1 2 3 4 5 6 7 8


ᠳᠠᠭᠤᠤ ᠨᠤᠭᠤᠳ ᠤᠨ ᠳᠠᠭᠤᠤ ᠬᠣᠶᠠᠷ
1 ᠬᠠᠷᠢᠨ ᠪᠢ ᠪᠣᠯ ᠱᠠᠷᠣᠨ ᠤ ᠰᠠᠷᠨᠠᠢ᠂ ᠪᠡᠯ ᠬᠥᠨᠳᠡᠢ ᠶᠢᠨ ᠰᠠᠷᠠᠨ᠎ᠠ᠃

〔ᠠᠮᠠᠷᠠᠭ ᠵᠠᠯᠠᠭᠤ᠄〕
2 ᠮᠠᠬᠠᠷᠠᠰ 2  ᠤᠨ ᠳᠤᠮᠳᠠ ᠰᠠᠷᠠᠨ᠎ᠠ ᠴᠡᠴᠡᠭ ᠶᠠᠮᠠᠷ ᠮᠢᠨᠦ ᠬᠠᠨᠢ ᠥᠬᠢᠳ ᠤᠨ ᠳᠤᠮᠳᠠ ᠪᠠᠨ ᠲᠡᠷᠡ᠃

〔ᠬᠣᠩ᠋ᠭᠣᠷ ᠪᠦᠰᠡᠭᠦᠢ᠄〕
3 《ᠣᠢ ᠮᠣᠳᠣᠨ ᠤ ᠳᠤᠮᠳᠠ ᠠᠯᠢᠮ᠎ᠠ ᠶᠢᠨ ᠮᠣᠳᠣ ᠨᠢ ᠶᠠᠮᠠᠷ ᠣᠯᠠᠨ ᠬᠥᠪᠡᠭᠦᠨ ᠦ ᠳᠤᠮᠳᠠ ᠬᠣᠩ᠋ᠭᠣᠷ ᠴᠢ ᠮᠢᠨᠢ ᠲᠡᠷᠡ ᠰᠡᠭᠦᠳᠡᠷ ᠲᠤᠨᠢ ᠪᠢ ᠪᠠᠶᠠᠷᠲᠠᠢᠬᠠᠨ ᠰᠠᠭᠤᠯ᠎ᠠ ᠵᠢᠮᠢᠰ ᠨᠢ ᠲᠠᠩᠨᠠᠢ ᠳᠤ ᠮᠢᠨᠢ ᠠᠮᠲᠠᠲᠠᠢᠬᠠᠨ ᠪᠠᠢᠯ᠎ᠠ᠃
4 ᠨᠠᠢᠷ ᠤᠨ ᠲᠠᠩᠬᠢᠮ ᠳᠠᠭᠠᠨ ᠨᠠᠮᠠᠶᠢ ᠲᠡᠷᠡ ᠪᠡᠷ ᠵᠠᠯᠠᠪᠠ ᠬᠠᠢᠷ᠎ᠠ ᠳᠤᠷᠠᠯᠠᠯ ᠨᠢ ᠮᠢᠨᠦ ᠳᠡᠭᠡᠷ᠎ᠡ ᠬᠢᠭᠢᠷᠢ ᠳᠠᠯᠪᠠᠭ᠎ᠠ ᠪᠣᠯᠪᠠ᠃
5 ᠦᠵᠦᠮ ᠢᠶᠡᠷ ᠲᠠᠮᠢᠷᠵᠢᠭᠤᠯᠵᠤ ᠠᠯᠢᠮ᠎ᠠ ᠪᠠᠷ ᠰᠡᠷᠭᠦᠭᠡᠭᠡᠴᠢ ᠡ ᠳᠤᠷᠠᠯᠠᠯ ᠢᠶᠠᠷ ᠪᠢ ᠡᠪᠡᠳᠴᠢᠯᠡᠵᠡᠢ᠃
6 ᠵᠡᠭᠦᠨ ᠭᠠᠷ ᠨᠢ ᠲᠣᠯᠣᠭᠠᠢ ᠳᠣᠣᠷ᠎ᠠ ᠮᠢᠨᠢ ᠵᠥᠪ ᠭᠠᠷ ᠨᠢ ᠨᠠᠮᠠᠶᠢ ᠲᠡᠪᠡᠷᠢᠨ᠎ᠡ᠃
7 ᠬᠡᠭᠡᠷ᠎ᠡ ᠲᠠᠯ᠎ᠠ ᠶᠢᠨ ᠵᠡᠭᠡᠷ᠎ᠡ ᠭᠥᠷᠥᠭᠡᠰᠦ ᠪᠡᠷ ᠠᠨᠳᠠᠭᠠᠢᠯᠠᠭᠤᠯᠤᠶ᠎ᠠ ᠶᠧᠷᠦ᠋ᠰᠠᠯᠧᠮ ᠤᠨ ᠥᠬᠢᠳ ᠡ ᠬᠠᠢᠷ᠎ᠠ ᠶᠢ ᠮᠢᠨᠢ ᠬᠠᠨᠲᠠᠯ᠎ᠠ ᠨᠢ ᠪᠢᠲᠡᠭᠡᠢ ᠥᠳᠥᠭᠡᠵᠦ ᠰᠡᠷᠢᠭᠡᠭᠡ︕
8 ᠤᠤᠬᠠᠢ ᠲᠡᠷᠡ᠂ ᠬᠣᠩ᠋ᠭᠣᠷ ᠤᠨ ᠮᠢᠨᠢ ᠴᠢᠮᠡᠭᠡ︕ ᠠᠭᠤᠯᠠᠰ ᠤᠨ ᠳᠡᠭᠡᠭᠦᠷ ᠬᠠᠷᠠᠢᠨ ᠲᠣᠯᠣᠭᠠᠳ ᠤᠨ ᠳᠡᠭᠡᠭᠦᠷ ᠳᠡᠭᠦᠯᠢᠵᠦ ᠲᠡᠷᠡ ᠢᠷᠡᠯ᠎ᠡ᠃

9 ᠬᠣᠩ᠋ᠭᠣᠷ ᠮᠢᠨᠢ ᠭᠥᠷᠥᠭᠡᠰᠦ ᠵᠣᠷᠭᠣᠯ 3 ᠠᠳᠠᠯᠢ ᠬᠠᠷᠠᠭᠠᠴᠢ᠂ ᠬᠠᠨᠠᠨ ᠤ ᠮᠠᠨᠢ ᠴᠠᠭᠠᠨ᠎ᠠ ᠵᠣᠭᠰᠣᠭᠠᠳ ᠴᠣᠩ᠋ᠬᠣ ᠪᠠᠷ ᠮᠢᠨᠢ ᠴᠣᠭᠣ ᠰᠢᠷᠲᠡᠵᠦ ᠰᠠᠷᠠᠯᠵᠢ ᠪᠠᠷ ᠨᠢ ᠱᠠᠭᠠᠢᠵᠤ ᠪᠠᠢᠨ᠎ᠠ᠃
10 ᠬᠣᠩ᠋ᠭᠣᠷ ᠮᠢᠨᠢ ᠨᠠᠳᠠ ᠳᠤ ᠬᠠᠷᠢᠭᠤᠯᠵᠤ ᠡᠢᠨ ᠬᠦ ᠥᠭᠦᠯᠡᠨ᠎ᠡ᠄ 〈ᠠᠯᠢ ᠪᠤᠢ᠂ ᠬᠠᠨᠢ ᠮᠢᠨᠢ ᠪᠣᠰᠣᠭᠠᠴᠢ ᠬᠥᠭᠡᠷᠦᠬᠦᠨ ᠴᠢ ᠮᠢᠨᠢ ᠬᠦᠷᠦᠭᠡᠳ ᠢᠷᠡᠭᠡᠴᠢ᠃
11 ᠬᠠᠷᠠ᠂ ᠡᠪᠦᠯ ᠥᠩᠭᠡᠷᠡᠵᠡᠢ ᠪᠣᠷᠣᠭᠠᠨ ᠴᠤ ᠵᠣᠭᠰᠣᠭᠠᠳ ᠠᠷᠢᠯᠵᠠᠢ᠃
12 ᠭᠠᠵᠠᠷ ᠢᠶᠠᠷ ᠴᠡᠴᠡᠭᠡᠰ ᠭᠠᠷᠤᠭᠠᠳ ᠡᠭᠡᠰᠢᠭᠯᠡᠩᠲᠦ ᠴᠠᠭ ᠢᠷᠡᠭᠡᠳ ᠬᠥᠬᠥᠭᠡ ᠲᠠᠭᠲᠠᠭ᠎ᠠ ᠶᠢᠨ ᠳᠣᠩ᠋ᠭᠣᠳᠣᠭᠠᠨ ᠬᠥᠳᠡᠭᠡ ᠨᠤᠲᠤᠭ ᠲᠤ ᠮᠢᠨᠢ ᠳᠤᠭᠤᠯᠳᠠᠯ᠎ᠠ᠃
13 ᠢᠨᠵᠢᠷ ᠤᠨ ᠮᠣᠳᠣ ᠡᠬᠢᠨ ᠤ ᠢᠨᠵᠢᠷ ᠢᠶᠠᠨ ᠪᠣᠯᠪᠠᠰᠤᠷᠠᠭᠤᠯᠵᠤ ᠪᠠᠢᠨ᠎ᠠ ᠦᠵᠦᠮ ᠦᠨ ᠣᠷᠢᠶᠠᠩ᠋ᠭᠤ ᠵᠢᠮᠢᠰᠯᠡᠭᠡᠳ ᠠᠩᠬᠢᠯᠤᠭᠤᠨ ᠦᠨᠦᠷ ᠢᠶᠡᠨ ᠬᠠᠩ᠋ᠬᠤᠯᠤᠭᠤᠯᠵᠤ ᠪᠠᠢᠨ᠎ᠠ ᠠᠯᠢ ᠪᠤᠢ᠂ ᠬᠠᠨᠢ ᠮᠢᠨᠢ ᠪᠣᠰᠣᠭᠠᠴᠢ ᠬᠥᠭᠡᠷᠦᠬᠦᠨ ᠴᠢ ᠮᠢᠨᠢ ᠬᠦᠷᠦᠭᠡᠳ ᠢᠷᠡᠭᠡᠴᠢ〉 ᠭᠡᠨ᠎ᠡ᠃

