ᠶᠧᠷᠧᠮᠢᠶ᠎ᠠ ᠲᠠᠪᠢ
ᠪᠠᠪᠢᠯᠣᠨ ᠤ ᠲᠠᠯ᠎ᠠ ᠪᠠᠷ ᠬᠢ ᠡᠰᠢ ᠦᠵᠡᠭᠦᠯᠦᠯᠭᠡ
1 ᠪᠠᠪᠢᠯᠣᠨᠴᠤᠳ ᠤᠨ ᠨᠤᠲᠤᠭ ᠪᠠᠪᠢᠯᠣᠨ ᠤ ᠲᠤᠬᠠᠢ ᠡᠰᠢ ᠦᠵᠡᠭᠦᠯᠦᠭᠴᠢ ᠶᠧᠷᠧᠮᠢᠶ᠎ᠠ ᠪᠠᠷ ᠳᠠᠮᠵᠢᠭᠤᠯᠵᠤ ᠶᠣᠬᠣᠸᠠ ᠶᠢᠨ ᠠᠢᠯᠠᠳᠤᠭᠰᠠᠨ ᠦᠭᠡ᠄
2 《ᠲᠠ ᠨᠠᠷ ᠦᠨᠳᠦᠰᠦᠲᠡᠨ ᠨᠦᠭᠦᠳ ᠦᠨ ᠳᠤᠮᠳᠠ ᠵᠠᠷᠯᠠᠵᠤ᠂ ᠰᠣᠨᠣᠰᠬ᠎ᠠ ᠲᠤᠭ ᠡᠷᠭᠦᠵᠦ ᠰᠣᠨᠣᠰᠬ᠎ᠠ ᠪᠦᠦ ᠨᠢᠭᠤ 〈ᠪᠠᠪᠢᠯᠣᠨ ᠡᠵᠡᠯᠡᠭᠳᠡᠨ᠎ᠡ ᠪᠧᠯ ᠰᠢᠪᠰᠢᠭ ᠪᠣᠯᠵᠤ᠂ ᠮᠠᠷᠳᠣᠺ ᠨᠤᠷᠠᠨ᠎ᠠ ᠬᠥᠷᠥᠭ ᠤᠳ ᠨᠢ ᠰᠢᠪᠰᠢᠭ ᠪᠣᠯᠵᠤ᠂ ᠰᠢᠲᠦᠭᠡᠨ ᠨᠦᠭᠦᠳ ᠨᠢ ᠨᠤᠷᠠᠨ᠎ᠠ〉
3 ᠬᠣᠢᠲᠤ ᠵᠦᠭ ᠦᠨ ᠨᠢᠭᠡᠨ ᠦᠨᠳᠦᠰᠦᠲᠡᠨ ᠲᠡᠭᠦᠨ ᠤᠷᠤᠭᠤ ᠳᠣᠪᠲᠣᠯᠵᠤ᠂ ᠭᠠᠵᠠᠷ ᠨᠤᠲᠤᠭ ᠢ ᠨᠢ ᠲᠠᠯᠬᠢᠳᠠᠨᠠ᠃ ᠬᠥᠮᠦᠨ ᠴᠤ᠂ ᠠᠷᠢᠶᠠᠲᠠᠨ ᠴᠤ ᠵᠢᠭᠤᠲᠠᠵᠤ᠂ ᠲᠡᠨᠳᠡ ᠰᠠᠭᠤᠭᠠᠯᠢᠴᠢᠳ ᠦᠭᠡᠢ ᠪᠣᠯᠣᠨ᠎ᠠ᠃ 4 ᠲᠡᠷᠡ ᠴᠠᠭ ᠲᠤ᠂ ᠲᠡᠷᠡ ᠦᠶ᠎ᠡ ᠳᠦ ᠢᠰᠷᠧᠯᠴᠦᠳ ᠶᠦᠳᠠᠴᠤᠳ ᠲᠠᠢ ᠬᠠᠮᠲᠤ ᠢᠷᠡᠨ᠎ᠡ᠂ ᠤᠬᠢᠯᠠᠨ ᠢᠷᠡᠵᠦ ᠶᠣᠬᠣᠸᠠ ᠪᠤᠷᠬᠠᠨ ᠢᠶᠠᠨ ᠡᠷᠢᠬᠦ ᠪᠣᠯᠣᠨ᠎ᠠ᠂》 ᠶᠣᠬᠣᠸᠠ ᠠᠢᠯᠠᠳᠴᠤ ᠪᠠᠢᠨ᠎ᠠ᠃ 5 ᠲᠡᠳᠡ ᠨᠢᠭᠤᠷ ᠢᠶᠠᠨ ᠽᠢᠶᠣᠨ ᠥᠭᠡᠳᠡ ᠬᠠᠨᠳᠤᠭᠤᠯᠤᠨ ᠣᠴᠢᠬᠤ ᠵᠠᠮ ᠢᠶᠠᠨ ᠠᠰᠠᠭᠤᠭᠰᠠᠭᠠᠷ ᠢᠷᠡᠵᠦ᠂ ᠮᠠᠷᠲᠠᠭᠳᠠᠰᠢ ᠦᠭᠡᠢ ᠮᠥᠩᠬᠡ ᠶᠢᠨ ᠭᠡᠷ᠎ᠡ ᠪᠡᠷ ᠶᠣᠬᠣᠸᠠ ᠲᠠᠢ ᠨᠢᠭᠡᠳᠦᠨ᠎ᠡ᠃
6 ᠠᠷᠠᠳ ᠲᠦᠮᠡᠨ ᠮᠢᠨᠢ ᠠᠯᠳᠠᠭᠳᠠᠭᠰᠠᠨ ᠬᠣᠨᠢᠳ ᠪᠠᠢᠵᠠᠢ᠂ ᠬᠣᠨᠢᠴᠢᠳ ᠨᠢ ᠲᠡᠳᠡᠨ ᠢ ᠲᠥᠭᠡᠷᠢᠭᠦᠯᠦᠭᠰᠡᠨ ᠪᠢᠯᠡ᠂ ᠲᠡᠳᠡ ᠠᠭᠤᠯᠠ ᠠᠭᠤᠯᠠ ᠪᠠᠷ ᠲᠡᠨᠦᠵᠦ ᠠᠭᠤᠯᠠ ᠠᠴᠠ ᠲᠣᠯᠣᠭᠠᠳ ᠤᠷᠤᠭᠤ ᠶᠠᠪᠤᠵᠤ ᠠᠮᠠᠷᠠᠬᠤ ᠭᠠᠵᠠᠷ ᠢᠶᠠᠨ ᠮᠠᠷᠲᠠᠵᠠᠢ᠂
