1 2 3 4 5 6 7 8


ᠳᠠᠭᠤᠤ ᠨᠤᠭᠤᠳ ᠤᠨ ᠳᠠᠭᠤᠤ ᠨᠢᠭᠡ
 ᠬᠠᠢᠷ᠎ᠠ ᠶᠢᠨ ᠡᠬᠢᠯᠡᠯ

1 ᠰᠣᠯᠣᠮᠣᠨ ᠤ ᠳᠠᠭᠤᠤ ᠨᠤᠭᠤᠳ ᠤᠨ ᠳᠠᠭᠤᠤ᠂
〔ᠬᠣᠩ᠋ᠭᠣᠷ ᠪᠦᠰᠡᠭᠦᠢ᠄〕
2 《ᠣᠷᠣᠭᠤᠯ ᠢᠶᠠᠷ ᠢᠶᠠᠨ ᠰᠢᠮᠩᠭᠡᠨ ᠨᠠᠮ᠎ᠠ ᠪᠠᠨ ᠲᠡᠷᠡ ᠦᠨᠦᠰᠦᠭ︕ ᠤᠴᠢᠷ ᠨᠢ ᠬᠠᠢᠷ᠎ᠠ ᠴᠢᠨᠢ ᠳᠠᠷᠠᠰᠤᠨ ᠠᠴᠠ ᠰᠠᠢᠨ᠃
3 ᠲᠣᠰᠣ ᠴᠢᠳᠬᠤᠭᠳᠠᠭᠰᠠᠨ ᠯᠤᠭ᠎ᠠ ᠢᠵᠢᠯ ᠴᠢᠨᠦ ᠨᠡᠷ᠎ᠡ ᠲᠣᠰᠣᠨ ᠤ ᠴᠢᠨᠢ ᠠᠩᠬᠢᠯᠤᠭᠤᠨ ᠠᠳᠠᠯᠢ ᠦᠯᠡᠮᠵᠢ ᠤᠴᠢᠷ ᠥᠬᠢᠳ ᠪᠦᠰᠡᠭᠦᠢᠴᠦᠦᠯ ᠴᠢᠮ᠎ᠠ ᠳᠤ ᠳᠤᠷᠠᠯᠠᠬᠤ ᠨᠢ ᠠᠷᠭ᠎ᠠ ᠦᠭᠡᠢ᠃
4 ᠨᠠᠮ᠎ᠠ ᠪᠠᠨ ᠬᠥᠲᠥᠯᠥᠭᠡᠴᠢ ᠴᠢᠨᠦ ᠠᠷᠤ ᠠᠴᠠ ᠪᠢᠳᠡ ᠭᠦᠶᠦᠵᠡᠭᠡᠶ᠎ᠡ ᠬᠠᠭᠠᠨᠲᠠᠨ ᠨᠠᠮᠠᠶᠢ ᠥᠪᠡᠷ ᠦᠨ ᠲᠠᠩᠬᠢᠮ ᠳᠤ ᠠᠪᠴᠢᠷᠠᠯ᠎ᠠ᠃》

〔ᠨᠠᠢᠵᠠ ᠨᠠᠷ᠄〕 《ᠲᠠᠨ ᠢ ᠪᠠᠨ ᠪᠢᠳᠡ ᠪᠠᠬᠠᠳᠤᠩ᠋ᠬᠠᠨ᠂ ᠪᠠᠶᠠᠰᠤᠯᠳᠤᠵᠤ ᠲᠠᠨ ᠤ ᠪᠠᠨ ᠬᠠᠢᠷ᠎ᠠ ᠶᠢ ᠳᠠᠷᠠᠰᠤᠨ ᠠᠴᠠ ᠢᠯᠡᠭᠦᠦ ᠪᠡᠷ ᠰᠠᠨᠠᠨ᠎ᠠ᠃》

