ᠶᠧᠷᠧᠮᠢᠶ᠎ᠠ ᠬᠣᠷᠢᠨ ᠨᠢᠭᠡ
ᠪᠤᠷᠬᠠᠨ ᠽᠧᠳᠧᠺᠢᠶ᠎ᠠ ᠶᠢᠨ ᠬᠦᠰᠡᠯᠲᠡ ᠶᠢ ᠦᠯᠦ ᠵᠥᠪᠰᠢᠶᠡᠷᠡᠪᠡ
1 ᠽᠧᠳᠧᠺᠢᠶ᠎ᠠ ᠬᠠᠭᠠᠨ ᠶᠧᠷᠧᠮᠢᠶ᠎ᠠ ᠤᠷᠤᠭᠤ ᠮᠠᠯᠺᠢᠶ᠎ᠠ ᠶᠢᠨ ᠬᠦᠦ ᠫᠠᠱᠦ᠋ᠷ ᠪᠣᠯᠣᠨ ᠮᠠᠶᠠᠰᠧᠶ᠎ᠠ ᠶᠢᠨ ᠬᠦᠦ᠂ ᠲᠠᠬᠢᠯᠴᠢ ᠽᠧᠹᠠᠨᠢᠶ᠎ᠠ ᠶᠢ ᠢᠯᠡᠭᠡᠬᠦ ᠳᠦ᠂ ᠶᠣᠬᠣᠸᠠ ᠶᠢᠨ ᠦᠭᠡ ᠶᠧᠷᠧᠮᠢᠶ᠎ᠠ ᠳᠤ ᠢᠷᠡᠪᠡ᠃ 2 ᠲᠡᠳᠡ᠄ 《ᠪᠠᠪᠢᠯᠣᠨ ᠤ ᠬᠠᠭᠠᠨ ᠨᠧᠪᠦ᠋ᠺᠠᠨᠧᠽᠠᠷ ᠪᠢᠳᠡᠨ ᠢ ᠳᠣᠪᠲᠣᠯᠵᠤ ᠪᠠᠢᠨ᠎ᠠ᠂ ᠲᠠ ᠪᠢᠳᠡᠨ ᠦ ᠡᠮᠦᠨ᠎ᠡ ᠡᠴᠡ ᠶᠣᠬᠣᠸᠠ ᠠᠴᠠ ᠠᠰᠠᠭᠤᠵᠤ ᠥᠭᠭᠥᠭᠡᠴᠢ᠃ ᠶᠣᠬᠣᠸᠠ ᠤᠷᠢᠳᠤ ᠶᠢᠨ ᠬᠢ ᠰᠢᠭ᠋ ᠢᠶᠠᠨ ᠪᠢᠳᠡᠨ ᠳᠦ ᠶᠠᠩᠵᠤ ᠪᠦᠷᠢ ᠶᠢᠨ ᠭᠠᠢᠬᠠᠮᠰᠢᠭ ᠢᠶᠠᠨ ᠦᠢᠯᠡᠳᠴᠦ ᠮᠠᠭᠠᠳ ᠦᠭᠡᠢ᠃ ᠲᠡᠭᠡᠪᠡᠯ ᠳᠠᠢᠰᠤᠨ ᠪᠢᠳᠡᠨ ᠡᠴᠡ ᠤᠬᠤᠷᠢᠨ᠎ᠠ》 ᠭᠡᠪᠡ᠃
3 ᠶᠧᠷᠧᠮᠢᠶ᠎ᠠ ᠬᠠᠷᠢᠭᠤ ᠳᠤᠨᠢ᠄ 《ᠽᠧᠳᠧᠺᠢᠶ᠎ᠠ ᠳᠤ ᠬᠡᠯᠡᠲᠦᠭᠡᠢ᠂ 4 ᠢᠰᠷᠧᠯ ᠤᠨ ᠪᠤᠷᠬᠠᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠬᠡᠷᠡᠮ ᠦᠨ ᠭᠠᠳᠠᠨ᠎ᠠ ᠲᠠ ᠨᠠᠷ ᠢ ᠪᠦᠰᠡᠯᠡᠵᠦ ᠪᠠᠢᠭ᠎ᠠ ᠪᠠᠪᠢᠯᠣᠨ ᠤ ᠬᠠᠭᠠᠨ ᠪᠣᠯᠣᠨ ᠪᠠᠪᠢᠯᠣᠨᠴᠤᠳ ᠲᠠᠢ ᠳᠠᠢᠲᠤᠬᠤ ᠳᠤ ᠠᠰᠢᠭᠯᠠᠵᠤ ᠪᠠᠢᠭ᠎ᠠ ᠭᠠᠷ ᠲᠤ ᠴᠢᠨᠢ ᠪᠤᠢ ᠵᠡᠷ ᠵᠡᠪᠰᠡᠭ ᠢ ᠪᠢ ᠥᠪᠡᠷᠰᠡᠳ ᠤᠷᠤᠭᠤ ᠴᠢᠨᠢ ᠡᠷᠭᠢᠭᠦᠯᠬᠦ ᠪᠥᠭᠡᠳ ᠳᠠᠢᠰᠤᠨ ᠨᠤᠭᠤᠳ ᠢ ᠴᠢᠨᠢ ᠡᠨᠡ ᠬᠣᠲᠠ ᠶᠢᠨ ᠳᠣᠲᠣᠷ᠎ᠠ ᠠᠪᠴᠢᠷᠠᠨ᠎ᠠ᠃ 5 ᠪᠢ ᠶᠡᠬᠡ ᠠᠭᠤᠷ ᠬᠢᠯᠢᠩ᠂ ᠤᠴᠠᠭᠠᠷ ᠤᠨ ᠢᠶᠠᠨ ᠤᠯᠠᠮ ᠢᠶᠠᠷ ᠰᠤᠩ᠋ᠭᠠᠭᠰᠠᠨ ᠬᠦᠴᠦᠲᠦ ᠭᠠᠷ ᠢᠶᠠᠷ ᠢᠶᠠᠨ ᠲᠠ ᠨᠠᠷ ᠲᠠᠢ ᠲᠤᠯᠤᠯᠳᠤᠵᠤ᠂ 6 ᠡᠨᠡ ᠬᠣᠲᠠ ᠳᠤ ᠪᠠᠢᠭᠴᠢᠳ ᠢ ᠬᠥᠮᠦᠨ ᠠᠮᠢᠲᠠᠨ ᠢᠯᠭᠠᠯ ᠦᠭᠡᠢ ᠴᠣᠬᠢᠬᠤ ᠪᠠ ᠲᠡᠳᠡ ᠠᠶᠤᠮᠰᠢᠭᠲᠤ ᠲᠠᠬᠤᠯ ᠢᠶᠠᠷ ᠦᠬᠦᠨ᠎ᠡ᠃ 7 ᠶᠣᠬᠣᠸᠠ ᠪᠢ ᠠᠢᠯᠠᠳᠴᠤ ᠪᠠᠢᠨ᠎ᠠ᠃ ᠳᠠᠷᠠᠭ᠎ᠠ ᠨᠢ ᠪᠢ ᠶᠦᠳᠠ ᠶᠢᠨ ᠬᠠᠭᠠᠨ ᠽᠧᠳᠧᠺᠢᠶ᠎ᠠ ᠪᠣᠯᠣᠨ ᠲᠡᠭᠦᠨ ᠦ ᠲᠦᠰᠢᠮᠡᠳ ᠢ ᠲᠠᠬᠤᠯ᠂ ᠢᠯᠳᠦ ᠪᠣᠯᠣᠨ ᠥᠯᠥᠰᠬᠥᠯᠡᠩ ᠡᠴᠡ ᠠᠮᠢᠳᠤ ᠦᠯᠡᠳᠡᠭᠰᠡᠨ ᠡᠨᠡ ᠬᠣᠲᠠ ᠶᠢᠨ ᠠᠷᠠᠳ ᠲᠦᠮᠡᠨ ᠲᠡᠢ ᠬᠠᠮᠲᠤ ᠪᠠᠪᠢᠯᠣᠨ ᠤ ᠬᠠᠭᠠᠨ ᠨᠧᠪᠦ᠋ᠺᠠᠨᠧᠽᠠᠷ ᠤᠨ ᠭᠠᠷ ᠲᠤ᠂ ᠲᠡᠳᠡᠨ ᠦ ᠠᠮᠢ ᠶᠢ ᠬᠠᠢᠳᠠᠭ ᠳᠠᠢᠰᠤᠨ ᠨᠤᠭᠤᠳ ᠤᠨ ᠬᠢᠨᠢ ᠭᠠᠷ ᠲᠤ ᠲᠤᠰᠢᠶᠠᠨ᠎ᠠ᠃ ᠨᠧᠪᠦ᠋ᠺᠠᠨᠧᠽᠠᠷ ᠲᠡᠳᠡᠨ ᠢ ᠥᠷᠥ ᠡᠪᠡᠳᠦᠯ ᠦᠭᠡᠢ᠂ ᠡᠨᠡᠷᠢᠵᠦ ᠥᠷᠥᠰᠢᠶᠡᠯ ᠦᠭᠡᠢ ᠪᠠᠷ ᠢᠯᠳᠦᠨ ᠦ ᠢᠷ ᠢᠶᠠᠷ ᠴᠣᠬᠢᠨ᠎ᠠ〉》 ᠭᠡᠪᠡ᠃
