡᠭᠦᠷᠢᠳᠡ ᠬᠠᠳᠠᠭᠠᠯᠠᠬᠤ ᠪᠢᠰᠢ᠂
13 ᠣᠳᠣ ᠴᠢ ᠭᠠᠭᠴᠠ ᠬᠦ ᠭᠡᠮ ᠪᠤᠷᠤᠭᠤ ᠪᠠᠨ ᠮᠡᠳᠡ ᠱᠠᠩᠰᠢ ᠮᠣᠳᠣ ᠪᠦᠷᠢ ᠶᠢᠨ ᠳᠣᠣᠷ᠎ᠠ ᠴᠢ ᠬᠠᠷᠢ ᠶᠢᠨ ᠪᠤᠷᠬᠠᠳ ᠲᠠᠢ ᠵᠠᠪᠬᠠᠢᠷᠠᠭᠰᠠᠨ ᠥᠪᠡᠷ ᠦᠨ ᠢᠶᠠᠨ ᠪᠤᠷᠬᠠᠨ ᠶᠣᠬᠣᠸᠠ ᠶᠢᠨ ᠦᠭᠡ ᠶᠢ ᠰᠣᠨᠣᠰᠣᠯ ᠦᠭᠡᠢ ᠤᠷᠪᠠᠭᠰᠠᠨ᠂ ᠶᠣᠬᠣᠸᠠ ᠪᠢ ᠠᠢᠯᠠᠳᠴᠤ ᠪᠠᠢᠨ᠎ᠠ᠃
14 ᠲᠡᠷᠰ ᠬᠡᠦᠬᠡᠳ ᠤᠳ ᠡ᠂ ᠪᠤᠴᠠᠵᠤ ᠢᠷᠡᠭᠲᠦᠨ᠂ ᠶᠣᠬᠣᠸᠠ ᠪᠢ ᠠᠢᠯᠠᠳᠴᠤ ᠪᠠᠢᠨ᠎ᠠ᠃ ᠲᠠ ᠨᠠᠷ ᠤᠨ ᠡᠵᠡᠨ ᠪᠣᠯ ᠪᠢ ᠶᠤᠮ᠃ ᠪᠢ ᠬᠣᠲᠠ ᠪᠦᠷᠢ ᠡᠴᠡ ᠨᠢᠭᠡ ᠶᠢ᠂ ᠠᠢᠮᠠᠭ ᠪᠦᠷᠢ ᠡᠴᠡ ᠬᠣᠶᠠᠷ ᠢ ᠰᠢᠯᠢᠨ ᠠᠪᠴᠤ᠂ ᠲᠠ ᠨᠠᠷ ᠢ ᠽᠢᠶᠣᠨ ᠠᠭᠤᠯᠠᠨ ᠳᠤ ᠠᠪᠴᠢᠷᠠᠬᠤ ᠪᠥᠭᠡᠳ 15 ᠰᠡᠳᠬᠢᠯ ᠳᠤ ᠮᠢᠨᠢ ᠨᠡᠢᠴᠡᠭᠰᠡᠨ ᠬᠣᠨᠢᠴᠢᠳ ᠢ ᠲᠠ ᠨᠠᠷ ᠲᠤ ᠥᠭᠭᠥᠨ᠎ᠡ᠃ ᠲᠡᠳᠡ ᠡᠷᠳᠡᠮ ᠮᠡᠳᠡᠯᠭᠡ᠂ ᠰᠠᠷᠠᠭᠤᠯ ᠤᠬᠠᠭᠠᠨ ᠢᠶᠠᠷ ᠲᠠ ᠨᠠᠷ ᠢ ᠲᠡᠵᠢᠭᠡᠨ᠎ᠡ᠃ 16 ᠶᠣᠬᠣᠸᠠ ᠪᠢ ᠠᠢᠯᠠᠳᠴᠤ ᠪᠠᠢᠨ᠎ᠠ᠃ ᠲᠡᠷᠡ ᠡᠳᠦᠷ ᠤᠳ ᠲᠤ ᠲᠠ ᠨᠠᠷ ᠡᠨᠡ ᠭᠠᠵᠠᠷ ᠲᠤ ᠦᠷᠡᠵᠢᠵᠦ ᠣᠯᠠᠰᠢᠷᠠᠨ᠎ᠠ᠃ ᠬᠥᠮᠦᠰ ᠶᠣᠬᠣᠸᠠ ᠶᠢᠨ ᠭᠡᠷ᠎ᠡ ᠶᠢᠨ ᠠᠪᠳᠠᠷ᠎ᠠ ᠶᠢᠨ ᠲᠤᠬᠠᠢ ᠶᠠᠷᠢᠬᠤ ᠪᠠᠨ ᠪᠣᠯᠢᠬᠤ ᠪᠥᠭᠡᠳ ᠰᠠᠨᠠᠭᠠᠨ ᠳᠤ ᠣᠷᠣᠬᠤ ᠦᠭᠡᠢ᠂ ᠪᠣᠳᠣᠬᠤ ᠦᠭᠡᠢ᠂ ᠦᠭᠡᠶᠢᠯᠡᠬᠦ ᠦᠭᠡᠢ᠂ ᠳᠠᠬᠢᠨ ᠬᠢᠬᠦ ᠴᠤ ᠦᠭᠡᠢ᠃ 17 ᠲᠡᠷᠡ ᠦᠶ᠎ᠡ ᠳᠦ ᠬᠥᠮᠦᠰ ᠶᠧᠷᠦ᠋ᠰᠠᠯᠧᠮ ᠢ 〈ᠶᠣᠬᠣᠸᠠ ᠶᠢᠨ ᠰᠡᠨᠲᠢ〉 ᠭᠡᠵᠦ ᠳᠠᠭᠤᠳᠠᠨ᠂ ᠶᠣᠬᠣᠸᠠ ᠶᠢᠨ ᠨᠡᠷ᠎ᠡ ᠶᠢᠨ ᠤᠯᠠᠮ ᠢᠶᠠᠷ ᠪᠦᠬᠦ ᠦᠨᠳᠦᠰᠦᠲᠡᠨ ᠶᠧᠷᠦ᠋ᠰᠠᠯᠧᠮ ᠤᠷᠤᠭᠤ ᠴᠤᠭᠯᠠᠷᠠᠬᠤ ᠪᠥᠭᠡᠳ ᠲᠡᠳᠡ ᠵᠥᠷᠢᠭᠦᠳ ᠮᠠᠭᠤ ᠰᠠᠨᠠᠭ᠎ᠠ ᠪᠠᠨ ᠳᠠᠭᠠᠵᠤ ᠠᠮᠢᠳᠤᠷᠠᠬᠤ ᠪᠠᠨ ᠪᠣᠯᠢᠨ᠎ᠠ᠃ 18 ᠲᠡᠷᠡ ᠡᠳᠦᠷ ᠤᠳ ᠲᠤ ᠶᠦᠳᠠ ᠶᠢᠨ ᠭᠡᠷ ᠢᠰᠷᠧᠯ ᠤᠨ ᠭᠡᠷ ᠲᠡᠢ ᠨᠢᠭᠡᠳᠴᠦ᠂ ᠬᠠᠮᠲᠤ ᠳᠠᠭᠠᠨ ᠤᠮᠠᠷ᠎ᠠ ᠵᠦᠭ ᠦᠨ ᠨᠤᠲᠤᠭ ᠠᠴᠠ ᠭᠠᠷᠴᠤ᠂ ᠮᠢᠨᠦ ᠲᠠ ᠨᠠᠷ ᠤᠨ ᠡᠴᠢᠭᠡ ᠡᠪᠦᠭᠡᠳ ᠲᠦ ᠥᠪᠯᠡᠭᠦᠯᠦᠭᠰᠡᠨ ᠨᠤᠲᠤᠭ ᠲᠤ ᠢᠷᠡᠬᠦ ᠪᠣᠯᠣᠨ᠎ᠠ᠃
