1 2 3 4 5 6 7 8


ᠳᠠᠭᠤᠤ ᠨᠤᠭᠤᠳ ᠤᠨ ᠳᠠᠭᠤᠤ ᠳᠣᠯᠣᠭ᠎ᠠ
1 ᠢᠵᠠᠭᠤᠷᠲᠠᠨ ᠤ ᠥᠬᠢᠨ ᠮᠢᠨᠢ ᠳᠠ ᠱᠠᠬᠠᠢ ᠲᠠᠢ ᠬᠥᠯ ᠴᠢᠨᠢ ᠶᠠᠭᠤᠲᠠᠢ ᠭᠣᠶᠣ ᠪᠤᠢ︕ ᠲᠠᠰᠢᠶᠠᠨ ᠤ ᠴᠢᠨᠢ ᠲᠣᠭᠣᠷᠢᠭ ᠳᠠᠷᠬᠠᠨ ᠤ ᠤᠷᠠᠯᠠᠭᠰᠠᠨ ᠡᠷᠳᠡᠨᠢ ᠶᠢᠨ ᠴᠢᠮᠡᠭ᠃
2 ᠬᠦᠢᠰᠦ ᠨᠢ ᠭᠡᠪᠡᠯ ᠬᠣᠯᠢᠮᠠᠭ ᠳᠠᠷᠠᠰᠤ ᠳᠤᠨᠳᠠᠷᠠᠳᠠᠭ ᠦᠭᠡᠢ ᠬᠣᠮᠪᠣᠭ᠎ᠠ ᠬᠤᠨᠳᠠᠭ᠎ᠠ ᠬᠡᠪᠡᠯᠢ ᠶᠢ ᠨᠢ ᠬᠡᠯᠡᠪᠡᠯ ᠰᠠᠷᠠᠨ᠎ᠠ ᠪᠠᠷ ᠬᠦᠷᠢᠶᠡᠯᠡᠭᠰᠡᠨ ᠪᠤᠭᠤᠳᠠᠢ ᠶᠢᠨ ᠴᠣᠮᠣᠭ᠃
3 ᠢᠵᠢᠯ ᠬᠣᠶᠠᠷ ᠬᠥᠬᠥ ᠨᠢ ᠢᠬᠡᠷ᠎ᠡ ᠬᠣᠶᠠᠷ ᠢᠨᠵᠠᠭ᠎ᠠ᠃
4 ᠬᠦᠵᠦᠭᠦᠦ ᠴᠢᠨᠢ ᠶᠠᠭ ᠵᠠᠭᠠᠨ ᠤ ᠶᠠᠰᠤᠨ ᠴᠠᠮᠬᠠᠭ ᠬᠣᠶᠠᠷ ᠨᠢᠳᠦ ᠨᠢ ᠭᠡᠪᠡᠯ᠂ 〈ᠬᠣᠲᠠᠯᠠ ᠶᠢᠨ ᠥᠬᠢᠨ〉 ᠬᠠᠭᠠᠯᠭᠠᠨ ᠳᠠᠬᠢ ᠾᠧᠱᠪᠣᠨ ᠤ ᠴᠥᠭᠥᠷᠥᠮ ᠬᠠᠮᠠᠷ ᠨᠢ ᠭᠡᠪᠡᠯ᠂ ᠳ᠋ᠠᠮᠠᠰᠺᠦ᠋ᠰ ᠤᠷᠤᠭᠤ ᠬᠠᠷᠠᠵᠤ ᠪᠠᠢᠭ᠎ᠠ ᠯᠧᠪᠠᠨᠣᠨ ᠤ ᠴᠠᠮᠬᠠᠭ᠃
5 ᠴᠢᠨᠦ ᠪᠡᠨ ᠳᠡᠭᠡᠷ᠎ᠡ ᠲᠣᠯᠣᠭᠠᠢ ᠨᠢ ᠺᠠᠷᠮᠧᠯ ᠠᠭᠤᠯᠠ ᠲᠣᠯᠣᠭᠠᠢ ᠳᠡᠭᠡᠷᠡᠬᠢ ᠭᠡᠵᠢᠭᠡ ᠨᠢ ᠲᠣᠷᠭ᠎ᠠ ᠯᠤᠭ᠎ᠠ ᠠᠳᠠᠯᠢ ᠡᠨᠡ ᠭᠡᠵᠢᠭᠡᠨ ᠳᠦ ᠴᠢᠨᠢ ᠡᠵᠡᠨ ᠬᠠᠭᠠᠨ ᠴᠤ ᠣᠯᠵᠠᠯᠠᠭᠳᠠᠨ᠎ᠠ᠃
6 ᠬᠡᠭᠡᠨᠴᠢᠷ ᠢᠶᠠᠷ ᠢᠶᠠᠨ ᠬᠠᠢᠷᠠᠲᠤ ᠮᠢᠨᠢ ᠶᠠᠭᠤᠲᠠᠢ ᠭᠣᠶᠣᠬᠠᠨ᠂ ᠶᠠᠭᠤᠲᠠᠢ ᠳᠤᠷ᠎ᠠ ᠪᠤᠯᠢᠶᠠᠮ᠎ᠠ