8 ᠴᠢ ᠡᠨᠡ ᠠᠷᠠᠳ ᠲᠦᠮᠡᠨ ᠲᠤ ᠶᠠᠷᠢ᠄ 《ᠶᠣᠬᠣᠸᠠ ᠡᠢᠨ ᠬᠦ ᠠᠢᠯᠠᠳᠴᠤ ᠪᠠᠢᠨ᠎ᠠ᠄ ᠬᠠᠷ᠎ᠠ᠂ ᠪᠢ ᠲᠠ ᠨᠠᠷ ᠤᠨ ᠡᠮᠦᠨ᠎ᠡ ᠠᠮᠢ ᠶᠢᠨ ᠵᠠᠮ ᠪᠣᠯᠣᠨ ᠦᠬᠦᠯ ᠦᠨ ᠵᠠᠮ ᠢ ᠲᠠᠯᠪᠢᠵᠤ ᠪᠠᠢᠨ᠎ᠠ᠃ 9 ᠡᠨᠡ ᠬᠣᠲᠠ ᠳᠤ ᠦᠯᠡᠳᠡᠬᠦ ᠬᠥᠮᠦᠨ ᠢᠯᠳᠦ᠂ ᠥᠯᠥᠰᠬᠥᠯᠡᠩ ᠪᠣᠯᠣᠨ ᠲᠠᠬᠤᠯ ᠢᠶᠠᠷ ᠦᠬᠦᠨ᠎ᠡ᠃ ᠬᠠᠷᠢᠨ ᠭᠠᠳᠠᠭᠰᠢ ᠭᠠᠷᠤᠨ᠂ ᠲᠠ ᠨᠠᠷ ᠢ ᠪᠦᠰᠡᠯᠡᠵᠦ ᠪᠠᠢᠭ᠎ᠠ ᠪᠠᠪᠢᠯᠣᠨᠴᠤᠳ ᠲᠤ ᠪᠠᠭᠤᠵᠤ ᠥᠭᠬᠦ ᠬᠥᠮᠦᠨ ᠠᠮᠢᠳᠤᠷᠠᠬᠤ ᠪᠥᠭᠡᠳ ᠠᠮᠢ ᠪᠠᠨ ᠳᠠᠢᠨ ᠤ ᠣᠯᠵᠠ ᠮᠡᠲᠦ ᠣᠯᠬᠤ ᠪᠣᠯᠣᠨ᠎ᠠ᠃ 10 ᠪᠢ ᠡᠨᠡ ᠬᠣᠲᠠ ᠳᠤ ᠰᠠᠢᠨ ᠢ ᠪᠤᠰᠤ᠂ ᠬᠠᠷᠢᠨ ᠮᠠᠭᠤ ᠶᠢ ᠠᠪᠴᠢᠷᠠᠬᠤ ᠪᠠᠷ ᠰᠢᠢᠳᠦᠭᠰᠡᠨ᠃ ᠶᠣᠬᠣᠸᠠ ᠪᠢ ᠠᠢᠯᠠᠳᠴᠤ ᠪᠠᠢᠨ᠎ᠠ᠃ ᠡᠨᠡ ᠬᠣᠲᠠ ᠪᠠᠪᠢᠯᠣᠨ ᠤ ᠬᠠᠭᠠᠨ ᠤ ᠭᠠᠷ ᠲᠤ ᠣᠷᠣᠬᠤ ᠪᠥᠭᠡᠳ ᠲᠡᠷᠡ ᠪᠡᠷ ᠲᠡᠭᠦᠨ ᠢ ᠭᠠᠯᠳᠠᠨ ᠰᠢᠲᠠᠭᠠᠨ᠎ᠠ᠃》
11 ᠶᠦᠳᠠ ᠶᠢᠨ ᠬᠠᠭᠠᠨ ᠤ ᠭᠡᠷ ᠦᠨ ᠬᠢᠨ ᠳᠤ ᠶᠠᠷᠢ᠄ 《ᠲᠠ ᠨᠠᠷ ᠶᠣᠬᠣᠸᠠ ᠶᠢᠨ ᠦᠭᠡ ᠶᠢ ᠰᠣᠨᠣᠰᠣᠭᠲᠤᠨ