19 ᠪᠢ᠄ 〈ᠴᠢᠮᠠᠶᠢ ᠪᠢ ᠥᠪᠡᠷ ᠦᠨ ᠢᠶᠠᠨ ᠬᠡᠦᠬᠡᠳ ᠤᠳ ᠤᠨ ᠳᠤᠮᠳᠠ ᠪᠠᠢᠯᠭᠠᠶ᠎ᠠ ᠲᠠᠭᠠᠯᠠᠮᠵᠢᠲᠤ ᠰᠠᠢᠬᠠᠨ ᠨᠤᠲᠤᠭ ᠢ ᠦᠨᠳᠦᠰᠦᠲᠡᠨ ᠨᠦᠭᠦᠳ ᠦᠨ ᠳᠤᠮᠳᠠ ᠦᠵᠡᠰᠬᠦᠯᠡᠩ ᠲᠡᠢ ᠨᠤᠲᠤᠭ ᠢ ᠥᠪ ᠪᠣᠯᠭᠠᠨ ᠥᠭᠭᠥᠶ᠎ᠡ ᠭᠡᠰᠡᠨ ᠲᠡᠭᠡᠭᠰᠡᠨ ᠢᠶᠡᠷ ᠲᠠ ᠨᠠᠷ ᠨᠠᠮᠠᠶᠢ ᠡᠴᠢᠭᠡ ᠭᠡᠵᠦ ᠳᠠᠭᠤᠳᠠᠨ ᠡᠷᠭᠢᠵᠦ ᠬᠡᠵᠢᠶ᠎ᠡ ᠴᠤ ᠪᠤᠴᠠᠬᠤ ᠦᠭᠡᠢ〉 ᠭᠡᠵᠦ ᠪᠣᠳᠣᠵᠤ ᠪᠠᠢᠭᠰᠠᠨ ᠪᠢᠯᠡ᠂
20 ᠬᠠᠨᠢ ᠪᠠᠨ ᠣᠷᠬᠢᠵᠤ ᠢᠲᠡᠭᠡᠯ ᠡᠪᠳᠡᠳᠡᠭ ᠡᠮᠡᠭᠲᠡᠢ ᠠᠳᠠᠯᠢ ᠬᠠᠷᠢᠨ ᠴᠢ ᠲᠡᠢᠨ ᠬᠦ ᠨᠠᠳᠠ ᠳᠤ ᠢᠲᠡᠭᠡᠯ ᠡᠪᠳᠡᠭᠰᠡᠨ ᠪᠢᠯᠡ᠂ ᠢᠰᠷᠧᠯ ᠤᠨ ᠭᠡᠷ ᠡ᠂ ᠶᠣᠬᠣᠸᠠ ᠪᠢ ᠠᠢᠯᠠᠳᠴᠤ ᠪᠠᠢᠨ᠎ᠠ᠃》
21 ᠵᠠᠮ ᠠᠴᠠ ᠪᠠᠨ ᠭᠠᠵᠢᠵᠤ᠂ ᠶᠣᠬᠣᠸᠠ ᠪᠤᠷᠬᠠᠨ ᠢᠶᠠᠨ ᠮᠠᠷᠲᠠᠭᠰᠠᠨ ᠤ ᠤᠯᠠᠮ ᠢᠶᠠᠷ ᠵᠡᠯᠢᠭᠦᠳ ᠲᠣᠯᠣᠭᠠᠳ ᠠᠴᠠ ᠢᠰᠷᠧᠯᠴᠦᠳ ᠦᠨ ᠤᠬᠢᠯᠠᠨ ᠭᠤᠶᠤᠬᠤ ᠳᠠᠭᠤ ᠰᠣᠨᠣᠰᠳᠠᠵᠤ ᠪᠠᠢᠨ᠎ᠠ᠃
22 《ᠲᠡᠷᠰ ᠬᠡᠦᠬᠡᠳ ᠤᠳ ᠡ᠂ ᠪᠤᠴᠠᠵᠤ ᠢᠷᠡᠭᠲᠦᠨ ᠲᠡᠷᠰ ᠵᠠᠩ ᠢ ᠴᠢᠨᠢ ᠪᠢ ᠵᠠᠰᠠᠶ᠎ᠠ》 ᠭᠡᠵᠦ ᠪᠠᠢᠨ᠎ᠠ᠂ ᠬᠠᠷ᠎ᠠ᠂ ᠪᠢᠳᠡ ᠲᠠᠨ ᠤᠷᠤᠭᠤ ᠣᠴᠢᠶᠡ᠂ ᠪᠢᠳᠡᠨ ᠦ ᠪᠤᠷᠬᠠᠨ ᠪᠣᠯ ᠶᠣᠬᠣᠸᠠ ᠲᠠ ᠪᠢᠯᠡ︕