7 ᠲᠡᠳᠡᠨ ᠢ ᠣᠯᠣᠭᠰᠠᠨ ᠪᠦᠬᠦᠨ ᠲᠡᠳᠡᠨ ᠢ ᠵᠠᠯᠭᠢᠪᠠ᠂ ᠳᠠᠢᠰᠤᠨ ᠨᠤᠭᠤᠳ ᠨᠢ᠄ 《ᠪᠢᠳᠡ ᠭᠡᠮ ᠪᠤᠷᠤᠭᠤ ᠦᠭᠡᠢ᠃ ᠲᠡᠳᠡᠨ ᠦ ᠡᠴᠢᠭᠡ ᠡᠪᠦᠭᠡᠳ ᠦᠨ ᠨᠠᠢᠳᠠᠪᠤᠷᠢ ᠪᠠᠢᠭᠰᠠᠨ ᠶᠣᠬᠣᠸᠠ ᠲᠡᠳᠡᠨ ᠦ ᠦᠨᠡᠨ ᠦ ᠪᠡᠯᠴᠢᠭᠡᠷ ᠪᠠᠢᠬᠤ ᠳᠤ᠂ ᠲᠡᠳᠡ ᠶᠣᠬᠣᠸᠠ ᠳᠤ ᠨᠢᠭᠦᠯ ᠦᠢᠯᠡᠳᠦᠭᠰᠡᠨ ᠪᠢᠯᠡ》 ᠭᠡᠰᠡᠨ ᠪᠠᠢᠨ᠎ᠠ᠃
8 《ᠲᠠ ᠨᠠᠷ ᠰᠦᠷᠦᠭ ᠦᠨ ᠮᠠᠩᠯᠠᠢ ᠤᠬᠤᠨ᠎ᠠ ᠮᠡᠲᠦ ᠪᠠᠪᠢᠯᠣᠨ ᠠᠴᠠ ᠵᠢᠭᠤᠲᠠ ᠪᠠᠪᠢᠯᠣᠨᠴᠤᠳ ᠤᠨ ᠨᠤᠲᠤᠭ ᠠᠴᠠ ᠵᠠᠢᠯᠠ᠂
9 ᠤᠴᠢᠷ ᠨᠢ᠂ ᠪᠢ ᠤᠮᠠᠷᠠᠲᠤ ᠵᠦᠭ ᠲᠦ ᠬᠦᠴᠦᠲᠦ ᠭᠦᠷᠦᠨ ᠨᠦᠭᠦᠳ ᠦᠨ ᠬᠣᠯᠪᠣᠭ᠎ᠠ ᠶᠢ ᠡᠭᠦᠰᠭᠡᠨ᠎ᠡ ᠲᠡᠳᠡᠨ ᠢ ᠪᠠᠪᠢᠯᠣᠨ ᠳᠤ ᠠᠪᠴᠢᠷᠠᠨ᠎ᠠ᠃ ᠲᠡᠳᠡ ᠲᠡᠭᠦᠨ ᠦ ᠡᠰᠡᠷᠭᠦ ᠪᠠᠢᠯᠳᠤᠭᠠᠨ ᠤ ᠵᠢᠭᠰᠠᠭᠠᠯ ᠪᠡᠯᠡᠳᠦᠭᠡᠳ ᠤᠮᠠᠷ᠎ᠠ ᠵᠦᠭ ᠡᠴᠡ ᠢᠷᠡᠭᠡᠳ ᠲᠡᠭᠦᠨ ᠢ ᠡᠵᠡᠯᠡᠨ᠎ᠡ᠃ ᠲᠡᠳᠡᠨ ᠦ ᠰᠤᠮᠤ ᠨᠤᠭᠤᠳ ᠭᠠᠷ ᠬᠣᠭᠣᠰᠣᠨ ᠪᠤᠴᠠᠳᠠᠭ ᠦᠭᠡᠢ ᠬᠠᠰᠢᠷ ᠳᠠᠢᠴᠢᠨ ᠮᠡᠲᠦ᠂
10 ᠪᠠᠪᠢᠯᠣᠨ ᠲᠣᠨᠣᠭᠳᠠᠨᠠ᠂ ᠲᠣᠨᠣᠭᠴᠢ ᠪᠦᠬᠦᠨ ᠬᠠᠨᠲᠠᠯ᠎ᠠ ᠪᠠᠨ ᠲᠣᠨᠣᠨᠠ᠂》 ᠶᠣᠬᠣᠸᠠ ᠠᠢᠯᠠᠳᠴᠤ ᠪᠠᠢᠨ᠎ᠠ᠃
11 《ᠮᠢᠨᠦ ᠥᠮᠴᠢ ᠶᠢ ᠳᠡᠭᠡᠷᠡᠮᠳᠡᠭᠴᠢᠳ ᠡ᠂ ᠲᠠ ᠨᠠᠷ ᠪᠠᠶᠠᠷ ᠬᠥᠷ ᠲᠡᠢ ᠪᠠᠢᠵᠤ᠂ ᠪᠡᠯᠴᠢᠭᠡᠷ ᠳᠠᠬᠢ ᠭᠤᠨᠵᠢ ᠮᠡᠲᠦ ᠣᠭᠣᠳᠣᠩ᠋ᠨᠠᠨ᠂ ᠠᠵᠢᠷᠭ᠎ᠠ ᠨᠤᠭᠤᠳ ᠮᠡᠲᠦ ᠢᠨᠴᠠᠭᠠᠳᠠᠭ ᠪᠣᠯᠪᠠᠴᠤ
12 ᠡᠬᠡ ᠴᠢᠨᠢ ᠠᠶᠤᠮᠰᠢᠭᠲᠤ ᠢᠴᠢᠭᠦᠷᠢ ᠳᠤ ᠣᠷᠣᠨ ᠴᠢᠮᠠᠶᠢ ᠲᠥᠷᠥᠭᠦᠯᠦᠭᠰᠡᠨ ᠡᠬᠡ ᠳᠣᠷᠣᠮᠵᠢᠯᠠᠭᠳᠠᠨᠠ ᠬᠠᠷ᠎ᠠ᠂ ᠲᠡᠷᠡ ᠦᠨᠳᠦᠰᠦᠲᠡᠨ ᠨᠦᠭᠦᠳ ᠦᠨ ᠠᠳᠠᠭ ᠲᠤ ᠲᠣᠭᠠᠴᠠᠭᠳᠠᠵᠤ᠂ ᠭᠠᠩ᠋ᠳᠠᠭᠰᠠᠨ ᠭᠠᠵᠠᠷ᠂ ᠵᠡᠯᠢᠭᠦᠳ ᠴᠥᠯ ᠪᠣᠯᠣᠨ᠎ᠠ᠃