〔ᠬᠣᠩ᠋ᠭᠣᠷ ᠪᠦᠰᠡᠭᠦᠢ᠄〕 《ᠲᠡᠳᠡᠨ ᠦ ᠲᠠᠨ ᠳᠤ ᠳᠤᠷᠠᠯᠠᠳᠠᠭ ᠨᠢ ᠲᠠᠰᠢᠶ᠎ᠠ ᠦᠭᠡᠢ ᠵᠥᠪ ᠪᠠᠢᠨ᠎ᠠ᠃
5 ᠬᠠᠷ᠎ᠠ ᠪᠠᠷᠠᠭᠠᠨ ᠴᠤ ᠪᠢ ᠬᠠᠷᠠᠭ᠎ᠠ ᠪᠤᠯᠢᠶᠠᠮ᠎ᠠ ᠶᠧᠷᠦ᠋ᠰᠠᠯᠧᠮ ᠤᠨ ᠥᠬᠢᠳ ᠡ︕ ᠺᠧᠳᠠᠷ ᠤᠨ ᠮᠠᠢᠬᠠᠨ ᠮᠡᠲᠦ ᠴᠤ ᠰᠣᠯᠣᠮᠣᠨ ᠤ ᠬᠥᠰᠢᠭᠡ ᠠᠳᠠᠯᠢ᠃
6 ᠬᠠᠷ᠎ᠠ ᠪᠣᠷᠣ ᠭᠡᠵᠦ ᠨᠠᠮᠠᠶᠢ ᠪᠦᠦ ᠬᠠᠷᠠ ᠨᠠᠷᠠ ᠨᠠᠮᠠᠶᠢ ᠰᠢᠷᠲᠡᠭᠰᠡᠨ ᠨᠢ ᠲᠡᠷᠡ ᠠᠭᠤᠷ ᠲᠠᠭᠠᠨ ᠰᠢᠲᠠᠭᠠᠳ ᠡᠬᠡ ᠶᠢᠨ ᠮᠢᠨᠢ ᠬᠥᠪᠡᠭᠦᠳ ᠦᠵᠦᠮ ᠦᠨ ᠬᠦᠷᠢᠶᠡᠯᠡᠩ ᠶᠢᠨ ᠢᠶᠠᠨ ᠰᠠᠬᠢᠭᠤᠯ ᠪᠣᠯᠭᠠᠭᠰᠠᠨ ᠶᠤᠮ ᠨᠠᠮᠠᠶᠢ ᠥᠪᠡᠷ ᠲᠦ ᠮᠢᠨᠢ ᠪᠠᠢᠭ᠎ᠠ ᠦᠵᠦᠮ ᠦᠨ ᠬᠦᠷᠢᠶᠡᠯᠡᠩ ᠢᠶᠡᠨ ᠦᠯᠦ ᠰᠠᠬᠢᠭᠰᠠᠨ ᠤ ᠮᠢᠨᠢ ᠤᠴᠢᠷ ᠨᠢ ᠡᠨᠡ ᠶᠤᠮ᠃
7 〈ᠬᠠᠢᠷᠠᠲᠤ ᠴᠢ ᠮᠢᠨᠢ ᠬᠠᠮᠢᠭᠠᠭᠤᠷ ᠰᠦᠷᠦᠭ ᠢᠶᠡᠨ ᠪᠡᠯᠴᠢᠭᠡᠵᠦ ᠬᠠᠮᠢᠭ᠎ᠠ ᠨᠢ ᠦᠳᠡᠯᠡᠬᠦ ᠪᠡᠨ ᠬᠡᠯᠡᠭᠡᠴᠢ ᠨᠥᠬᠥᠳ ᠦᠨ ᠴᠢᠨᠢ ᠰᠦᠷᠦᠭ ᠦᠨ ᠬᠠᠪᠢ ᠳᠤ ᠪᠢ ᠨᠢᠭᠤᠷ ᠤᠨ ᠪᠦᠲᠡᠭᠡᠯᠭᠡ ᠲᠠᠢ ᠡᠮᠡᠭᠲᠡᠢ ᠮᠡᠲᠦ ᠪᠠᠢᠬᠤ ᠬᠡᠷᠡᠭ ᠶᠠᠭᠤᠨ︖〉》

〔ᠨᠠᠢᠵᠠ ᠨᠠᠷ᠄〕
8 《ᠡᠭᠦᠨ ᠢ ᠬᠡᠷᠪᠡ ᠮᠡᠳᠡᠬᠦ ᠦᠭᠡᠢ ᠪᠠᠢᠪᠠᠯ ᠥᠬᠢᠳ ᠤᠨ ᠳᠤᠮᠳᠠ ᠠᠴᠠ ᠬᠥᠭᠡᠷᠦᠬᠦᠨ ᠴᠢ ᠮᠢᠨᠢ ᠰᠦᠷᠦᠭ ᠦᠨ ᠮᠥᠷ ᠢ ᠮᠥᠰᠬᠢᠨ ᠢᠷᠡᠵᠦ ᠮᠠᠯᠴᠢᠳ ᠤᠨ ᠮᠠᠢᠬᠠᠨ ᠤ ᠬᠠᠪᠢ ᠪᠠᠷ ᠢᠰᠢᠭᠡ ᠬᠤᠷᠠᠭ᠎ᠠ ᠪᠠᠨ ᠢᠳᠡᠰᠢᠯᠡᠭᠦᠯ᠃