12 ᠳ᠋ᠠᠸᠢᠳ᠋ ᠤᠨ ᠭᠡᠷ ᠡ᠂ ᠶᠣᠬᠣᠸᠠ ᠡᠢᠨ ᠬᠦ ᠠᠢᠯᠠᠳᠴᠤ ᠪᠠᠢᠨ᠎ᠠ᠄ 〈ᠲᠠ ᠨᠠᠷ ᠥᠷᠯᠥᠭᠡ ᠪᠦᠷᠢ ᠰᠢᠳᠤᠷᠭᠤ ᠪᠠᠷ ᠰᠢᠭᠦᠵᠦ ᠳᠡᠭᠡᠷᠡᠮᠳᠡᠭᠦᠯᠦᠭᠰᠡᠨ ᠬᠥᠮᠦᠨ ᠢ ᠳᠠᠷᠤᠯᠠᠭᠴᠢ ᠶᠢᠨ ᠬᠢᠨᠢ ᠭᠠᠷ ᠠᠴᠠ ᠠᠪᠤᠷᠠ ᠲᠡᠭᠡᠬᠦ ᠦᠭᠡᠢ ᠪᠣᠯ ᠮᠢᠨᠦ ᠠᠭᠤᠷ ᠬᠢᠯᠢᠩ ᠲᠠ ᠨᠠᠷ ᠤᠨ ᠪᠤᠵᠠᠷ ᠦᠢᠯᠡᠰ ᠦᠨ ᠤᠯᠠᠮ ᠢᠶᠠᠷ ᠭᠠᠯ ᠮᠡᠲᠦ ᠠᠰᠠᠵᠤ ᠤᠨᠲᠠᠷᠠᠰᠢ ᠦᠭᠡᠢ ᠳᠦᠷᠡᠯᠵᠡᠬᠦ ᠪᠣᠯᠣᠨ᠎ᠠ᠂〉
13 ᠶᠣᠬᠣᠸᠠ ᠪᠢ ᠠᠢᠯᠠᠳᠴᠤ ᠪᠠᠢᠨ᠎ᠠ᠄ ᠪᠣᠯᠭᠣᠮᠵᠢᠯᠠᠭᠲᠤᠨ᠂ ᠬᠥᠨᠳᠡᠢ ᠲᠠᠯ᠎ᠠ ᠶᠢᠨ ᠴᠢᠯᠠᠭᠤᠨ ᠳᠡᠭᠡᠷ᠎ᠡ ᠰᠠᠭᠤᠭᠰᠠᠨ ᠴᠢ ᠪᠢ ᠴᠢᠨᠦ ᠡᠰᠡᠷᠭᠦ ᠪᠠᠢᠨ᠎ᠠ᠂ ᠲᠠ ᠨᠠᠷ 〈ᠬᠡᠨ ᠪᠢᠳᠡᠨ ᠤᠷᠤᠭᠤ ᠳᠠᠭᠠᠷᠢᠬᠤ ᠶᠤᠮ ᠪᠤᠢ︖ ᠬᠡᠨ ᠪᠢᠳᠡᠨ ᠦ ᠨᠢᠭᠤᠭᠰᠠᠨ ᠭᠠᠵᠠᠷ ᠲᠤ ᠣᠷᠣᠵᠤ ᠢᠷᠡᠬᠦ ᠶᠤᠮ ᠪᠤᠢ︖〉 ᠭᠡᠯᠴᠡᠳᠡᠭ ᠪᠣᠯᠪᠠᠴᠤ
14 ᠦᠢᠯᠡᠰ ᠦᠨ ᠴᠢᠨᠢ ᠳᠠᠭᠠᠤ ᠪᠢ ᠲᠠ ᠨᠠᠷ ᠢ ᠰᠢᠳᠬᠡᠵᠦ ᠣᠢ ᠳᠤ ᠴᠢᠨᠢ ᠭᠠᠯ ᠲᠠᠯᠪᠢᠨ ᠡᠷᠭᠢᠨ ᠲᠣᠭᠣᠷᠢᠨ ᠤ ᠴᠢᠨᠢ ᠪᠦᠬᠦᠨ ᠢ ᠰᠢᠲᠠᠭᠠᠨ᠎ᠠ ᠶᠣᠬᠣᠸᠠ ᠪᠢ ᠠᠢᠯᠠᠳᠴᠤ ᠪᠠᠢᠨ᠎ᠠ᠃》