13 ᠶᠣᠬᠣᠸᠠ ᠶᠢᠨ ᠬᠢᠯᠢᠩ ᠤᠨ ᠤᠯᠠᠮ ᠢᠶᠠᠷ ᠰᠠᠭᠤᠭᠠᠯᠢᠴᠢᠳ ᠦᠭᠡᠢ ᠨᠢᠭᠡᠮᠦᠰᠦᠨ ᠡᠵᠡᠭᠦᠢᠷᠡᠨ᠎ᠡ ᠪᠠᠪᠢᠯᠣᠨ ᠤ ᠬᠠᠵᠠᠭᠤ ᠪᠠᠷ ᠥᠩᠭᠡᠷᠡᠭᠴᠢ ᠪᠦᠬᠦᠨ ᠠᠶᠤᠬᠤ ᠪᠥᠭᠡᠳ ᠪᠦᠬᠦ ᠭᠠᠢ ᠭᠠᠮᠰᠢᠭ ᠠᠴᠠ ᠨᠢ ᠪᠣᠯᠵᠤ ᠢᠰᠭᠡᠷᠬᠦ ᠪᠣᠯᠣᠨ᠎ᠠ᠃
14 ᠨᠤᠮᠤ ᠲᠠᠲᠠᠳᠠᠭ ᠲᠠ ᠪᠦᠬᠦᠨ ᠪᠠᠪᠢᠯᠣᠨ ᠢ ᠪᠦᠰᠡᠯᠡᠨ ᠪᠠᠢᠯᠳᠤᠭᠠᠨ ᠤ ᠵᠢᠭᠰᠠᠭᠠᠯ ᠪᠡᠯᠡᠳᠬᠡᠵᠡᠭᠡ ᠲᠡᠷᠡ ᠪᠡᠷ ᠶᠣᠬᠣᠸᠠ ᠳᠤ ᠨᠢᠭᠦᠯ ᠦᠢᠯᠡᠳᠦᠭᠰᠡᠨ᠂ ᠲᠡᠭᠦᠨ ᠤᠷᠤᠭᠤ ᠰᠤᠮᠤ ᠪᠠᠨ ᠬᠠᠷᠠᠮᠨᠠᠯ ᠦᠭᠡᠢ ᠬᠠᠷᠪᠤ᠃
15 ᠲᠡᠭᠦᠨ ᠢ ᠪᠦᠰᠡᠯᠡ᠂ ᠲᠠᠯ᠎ᠠ ᠪᠦᠷᠢ ᠡᠴᠡ ᠨᠢ ᠤᠤᠬᠠᠢ ᠬᠠᠰᠬᠢᠷ ᠲᠡᠷᠡ ᠪᠡᠷ ᠪᠠᠭᠤᠵᠤ ᠥᠭᠭᠥᠯ᠎ᠡ︕ ᠲᠡᠭᠦᠨ ᠦ ᠴᠠᠢᠵᠠ ᠨᠤᠭᠤᠳ ᠨᠤᠷᠠᠵᠤ᠂ ᠬᠡᠷᠡᠮ ᠬᠠᠨ᠎ᠠ ᠨᠢ ᠬᠡᠮᠬᠡᠷᠡᠵᠡᠢ᠃ ᠶᠣᠬᠣᠸᠠ ᠡᠢᠨ ᠬᠦ ᠥᠰᠢᠶ᠎ᠡ ᠠᠪᠤᠨ᠎ᠠ᠂ ᠪᠠᠪᠢᠯᠣᠨ ᠠᠴᠠ ᠥᠰᠢᠶ᠎ᠡ ᠠᠪ᠂ ᠲᠡᠭᠦᠨ ᠦ ᠦᠢᠯᠡᠳᠦᠭᠰᠡᠨ ᠰᠢᠭ ᠲᠡᠭᠦᠨ ᠳᠦ ᠦᠢᠯᠡᠳ᠃
16 ᠪᠠᠪᠢᠯᠣᠨ ᠳᠤ ᠦᠷ᠎ᠡ ᠰᠠᠴᠤᠭᠴᠢ ᠶᠢ ᠴᠤ᠂ ᠬᠤᠷᠢᠶᠠᠯᠲᠠ ᠬᠤᠷᠢᠶᠠᠬᠤ ᠬᠠᠳᠤᠭᠴᠢ ᠶᠢ ᠴᠤ ᠪᠦᠦ ᠦᠯᠡᠳᠡᠭᠡ᠂ ᠰᠦᠢᠳᠬᠡᠭᠴᠢ ᠢᠯᠳᠦᠨ ᠦ ᠡᠮᠦᠨ᠎ᠡ ᠲᠡᠳᠡᠨ ᠦ ᠬᠥᠮᠦᠨ ᠪᠦᠷᠢ ᠡᠷᠭᠢᠵᠦ ᠥᠪᠡᠷ ᠥᠪᠡᠷ ᠦᠨ ᠢᠶᠠᠨ ᠠᠷᠠᠳ ᠲᠦᠮᠡᠨ ᠤᠷᠤᠭᠤ ᠥᠪᠡᠷ ᠥᠪᠡᠷ ᠦᠨ ᠢᠶᠠᠨ ᠨᠤᠲᠤᠭ ᠤᠷᠤᠭᠤ ᠵᠢᠭᠤᠲᠠᠬᠤ ᠪᠣᠯᠣᠨ᠎ᠠ᠃
17 ᠢᠰᠷᠧᠯ ᠪᠣᠯ ᠪᠤᠲᠠᠷᠠᠭᠰᠠᠨ ᠬᠣᠨᠢᠨ ᠰᠦᠷᠦᠭ᠂ ᠠᠷᠰᠯᠠᠨ ᠨᠤᠭᠤᠳ ᠲᠡᠭᠦᠨ ᠢ ᠨᠡᠬᠡᠪᠡ᠃ ᠡᠬᠢᠯᠡᠭᠡᠳ ᠠᠰᠢᠷᠢᠶ᠎ᠠ ᠶᠢᠨ ᠬᠠᠭᠠᠨ ᠲᠡᠭᠦᠨ ᠢ ᠢᠳᠡᠵᠦ᠂ ᠳᠠᠷᠠᠭ᠎ᠠ ᠨᠢ ᠪᠠᠪᠢᠯᠣᠨ ᠤ ᠬᠠᠭᠠᠨ ᠨᠧᠪᠦ᠋ᠺᠠᠨᠧᠽᠠᠷ ᠲᠡᠭᠦᠨ ᠦ ᠶᠠᠰᠤ ᠶᠢ ᠬᠤᠭᠤᠯᠵᠠᠢ᠃ 18 ᠲᠡᠢᠮᠦ ᠡᠴᠡ ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠠᠰᠢᠷᠢᠶ᠎ᠠ ᠶᠢᠨ ᠬᠠᠭᠠᠨ ᠢ ᠰᠢᠳᠬᠡᠭᠰᠡᠨ ᠰᠢᠭ ᠢᠶᠠᠨ ᠪᠠᠪᠢᠯᠣᠨ ᠤ ᠬᠠᠭᠠᠨ ᠢ ᠭᠠᠵᠠᠷ ᠨᠤᠲᠤᠭ ᠲᠠᠢ ᠨᠢ ᠰᠢᠳᠬᠡᠬᠦ ᠭᠡᠵᠦ ᠪᠠᠢᠨ᠎ᠠ᠃ 19 ᠬᠠᠷᠢᠨ ᠪᠢ ᠢᠰᠷᠧᠯ ᠢ ᠪᠡᠯᠴᠢᠭᠡᠷ ᠲᠤᠨᠢ ᠪᠤᠴᠠᠭᠠᠨ ᠠᠪᠴᠢᠷᠠᠶ᠎ᠠ᠂ ᠲᠡᠷᠡ ᠪᠡᠷ ᠺᠠᠷᠮᠧᠯ ᠪᠣᠯᠣᠨ ᠪᠠᠱᠠᠨ ᠳᠤ ᠢᠳᠡᠰᠢᠯᠡᠵᠦ᠂ ᠡᠹᠷᠠᠢᠮ ᠤᠨ ᠲᠣᠯᠣᠭᠠᠳ ᠪᠣᠯᠣᠨ ᠭᠢᠯᠧᠶᠠᠳ᠋ ᠤᠨ ᠨᠤᠲᠤᠭ ᠲᠤ ᠰᠡᠳᠬᠢᠯ ᠬᠠᠩ᠋ᠭᠠᠯᠤᠭᠤᠨ ᠪᠣᠯᠣᠨ᠎ᠠ᠃ 20 ᠲᠡᠷᠡ ᠡᠳᠦᠷ ᠤᠳ᠂ ᠲᠡᠷᠡ ᠴᠠᠭ ᠲᠤ ᠪᠢ ᠦᠯᠡᠳᠡᠭᠡᠭᠰᠡᠨ ᠠᠷᠠᠳ ᠲᠦᠮᠡᠨ ᠢᠶᠡᠨ ᠥᠷᠥᠰᠢᠶᠡᠨ᠎ᠡ᠂ ᠢᠰᠷᠧᠯ ᠡᠴᠡ ᠭᠡᠮ ᠪᠤᠷᠤᠭᠤ ᠶᠢ ᠬᠠᠢᠭᠰᠠᠨ ᠴᠤ ᠣᠯᠬᠤ ᠦᠭᠡᠢ᠂ ᠶᠦᠳᠠ ᠠᠴᠠ ᠨᠢᠭᠦᠯ ᠤᠳ ᠢ ᠬᠠᠢᠭᠰᠠᠨ ᠴᠤ ᠣᠯᠬᠤ ᠦᠭᠡᠢ᠃〉 ᠶᠣᠬᠣᠸᠠ ᠠᠢᠯᠠᠳᠴᠤ ᠪᠠᠢᠨ᠎ᠠ᠃
21 ᠶᠣᠬᠣᠸᠠ ᠠᠢᠯᠠᠳᠴᠤ ᠪᠠᠢᠨ᠎ᠠ᠂ ᠴᠢ ᠮᠧᠷᠠᠲ᠋ᠠᠢᠮ ᠤᠨ ᠨᠤᠲᠤᠭ ᠲᠤ ᠣᠴᠢᠵᠤ ᠲᠡᠭᠦᠨ ᠢ᠂ ᠮᠥᠨ ᠫᠧᠺᠣᠳ᠋ ᠤᠨ ᠰᠠᠭᠤᠭᠠᠯᠢᠴᠢᠳ ᠢ ᠳᠣᠪᠲᠣᠯ ᠲᠡᠳᠡᠨ ᠢ ᠰᠥᠨᠥᠭᠡᠵᠦ᠂ ᠬᠦᠢᠰᠦ ᠲᠡᠮᠲᠡᠷᠢ᠂》 《ᠡᠳᠡᠭᠡᠷ ᠢ ᠴᠢ ᠵᠠᠬᠢᠭᠰᠠᠨ ᠪᠦᠬᠦᠨ ᠦ ᠮᠢᠨᠢ ᠳᠠᠭᠠᠤ ᠦᠢᠯᠡᠳ᠃
22 ᠲᠡᠷᠡ ᠨᠤᠲᠤᠭ ᠲᠤ ᠲᠤᠯᠤᠯᠳᠤᠭᠠᠨ ᠤ ᠴᠢᠮᠡᠭᠡ ᠪᠣᠯᠣᠨ ᠶᠡᠬᠡ ᠲᠠᠯᠬᠢᠳᠠᠯ ᠤᠨ ᠱᠤᠤᠭᠢᠶᠠᠨ ᠪᠠᠢᠬᠤ ᠪᠣᠯᠣᠨ᠎ᠠ᠂
23 ᠪᠦᠬᠦ ᠭᠠᠵᠠᠷ ᠳᠡᠯᠡᠬᠡᠢ ᠶᠢᠨ ᠠᠯᠤᠬ᠎ᠠ ᠪᠠᠢᠭᠰᠠᠨ ᠲᠡᠷᠡ ᠬᠡᠷᠬᠢᠨ ᠲᠠᠰᠤᠯᠤᠭᠳᠠᠵᠤ ᠬᠤᠭᠤᠷᠠᠪᠠ ᠡ︕ ᠪᠠᠪᠢᠯᠣᠨ ᠦᠨᠳᠦᠰᠦᠲᠡᠨ ᠨᠦᠭᠦᠳ ᠦᠨ ᠵᠢᠭ᠍ᠰᠢᠯ ᠪᠣᠯᠣᠭᠰᠠᠨ ᠪᠠᠢᠨ᠎ᠠ᠂