〔ᠠᠮᠠᠷᠠᠭ ᠵᠠᠯᠠᠭᠤ᠄〕
14 ᠬᠠᠳᠠᠨ ᠤ ᠬᠠᠪᠴᠢᠯ᠂ ᠬᠠᠪᠲᠠᠭᠠᠢ ᠶᠢᠨ ᠬᠥᠮᠥᠭ 4  ᠳᠠᠬᠢ ᠲᠠᠭᠲᠠᠭ᠎ᠠ ᠮᠢᠨᠢ ᠳᠠ ᠳᠦᠷᠢ ᠲᠥᠷᠬᠥ ᠴᠢᠨᠢ ᠦᠵᠡᠰᠬᠦᠯᠡᠩ ᠳᠠᠭᠤ ᠬᠣᠭᠣᠯᠠᠢ ᠴᠢᠨᠢ ᠢᠷᠠᠭᠤᠬᠠᠨ ᠲᠤᠯᠠ ᠳᠠᠭᠤ ᠪᠠᠨ ᠨᠢᠭᠡ ᠳᠤᠭᠤᠯᠭᠠᠭᠠᠳ ᠵᠢᠰᠦ ᠪᠡᠨ ᠨᠢᠭᠡ ᠬᠠᠷᠠᠭᠤᠯᠤᠭᠠᠴᠢ ᠳᠠ᠃
15 ᠴᠡᠴᠡᠭᠯᠡᠵᠦ ᠪᠠᠢᠭ᠎ᠠ ᠦᠵᠦᠮ ᠦᠨ ᠮᠢᠨᠢ ᠴᠡᠴᠡᠷᠯᠢᠭ ᠢ ᠰᠦᠢᠳᠬᠡᠭᠴᠢ ᠦᠨᠡᠭᠡ ᠨᠦᠭᠦᠳ ᠢ ᠥᠴᠦᠬᠡᠨ ᠲᠡᠷᠡ ᠦᠨᠡᠭᠡ ᠨᠦᠭᠦᠳ ᠢ ᠥᠪᠡᠷᠰᠡᠳ ᠲᠦ ᠮᠢᠨᠢ ᠪᠠᠷᠢᠭᠠᠳ ᠥᠭᠭᠥᠭᠡᠴᠢ᠃》

〔ᠬᠣᠩ᠋ᠭᠣᠷ ᠪᠦᠰᠡᠭᠦᠢ᠄〕
16 《ᠬᠣᠩ᠋ᠭᠣᠷ ᠮᠢᠨᠢ ᠮᠢᠨᠦᠬᠢ ᠬᠠᠷᠢᠨ ᠪᠢ ᠲᠡᠭᠦᠨ ᠦ ᠬᠢ ᠰᠠᠷᠠᠨ᠎ᠠ ᠴᠡᠴᠡᠭ ᠦᠨ ᠳᠤᠮᠳᠠᠭᠤᠷ ᠰᠦᠷᠦᠭ ᠢᠶᠡᠨ ᠪᠡᠯᠴᠢᠭᠡᠵᠦ ᠪᠤᠢ ᠲᠡᠷᠡ᠃
17 〈ᠡᠳᠦᠷ ᠠᠮᠢᠰᠬᠤᠯᠯᠠᠵᠤ᠂ ᠰᠡᠭᠦᠳᠡᠷ ᠳᠠᠢᠵᠢᠬᠤ ᠠᠴᠠ ᠤᠷᠢᠲᠠᠨ ᠡᠩᠬᠦᠷᠡᠢ ᠬᠣᠩ᠋ᠭᠣᠷ ᠴᠢ ᠮᠢᠨᠢ ᠡᠷᠭᠢᠵᠦ ᠦᠨᠦᠷᠲᠡᠨ ᠦ ᠠᠭᠤᠯᠠᠨ ᠳᠠᠬᠢ 5 ᠭᠥᠷᠥᠭᠡᠰᠦ ᠵᠣᠷᠭᠣᠯ ᠮᠡᠲᠦ ᠪᠠᠢᠭᠠᠷᠠᠢ᠃