7 ᠮᠥᠨ ᠪᠡᠶ᠎ᠡ ᠨᠢ ᠳᠠᠯᠳᠠᠤ 10 ᠂ ᠮᠥᠮᠥ ᠨᠢ ᠲᠡᠭᠦᠨ ᠦ ᠬᠣᠩ᠋ᠭᠣᠷᠴᠠᠭ᠃
8 ᠪᠢ᠄ 〈ᠳᠠᠯᠳᠠᠤ ᠳᠡᠭᠡᠷ᠎ᠡ ᠭᠠᠷᠤᠶ᠎ᠠ ᠮᠥᠴᠢᠷ ᠡᠴᠡ ᠨᠢ ᠪᠠᠷᠢᠶ᠎ᠠ〉 ᠭᠡᠪᠡ᠂ ᠬᠣᠶᠠᠷ ᠬᠥᠬᠥ ᠨᠢ ᠪᠠᠭᠴᠠ ᠦᠵᠦᠮ ᠬᠠᠮᠠᠷ ᠤᠨ ᠠᠮᠢᠰᠬᠤᠯ ᠨᠢ ᠶᠠᠭ ᠯᠠ ᠠᠯᠮᠤᠷᠠᠳ
9 ᠠᠮᠠ ᠴᠢᠨᠢ ᠠᠮᠲᠠ ᠰᠠᠢᠲᠠᠢ ᠳᠠᠷᠠᠰᠤ ᠮᠡᠲᠦ᠃》 《ᠠᠮᠠᠷᠠᠭ ᠲᠤ ᠮᠢᠨᠢ ᠲᠡᠷᠡ ᠳᠠᠷᠠᠰᠤ ᠠᠶᠠᠳᠠᠭᠤᠬᠠᠨ ᠣᠴᠢᠵᠤ ᠣᠷᠣᠭᠤᠯ ᠰᠢᠳᠦ ᠪᠡᠷ ᠨᠢ ᠤᠷᠤᠰᠤᠩ᠋ᠬᠠᠨ ᠭᠤᠯᠭᠤᠨ᠎ᠠ᠃

〔ᠬᠣᠩ᠋ᠭᠣᠷ ᠪᠦᠰᠡᠭᠦᠢ᠄〕
10 ᠪᠢ ᠬᠣᠩ᠋ᠭᠣᠷ ᠤᠨ ᠬᠢ ᠪᠠᠨ᠂ ᠲᠡᠷᠡ ᠮᠢᠨᠢ ᠨᠠᠳᠠ ᠤᠷᠤᠭᠤ ᠲᠡᠮᠡᠦᠯᠦᠨ᠎ᠡ᠃
11 ᠢᠩᠭᠢᠭᠡᠳ ᠬᠣᠩ᠋ᠭᠣᠷ ᠮᠢᠨᠢ᠂ ᠬᠡᠭᠡᠷ᠎ᠡ ᠭᠠᠷᠤᠶ᠎ᠠ ᠡᠨᠡ ᠰᠥᠨᠢ ᠶᠢ ᠲᠣᠰᠬᠣᠨ ᠳᠤ ᠥᠩᠭᠡᠷᠡᠭᠡᠶ᠎ᠡ᠃
12 ᠦᠵᠦᠮ ᠦᠨ ᠴᠡᠴᠡᠷᠯᠢᠭ ᠲᠤ ᠡᠷᠲᠡᠯᠡᠨ ᠣᠴᠢᠶ᠎ᠠ ᠦᠵᠦᠮ ᠨᠠᠬᠢᠶᠠᠯᠠᠵᠤ᠂ ᠴᠣᠮᠣᠷᠯᠢᠭ ᠳᠡᠯᠭᠡᠷᠡᠭᠰᠡᠨ ᠤᠤ︖ ᠠᠨᠠᠷ ᠴᠡᠴᠡᠭᠯᠡᠭᠰᠡᠨ ᠤᠤ︖ ᠦᠵᠡᠶ᠎ᠡ ᠠᠮᠠᠷᠠᠭᠯᠠᠯ ᠢᠶᠠᠨ ᠲᠡᠨᠳᠡ ᠯᠠ ᠴᠢᠮ᠎ᠠ ᠳᠤ ᠥᠭᠭᠥᠶ᠎ᠡ᠃
13 ᠮᠠᠨᠳᠠᠷᠠᠭᠤᠷ ᠠᠩᠬᠢᠯᠤᠮ᠎ᠠ ᠦᠨᠦᠷ ᠢᠶᠡᠨ ᠬᠠᠩ᠋ᠬᠤᠯᠤᠭᠤᠯᠵᠠᠢ ᠮᠠᠨ ᠤ ᠡᠭᠦᠳᠡᠨ ᠳᠦ ᠰᠢᠨ᠎ᠡ ᠬᠠᠭᠤᠴᠢᠨ ᠵᠢᠮᠢᠰ ᠪᠤᠢ ᠬᠠᠮᠤᠭ ᠤᠨ ᠣᠬᠢ ᠶᠢ ᠨᠢ ᠬᠣᠩ᠋ᠭᠣᠷ ᠴᠢᠮ᠎ᠠ ᠳᠠᠭᠠᠨ ᠯᠠ ᠬᠠᠳᠠᠭᠠᠯᠠᠵᠤ ᠪᠠᠢᠯ᠎ᠠ᠃》