24 ᠪᠠᠪᠢᠯᠣᠨ ᠡ᠂ ᠪᠢ ᠴᠢᠮ᠎ᠠ ᠳᠤ ᠤᠷᠠᠬ᠎ᠠ ᠲᠠᠯᠪᠢᠭᠰᠠᠨ ᠴᠢ ᠰᠠᠨᠠᠭᠠᠨ ᠳᠤ ᠦᠭᠡᠢ ᠪᠠᠷᠢᠭᠳᠠᠵᠠᠢ ᠴᠢ ᠶᠣᠬᠣᠸᠠ ᠲᠠᠢ ᠰᠥᠷᠭᠡᠦᠴᠡᠯᠳᠦᠭᠰᠡᠨ ᠤᠴᠢᠷ ᠣᠯᠳᠠᠵᠤ ᠪᠠᠷᠢᠭᠳᠠᠭᠰᠠᠨ ᠶᠤᠮ᠃》
25 ᠶᠣᠬᠣᠸᠠ ᠵᠡᠪᠰᠡᠭ ᠦᠨ ᠬᠥᠮᠥᠷᠭᠡ ᠪᠡᠨ ᠨᠡᠭᠡᠭᠡᠵᠦ ᠠᠭᠤᠷ ᠬᠢᠯᠢᠩ ᠤᠨ ᠵᠡᠪᠰᠡᠭ ᠢᠶᠡᠨ ᠭᠠᠷᠭᠠᠯ᠎ᠠ ᠠᠤᠭ᠎ᠠ ᠬᠦᠴᠦᠲᠦ ᠪᠤᠷᠬᠠᠨ ᠶᠣᠬᠣᠸᠠ ᠪᠠᠪᠢᠯᠣᠨᠴᠤᠳ ᠤᠨ ᠨᠤᠲᠤᠭ ᠲᠤ ᠲᠡᠢᠨ ᠬᠦ ᠦᠢᠯᠡᠳᠬᠦ ᠭᠡᠵᠦ ᠪᠠᠢᠨ᠎ᠠ᠃
26 ᠬᠣᠯᠠ ᠶᠢᠨ ᠬᠢᠵᠠᠭᠠᠷ ᠠᠴᠠ ᠢᠷᠡᠵᠦ᠂ ᠲᠡᠭᠦᠨ ᠢ ᠴᠣᠬᠢᠵᠠᠭᠠ᠂ ᠬᠥᠮᠥᠷᠭᠡ ᠨᠦᠭᠦᠳ ᠢ ᠨᠢ ᠨᠡᠭᠡᠭᠡ᠂ ᠶᠠᠭᠤᠮ᠎ᠠ ᠶᠢ ᠨᠢ ᠣᠪᠣᠭ᠎ᠠ ᠮᠡᠲᠦ ᠣᠪᠣᠭᠠᠯᠠ᠂ ᠲᠡᠭᠦᠨ ᠢ ᠪᠦᠷᠢᠮᠦᠰᠦᠨ ᠤᠰᠠᠳᠬ᠎ᠠ᠂ ᠲᠡᠭᠦᠨ ᠳᠦ ᠶᠠᠭᠤ ᠴᠤ ᠪᠦᠦ ᠦᠯᠡᠳᠡᠭᠡ᠃
27 ᠲᠡᠭᠦᠨ ᠦ ᠪᠦᠬᠦ ᠵᠠᠯᠠᠭᠤ ᠪᠤᠬ᠎ᠠ ᠶᠢ ᠪᠦᠷᠢᠮᠦᠰᠦᠨ ᠤᠰᠠᠳᠬ᠎ᠠ ᠲᠡᠳᠡᠨ ᠢ ᠨᠢᠲᠤᠯᠬᠤ ᠭᠠᠵᠠᠷ ᠤᠷᠤᠭᠤ ᠶᠠᠪᠤᠭᠤᠯ︕ ᠲᠡᠳᠡᠨ ᠦ ᠡᠳᠦᠷ᠂ ᠲᠡᠳᠡᠨ ᠦ ᠰᠢᠳᠬᠡᠭᠳᠡᠬᠦ ᠴᠠᠭ ᠢᠷᠡᠭᠰᠡᠨ᠂ ᠲᠡᠳᠡ ᠭᠠᠰᠯᠠᠩᠲᠠᠶᠠ᠂
28 《ᠪᠠᠪᠢᠯᠣᠨ ᠠᠴᠠ ᠵᠢᠭᠤᠲᠠᠭᠰᠠᠨ ᠣᠷᠭᠣᠳᠤᠤᠯ ᠤᠨ ᠬᠢ ᠶᠢ ᠰᠣᠨᠣᠰ᠂ ᠲᠡᠳᠡ ᠪᠢᠳᠡᠨ ᠦ ᠪᠤᠷᠬᠠᠨ ᠶᠣᠬᠣᠸᠠ ᠶᠢᠨ ᠥᠰᠢᠶ᠎ᠡ ᠠᠪᠤᠭᠰᠠᠨ ᠢ᠂ ᠥᠪᠡᠷ ᠦᠨ ᠢᠶᠠᠨ ᠣᠷᠳᠣᠨ ᠤ ᠲᠥᠯᠥᠭᠡ ᠥᠰᠢᠶ᠎ᠡ ᠠᠪᠤᠭᠰᠠᠨ ᠢ ᠽᠢᠶᠣᠨ ᠳᠤ ᠵᠠᠷᠯᠠᠵᠤ ᠪᠠᠢᠨ᠎ᠠ᠂
29 ᠪᠠᠪᠢᠯᠣᠨ ᠤᠷᠤᠭᠤ ᠨᠤᠮᠤ ᠲᠠᠲᠠᠵᠤ ᠰᠤᠮᠤ ᠬᠠᠷᠪᠤᠵᠤ ᠴᠢᠳᠠᠬᠤ ᠪᠦᠭᠦᠳᠡ ᠶᠢ ᠳᠠᠭᠤᠳᠠ ᠲᠡᠭᠦᠨ ᠢ ᠪᠦᠰᠡᠯᠡᠨ ᠬᠤᠸᠠᠷᠠᠩᠨᠠᠵᠤ᠂ ᠬᠡᠨ ᠢ ᠴᠤ ᠪᠦᠦ ᠳᠤᠲᠠᠭᠠᠯᠭᠠ᠂ ᠦᠢᠯᠡᠳᠦᠭᠰᠡᠨ ᠦ ᠬᠢᠨᠢ ᠳᠠᠭᠠᠤ ᠲᠡᠭᠦᠨ ᠳᠦ ᠬᠠᠷᠢᠭᠤᠯ ᠬᠢᠭᠰᠡᠨ ᠪᠦᠬᠦᠨ ᠦ ᠬᠢᠨᠢ ᠳᠠᠭᠠᠤ ᠲᠡᠭᠦᠨ ᠳᠦ ᠬᠢ᠂ ᠲᠡᠷᠡ ᠪᠡᠷ ᠢᠰᠷᠧᠯ ᠤᠨ ᠠᠷᠢᠭᠤᠨ ᠨᠢᠭᠡᠨ ᠪᠣᠯᠬᠤ ᠶᠣᠬᠣᠸᠠ ᠶᠢᠨ ᠡᠮᠦᠨ᠎ᠡ ᠣᠩᠭᠢᠷᠠᠭᠰᠠᠨ ᠲᠤᠯᠠ