〔ᠠᠮᠠᠷᠠᠭ ᠵᠠᠯᠠᠭᠤ᠄〕
9 ᠹᠠᠷᠠᠣ᠋ ᠶᠢᠨ ᠲᠡᠷᠭᠡᠨ ᠦ ᠪᠠᠢᠳᠠᠰᠤ ᠲᠠᠢ ᠠᠮᠠᠷᠠᠭ ᠢᠶᠠᠨ ᠪᠢ ᠦᠯᠢᠳᠬᠡᠨ᠎ᠡ᠃
10 ᠤᠨᠵᠢᠯᠭᠠᠨ ᠵᠠᠰᠠᠯ ᠲᠠᠢ ᠬᠠᠴᠠᠷ ᠰᠢᠨᠠ ᠰᠣᠨᠳᠣᠷ ᠲᠠᠢ ᠬᠦᠵᠦᠭᠦᠦ ᠴᠢᠨᠢ ᠰᠠᠢᠬᠠᠨ ᠡ᠂
11 ᠮᠥᠩᠭᠥᠨ ᠰᠢᠭᠢᠳᠬᠡᠷᠢᠲᠦ ᠠᠯᠲᠠᠨ ᠤᠨᠵᠢᠯᠭ᠎ᠠ ᠶᠢ ᠴᠢᠮ᠎ᠠ ᠳᠠᠭᠠᠨ ᠪᠢᠳᠡ ᠤᠷᠠᠯᠠᠵᠤ ᠥᠭᠭᠥᠶ᠎ᠡ᠃》

〔ᠬᠣᠩ᠋ᠭᠣᠷ ᠪᠦᠰᠡᠭᠦᠢ᠄〕
12 《ᠬᠠᠭᠠᠨᠲᠠᠨ ᠢᠰᠠᠷᠢ ᠳᠡᠭᠡᠨ ᠵᠠᠯᠠᠷᠠᠬᠤ ᠳᠤ ᠠᠩᠬᠢᠯᠤᠭᠤᠨ ᠦᠨᠦᠷᠲᠡᠨ ᠦ ᠮᠢᠨᠢ ᠦᠨᠦᠷ ᠭᠠᠷᠪᠠ᠃
13 ᠬᠣᠩ᠋ᠭᠣᠷ ᠮᠢᠨᠢ ᠨᠠᠳᠠ ᠳᠠᠭᠠᠨ ᠬᠥᠬᠥᠨ ᠦ ᠮᠢᠨᠢ ᠬᠣᠭᠣᠷᠣᠨᠳᠣ ᠰᠥᠨᠢᠵᠢᠨ ᠪᠠᠢᠭ᠎ᠠ ᠤᠭᠤᠲᠠ ᠮᠢᠷᠷᠠ ᠠᠳᠠᠯᠢ ᠪᠢᠯᠡ᠃
14 ᠡᠩᠬᠦᠷᠡᠢ ᠴᠢ ᠮᠢᠨᠢ ᠨᠠᠳᠠ ᠳᠠᠭᠠᠨ ᠧᠨ ᠭᠧᠳᠢ 1 ᠶᠢᠨ ᠦᠵᠦᠮ ᠦᠨ ᠴᠡᠴᠡᠷᠯᠢᠭ ᠤᠨ ᠰᠤᠮᠤᠨ ᠴᠡᠴᠡᠭ ᠪᠤᠶᠤ᠃》

〔ᠠᠮᠠᠷᠠᠭ ᠵᠠᠯᠠᠭᠤ᠄〕
15 《ᠬᠥᠭᠡᠷᠦᠬᠦᠨ ᠬᠠᠨᠢ ᠮᠢᠨᠢ᠂ ᠬᠥᠭᠡᠷᠦᠬᠦᠨ ᠡ ᠬᠣᠶᠠᠷ ᠨᠢᠳᠦ ᠴᠢᠨᠢ ᠲᠠᠭᠲᠠᠭᠠᠨ ᠤ ᠬᠢ ᠡ︕》

〔ᠬᠣᠩ᠋ᠭᠣᠷ ᠪᠦᠰᠡᠭᠦᠢ᠄〕
16 《ᠡ ᠳᠠ ᠴᠢ ᠮᠢᠨᠢ᠂ ᠵᠢᠪᠬᠤᠭᠠᠲᠠᠢᠬᠠᠨ︕ ᠡᠩᠬᠦᠷᠡᠢ ᠬᠣᠩ᠋ᠭᠣᠷ ᠮᠢᠨᠢ ᠠᠶᠠᠲᠠᠢᠬᠠᠨ ᠢᠰᠡᠷᠢ ᠣᠷᠣ ᠮᠢᠨᠢ ᠨᠣᠭᠣᠭᠠᠬᠠᠨ᠃

〔ᠠᠮᠠᠷᠠᠭ ᠵᠠᠯᠠᠭᠤ᠄〕
17 ᠠᠰᠠᠷ ᠳᠡᠭᠡᠪᠦᠷ ᠮᠢᠨᠢ ᠬᠤᠱᠢ ᠮᠣᠳᠣ ᠠᠳᠠᠷ ᠲᠠᠭᠠᠵᠠ ᠨᠢ ᠠᠭᠠᠷᠤ ᠮᠣᠳᠣ᠃》