23 ᠦᠨᠡᠨ ᠳᠡᠭᠡᠨ ᠠᠭᠤᠯᠠ ᠳᠠᠪᠠᠭᠠᠨ ᠳᠡᠭᠡᠷᠡᠬᠢ ᠦᠢᠮᠡᠭᠡᠨ ᠰᠠᠮᠠᠭᠤᠨ ᠤᠳᠬ᠎ᠠ ᠦᠭᠡᠢ ᠦᠨᠡᠨ ᠳᠡᠭᠡᠨ ᠢᠰᠷᠧᠯ ᠤᠨ ᠠᠪᠤᠷᠠᠯ ᠪᠢᠳᠡᠨ ᠦ ᠪᠤᠷᠬᠠᠨ ᠶᠣᠬᠣᠸᠠ ᠳᠤ ᠪᠤᠢ᠃
24 ᠬᠠᠷᠢᠨ ᠢᠴᠢᠭᠦᠷᠢᠲᠡᠢ ᠪᠤᠷᠬᠠᠳ ᠪᠠᠭ᠎ᠠ ᠵᠠᠯᠠᠭᠤ ᠦᠶ᠎ᠡ ᠡᠴᠡ ᠮᠢᠨᠢ ᠡᠴᠢᠭᠡ ᠡᠪᠦᠭᠡᠳ ᠦᠨ ᠮᠠᠨᠢ ᠬᠥᠳᠡᠯᠮᠦᠷᠢ ᠪᠠᠷ ᠢᠶᠠᠨ ᠣᠯᠣᠭᠰᠠᠨ ᠮᠠᠯ ᠰᠦᠷᠦᠭ ᠢ ᠨᠢ ᠬᠥᠪᠡᠭᠦᠳ ᠥᠬᠢᠳ ᠲᠠᠢ ᠨᠢ ᠬᠠᠮᠲᠤ ᠵᠠᠯᠭᠢᠭᠰᠠᠨ ᠪᠣᠯᠬᠣᠷ 25 ᠪᠢᠳᠡ ᠢᠴᠢᠭᠦᠷᠢ ᠳᠣᠲᠣᠷ᠎ᠠ ᠬᠡᠪᠲᠡᠵᠦ ᠪᠠᠢᠨ᠎ᠠ᠂ ᠰᠢᠪᠰᠢᠭ ᠪᠢᠳᠡᠨ ᠢ ᠪᠦᠷᠬᠦᠵᠦ ᠪᠠᠢᠨ᠎ᠠ᠃ ᠪᠢᠳᠡ ᠴᠤ᠂ ᠪᠢᠳᠡᠨ ᠦ ᠡᠴᠢᠭᠡ ᠡᠪᠦᠭᠡᠳ ᠴᠤ ᠶᠣᠬᠣᠸᠠ ᠪᠤᠷᠬᠠᠨ ᠳᠠᠭᠠᠨ ᠨᠢᠭᠦᠯ ᠦᠢᠯᠡᠳᠦᠭᠰᠡᠨ᠂ ᠪᠠᠭ᠎ᠠ ᠨᠠᠰᠤᠨ ᠠᠴᠠ ᠪᠠᠨ ᠥᠨᠥᠳᠥᠷ ᠬᠦᠷᠲᠡᠯ᠎ᠡ ᠪᠢᠳᠡ ᠶᠣᠬᠣᠸᠠ ᠪᠤᠷᠬᠠᠨ ᠤ ᠪᠠᠨ ᠳᠠᠭᠤ ᠶᠢ ᠳᠠᠭᠠᠭᠰᠠᠨ ᠦᠭᠡᠢ ᠪᠢᠯᠡ᠃