30 ᠲᠡᠷᠡ ᠡᠳᠦᠷ ᠲᠡᠭᠦᠨ ᠦ ᠭᠤᠳᠤᠮᠵᠢ ᠨᠤᠭᠤᠳ ᠲᠤ ᠵᠠᠯᠠᠭᠤᠰ ᠨᠢ ᠤᠨᠠᠵᠤ ᠳᠠᠢᠴᠢᠳ ᠨᠢ ᠪᠦᠭᠦᠳᠡᠭᠡᠷ ᠤᠰᠠᠳᠬᠠᠭᠳᠠᠨ᠎ᠠ᠂》 ᠶᠣᠬᠣᠸᠠ ᠠᠢᠯᠠᠳᠴᠤ ᠪᠠᠢᠨ᠎ᠠ᠃
31 ᠠᠤᠭ᠎ᠠ ᠬᠦᠴᠦᠲᠦ ᠡᠵᠡᠨ ᠶᠣᠬᠣᠸᠠ ᠠᠢᠯᠠᠳᠴᠤ ᠪᠠᠢᠨ᠎ᠠ᠄ 《ᠬᠠᠷ᠎ᠠ᠂ ᠪᠠᠷᠳᠠᠮᠨᠠᠭᠴᠢ ᠡ᠂ ᠪᠢ ᠴᠢᠨᠦ ᠡᠰᠡᠷᠭᠦ ᠪᠠᠢᠨ᠎ᠠ》 《ᠴᠢᠨᠦ ᠡᠳᠦᠷ᠂ ᠴᠢᠨᠦ ᠰᠢᠳᠬᠡᠭᠳᠡᠬᠦ ᠴᠠᠭ ᠪᠣᠯᠣᠯ᠎ᠠ᠃
32 ᠣᠩ᠋ᠭᠢᠷᠠᠭᠠ ᠨᠢᠭᠡᠨ ᠪᠦᠳᠦᠷᠢᠵᠦ ᠤᠨᠠᠬᠤ ᠳᠤ ᠪᠣᠰᠬᠠᠬᠤ ᠬᠥᠮᠦᠨ ᠦᠭᠡᠢ ᠪᠣᠯᠣᠨ᠎ᠠ ᠪᠢ ᠲᠡᠭᠦᠨ ᠦ ᠬᠣᠲᠠ ᠲᠣᠰᠬᠣᠳ ᠲᠤ ᠭᠠᠯ ᠲᠠᠯᠪᠢᠨ᠎ᠠ᠂ ᠲᠡᠷᠡ ᠭᠠᠯ ᠡᠷᠭᠢᠨ ᠲᠣᠭᠣᠷᠢᠨ ᠤ ᠬᠢᠨᠢ ᠪᠦᠭᠦᠳᠡ ᠶᠢ ᠵᠠᠯᠭᠢᠨ᠎ᠠ᠃》
33 ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 《ᠢᠰᠷᠧᠯᠴᠦᠳ ᠴᠤ᠂ ᠶᠦᠳᠠᠴᠤᠳ ᠴᠤ ᠳᠠᠷᠤᠯᠠᠭᠳᠠᠵᠤ ᠪᠠᠢᠨ᠎ᠠ ᠲᠡᠳᠡᠨ ᠢ ᠣᠯᠵᠠᠯᠠᠭᠰᠠᠨ ᠪᠦᠬᠦᠨ ᠲᠡᠳᠡᠨ ᠢ ᠴᠢᠩᠭ᠍᠎ᠠ ᠪᠠᠷᠢᠵᠤ᠂ ᠶᠠᠪᠤᠭᠤᠯᠬᠤ ᠦᠭᠡᠢ ᠪᠠᠢᠨ᠎ᠠ᠃
34 ᠬᠠᠷᠢᠨ ᠲᠡᠳᠡᠨ ᠦ ᠠᠪᠤᠷᠠᠭᠴᠢ ᠨᠢ ᠬᠦᠴᠦᠲᠡᠢ᠂ ᠲᠡᠭᠦᠨ ᠦ ᠨᠡᠷ᠎ᠡ ᠶᠢ ᠠᠤᠭ᠎ᠠ ᠬᠦᠴᠦᠲᠦ ᠶᠣᠬᠣᠸᠠ ᠭᠡᠳᠡᠭ ᠲᠡᠷᠡ ᠪᠡᠷ ᠲᠡᠳᠡᠨ ᠦ ᠬᠡᠷᠡᠭ ᠢ ᠭᠠᠷᠴᠠᠭ᠎ᠠ ᠦᠭᠡᠢ ᠥᠮᠥᠭᠯᠡᠵᠦ ᠭᠠᠵᠠᠷ ᠨᠤᠲᠤᠭ ᠤᠨ ᠬᠢᠨ ᠢ ᠨᠢ ᠠᠮᠠᠷᠠᠭᠠᠬᠤ ᠪᠣᠯᠪᠠᠴᠤ ᠪᠠᠪᠢᠯᠣᠨ ᠤ ᠰᠠᠭᠤᠭᠠᠯᠢᠴᠢᠳ ᠢ ᠲᠦᠭᠰᠢᠭᠡᠬᠦ ᠪᠣᠯᠣᠨ᠎ᠠ᠃
35 ᠶᠣᠬᠣᠸᠠ ᠠᠢᠯᠠᠳᠴᠤ ᠪᠠᠢᠨ᠎ᠠ᠃ ᠢᠯᠳᠦ ᠪᠠᠪᠢᠯᠣᠨᠴᠤᠳ ᠤᠷᠤᠭᠤ ᠪᠠᠪᠢᠯᠣᠨ ᠤ ᠰᠠᠭᠤᠭᠠᠯᠢᠴᠢᠳ᠂ ᠲᠡᠭᠦᠨ ᠦ ᠲᠦᠰᠢᠮᠡᠳ ᠪᠣᠯᠣᠨ ᠲᠡᠭᠦᠨ ᠦ ᠮᠡᠷᠭᠡᠳ ᠤᠷᠤᠭᠤ ᠴᠢᠭᠯᠡᠯ᠎ᠡ︕》
36 《ᠢᠯᠳᠦ ᠬᠠᠭᠤᠷᠮᠠᠭ ᠡᠰᠢ ᠦᠵᠡᠭᠦᠯᠦᠭᠴᠢᠳ ᠤᠷᠤᠭᠤ ᠨᠢ ᠴᠢᠭᠯᠡᠬᠦ ᠳᠦ᠂ ᠲᠡᠳᠡ ᠲᠡᠨᠡᠭ ᠪᠣᠯᠵᠤ ᠢᠯᠳᠦ ᠳᠠᠢᠴᠢᠳ ᠤᠷᠤᠭᠤ ᠨᠢ ᠴᠢᠭᠯᠡᠬᠦ ᠳᠦ᠂ ᠲᠡᠳᠡ ᠲᠦᠭᠰᠢᠵᠦ
37 ᠢᠯᠳᠦ ᠲᠡᠭᠦᠨ ᠦ ᠲᠡᠷᠭᠡ᠂ ᠮᠣᠷᠢᠳ᠂ ᠲᠡᠳᠡᠨ ᠦ ᠳᠤᠮᠳᠠ ᠪᠤᠢ ᠪᠦᠬᠦ ᠬᠠᠷᠢ ᠶᠢᠨ ᠴᠡᠷᠢᠭ ᠤᠷᠤᠭᠤ ᠴᠢᠭᠯᠡᠬᠦ ᠳᠦ᠂ ᠲᠡᠳᠡ ᠡᠮᠡᠭᠲᠡᠢ ᠬᠥᠮᠦᠨ ᠮᠡᠲᠦ ᠪᠣᠯᠵᠤ ᠢᠯᠳᠦ ᠲᠡᠭᠦᠨ ᠦ ᠡᠷᠳᠡᠨᠢᠰ ᠤᠷᠤᠭᠤ ᠴᠢᠭᠯᠡᠬᠦ ᠳᠦ᠂ ᠲᠡᠳᠡ ᠲᠣᠨᠣᠭᠳᠠᠨᠠ᠂
38 ᠭᠠᠩ ᠭᠠᠴᠢᠭ ᠲᠡᠭᠦᠨ ᠦ ᠤᠰᠤ ᠤᠷᠤᠭᠤ ᠴᠢᠭᠯᠡᠬᠦ ᠳᠦ᠂ ᠤᠰᠤ ᠨᠢ ᠰᠢᠷᠭᠢᠨ᠎ᠡ ᠶᠠᠭᠠᠬᠢᠭᠠᠳ ᠭᠡᠪᠡᠯ ᠲᠡᠷᠡ ᠨᠤᠲᠤᠭ ᠰᠢᠲᠦᠭᠡᠨ ᠨᠦᠭᠦᠳ ᠢᠶᠡᠷ ᠳᠦᠭᠦᠷᠡᠩ ᠠᠷᠠᠳ ᠲᠦᠮᠡᠨ ᠨᠢ ᠠᠶᠤᠮᠰᠢᠭᠲᠤ ᠰᠢᠲᠦᠭᠡᠨ ᠨᠦᠭᠦᠳ ᠡᠴᠡ ᠪᠣᠯᠵᠤ ᠭᠠᠯᠵᠠᠭᠤᠷᠠᠭᠰᠠᠨ᠃
39 ᠲᠡᠢᠮᠦ ᠡᠴᠡ ᠴᠥᠯ ᠦᠨ ᠠᠷᠢᠶᠠᠲᠠᠨ᠂ ᠴᠢᠨᠣ᠎ᠠ᠂ ᠲᠡᠮᠡᠭᠡᠨ ᠬᠢᠷᠭᠤᠤᠯ ᠲᠡᠨᠳᠡ ᠠᠮᠢᠳᠤᠷᠠᠨ᠎ᠠ ᠲᠡᠷᠡ ᠭᠠᠵᠠᠷ ᠬᠡᠵᠢᠶ᠎ᠡ ᠴᠤ ᠳᠠᠬᠢᠨ ᠰᠠᠭᠤᠭᠠᠯᠢᠴᠢᠳ ᠲᠠᠢ ᠪᠣᠯᠬᠤ ᠦᠭᠡᠢ ᠲᠡᠢᠨ ᠬᠦ ᠦᠶ᠎ᠡ ᠶᠢᠨ ᠦᠶ᠎ᠡ ᠳᠦ ᠠᠮᠢᠳᠤᠷᠠᠬᠤ ᠬᠥᠮᠦᠨ ᠦᠭᠡᠢ ᠪᠣᠯᠣᠨ᠎ᠠ᠃
40 ᠪᠤᠷᠬᠠᠨ ᠰᠣᠳᠣᠮ ᠪᠣᠯᠣᠨ ᠭᠣᠮᠣᠷᠠ ᠶᠢ ᠬᠥᠷᠰᠢ ᠬᠣᠲᠠ ᠨᠤᠭᠤᠳ ᠤᠨ ᠬᠢᠨᠢ ᠬᠠᠮᠲᠤ ᠬᠥᠮᠥᠷᠢᠭᠰᠡᠨ ᠰᠢᠭ ᠢᠶᠠᠨ ᠲᠡᠨᠳᠡᠬᠢ ᠶᠢ ᠦᠯᠡᠳᠡᠬᠦ ᠬᠥᠮᠦᠨ ᠦᠭᠡᠢ᠂ ᠰᠠᠭᠤᠬᠤ ᠬᠥᠮᠦᠨ ᠦᠭᠡᠢ ᠪᠣᠯᠭᠠᠨ᠎ᠠ᠂》 ᠶᠣᠬᠣᠸᠠ ᠠᠢᠯᠠᠳᠴᠤ ᠪᠠᠢᠨ᠎ᠠ᠃
41 《ᠬᠠᠷ᠎ᠠ᠂ ᠨᠢᠭᠡᠨ ᠦᠨᠳᠦᠰᠦᠲᠡᠨ ᠤᠮᠠᠷᠠᠲᠤ ᠵᠦᠭ ᠡᠴᠡ ᠢᠷᠡᠵᠦ ᠪᠠᠢᠨ᠎ᠠ︕ ᠨᠢᠭᠡᠨ ᠠᠭᠤᠤ ᠦᠨᠳᠦᠰᠦᠲᠡᠨ ᠣᠯᠠᠨ ᠬᠠᠭᠠᠨ ᠲᠠᠢ ᠬᠠᠮᠲᠤ ᠭᠠᠵᠠᠷ ᠤᠨ ᠬᠢᠵᠠᠭᠠᠷ ᠠᠴᠠ ᠬᠥᠳᠡᠯᠦᠨ ᠭᠠᠷᠴᠤ ᠪᠠᠢᠨ᠎ᠠ᠃
42 ᠲᠡᠳᠡ ᠨᠤᠮᠤ ᠵᠢᠳᠠ ᠪᠠᠷᠢᠪᠠ ᠬᠠᠷᠭᠢᠰ ᠪᠥᠭᠡᠳ ᠥᠷᠥᠰᠢᠶᠡᠯ ᠦᠭᠡᠢ ᠳᠠᠭᠤ ᠨᠢ ᠳᠠᠯᠠᠢ ᠶᠢᠨ ᠬᠦᠷᠬᠢᠷᠡᠭᠡᠨ ᠮᠡᠲᠦ ᠳᠠᠢᠴᠢᠳ ᠤᠨ ᠵᠢᠭᠰᠠᠭᠠᠯ ᠪᠡᠯᠡᠳᠬᠡᠨ ᠮᠣᠷᠢᠳ ᠢᠶᠠᠨ ᠤᠨᠤᠵᠤ᠂ ᠥᠬᠢᠨ ᠪᠠᠪᠢᠯᠣᠨ ᠴᠢᠮ᠎ᠠ ᠤᠷᠤᠭᠤ ᠳᠣᠪᠲᠣᠯᠣᠨ᠎ᠠ᠃
43 ᠪᠠᠪᠢᠯᠣᠨ ᠤ ᠬᠠᠭᠠᠨ ᠲᠡᠳᠡᠨ ᠦ ᠲᠤᠬᠠᠢ ᠮᠡᠳᠡᠭᠡ ᠶᠢ ᠰᠣᠨᠣᠰᠣᠭᠠᠳ ᠵᠣᠷᠢᠭ ᠠᠯᠳᠠᠨ᠂ ᠲᠥᠷᠥᠯᠲᠡ ᠶᠢᠨ ᠬᠢ ᠮᠡᠲᠦ ᠡᠪᠡᠷᠰᠢᠶᠡᠯ ᠪᠣᠯᠣᠨ ᠵᠣᠪᠠᠭᠤᠷᠢ ᠳᠤ ᠠᠪᠲᠠᠨ᠎ᠠ᠃
44 《ᠬᠠᠷ᠎ᠠ᠂ ᠠᠷᠰᠯᠠᠨ ᠶᠣᠷᠳᠠᠨ ᠤ ᠰᠢᠭᠤᠢ ᠠᠴᠠ ᠤᠰᠤᠨ ᠤ ᠳᠡᠷᠭᠡᠳᠡᠬᠢ ᠪᠡᠯᠴᠢᠭᠡᠷ ᠤᠷᠤᠭᠤ ᠭᠠᠷᠬᠤ ᠮᠡᠲᠦ ᠪᠢ ᠬᠣᠷᠣᠮᠬᠠᠨ ᠵᠠᠭᠤᠷ᠎ᠠ ᠪᠠᠪᠢᠯᠣᠨ ᠢ ᠭᠠᠵᠠᠷ ᠠᠴᠠ ᠨᠢ ᠬᠥᠭᠡᠭᠡᠵᠦ᠂ ᠰᠣᠩ᠋ᠭᠣᠭᠰᠠᠨ ᠨᠢᠭᠡᠨ ᠢᠶᠡᠨ ᠲᠡᠭᠦᠨ ᠦ ᠳᠡᠭᠡᠷ᠎ᠡ ᠲᠣᠮᠢᠯᠠᠨ᠎ᠠ᠃ ᠲᠡᠭᠡᠬᠦ ᠳᠦ ᠬᠡᠨ ᠨᠠᠳᠠ ᠲᠠᠢ ᠵᠡᠷᠭᠡᠴᠡᠬᠦ ᠪᠤᠢ︖ ᠬᠡᠨ ᠨᠠᠳᠠ ᠲᠠᠢ ᠵᠥᠷᠢᠯᠳᠦᠬᠦ ᠪᠤᠢ︖ ᠬᠡᠨ ᠮᠢᠨᠦ ᠡᠰᠡᠷᠭᠦ ᠵᠣᠭᠰᠣᠬᠤ ᠬᠣᠨᠢᠴᠢᠨ ᠪᠣᠯᠬᠤ ᠪᠤᠢ︖》 45 ᠲᠡᠢᠮᠦ ᠡᠴᠡ ᠪᠠᠪᠢᠯᠣᠨ ᠤ ᠲᠤᠬᠠᠢ ᠶᠣᠬᠣᠸᠠ ᠶᠠᠭᠤ ᠶᠢ ᠲᠥᠯᠥᠪᠯᠡᠭᠰᠡᠨ ᠢ᠂ ᠮᠥᠨ ᠪᠠᠪᠢᠯᠣᠨ ᠤ ᠨᠤᠲᠤᠭ ᠤᠨ ᠲᠤᠬᠠᠢ ᠶᠠᠭᠤ ᠳᠣᠬᠢᠶᠠᠭᠰᠠᠨ ᠢ ᠲᠠ ᠨᠠᠷ ᠰᠣᠨᠣᠰᠣᠭᠲᠤᠨ᠃ ᠲᠡᠳᠡᠨ ᠦ ᠰᠦᠷᠦᠭ ᠦᠨ ᠬᠢᠨᠢ ᠲᠥᠯ ᠤᠳ ᠬᠦᠷᠲᠡᠯ᠎ᠡ ᠴᠢᠷᠦᠭᠳᠡᠨ ᠭᠠᠷᠴᠤ᠂ ᠰᠠᠭᠤᠳᠠᠭ ᠭᠠᠵᠠᠷ ᠨᠢ ᠲᠠᠯᠬᠢᠳᠠᠭᠳᠠᠨ᠎ᠠ᠃ 46 ᠪᠠᠪᠢᠯᠣᠨ ᠤ ᠡᠵᠡᠯᠡᠭᠳᠡᠬᠦ ᠴᠢᠮᠡᠭᠡᠨ ᠳᠦ ᠭᠠᠵᠠᠷ ᠬᠥᠳᠡᠯᠵᠦ᠂ ᠲᠡᠭᠦᠨ ᠦ ᠬᠠᠰᠬᠢᠷᠬᠤ ᠳᠠᠭᠤ ᠦᠨᠳᠦᠰᠦᠲᠡᠨ ᠨᠦᠭᠦᠳ ᠦᠨ ᠳᠤᠮᠳᠠ ᠰᠣᠨᠣᠰᠳᠠᠨ᠎ᠠ᠃