1 2 3 4 5 6 7 8


ᠳᠠᠭᠤᠤ ᠨᠤᠭᠤᠳ ᠤᠨ ᠳᠠᠭᠤᠤ ᠭᠤᠷᠪᠠ
1 ᠰᠡᠳᠬᠢᠯ ᠤᠨ ᠬᠠᠢᠷᠠᠲᠤ ᠪᠠᠨ ᠪᠢ ᠰᠥᠨᠢ ᠪᠠᠷ ᠣᠷᠣᠨ ᠳᠠᠭᠠᠨ ᠡᠷᠢᠪᠡ ᠡᠷᠢᠭᠡᠳ ᠴᠤ ᠲᠡᠭᠦᠨ ᠢ ᠪᠠᠨ ᠣᠯᠣᠭᠰᠠᠨ ᠦᠭᠡᠢ᠃
2 ᠲᠡᠭᠡᠭᠡᠳ ᠪᠢ ᠪᠣᠰᠴᠤ ᠬᠣᠲᠠ ᠶᠢᠨ ᠭᠤᠳᠤᠮᠵᠢ᠂ ᠲᠠᠯᠠᠪᠠᠢ ᠪᠠᠷ ᠶᠠᠪᠤᠵᠤ ᠰᠡᠳᠬᠢᠯ ᠤᠨ ᠬᠠᠢᠷᠠᠲᠤ ᠪᠠᠨ ᠬᠠᠢᠨ ᠬᠠᠢᠭᠠᠳ ᠴᠤ ᠲᠡᠭᠦᠨ ᠢ ᠪᠠᠨ ᠣᠯᠣᠭᠰᠠᠨ ᠦᠭᠡᠢ᠃
3 ᠬᠣᠲᠠ ᠪᠠᠷ ᠲᠣᠭᠣᠷᠢᠭ᠎ᠠ ᠬᠠᠷᠠᠭᠤᠯ ᠲᠠᠢ ᠲᠠᠭᠠᠷᠠᠯᠳᠤᠭᠠᠳ 〈ᠬᠠᠢᠷᠠᠲᠤ ᠶᠢ ᠮᠢᠨᠢ ᠬᠠᠷᠠᠪᠠ ᠤᠤ︖〉 ᠭᠡᠵᠦ ᠪᠢ ᠠᠰᠠᠭᠤᠯ᠎ᠠ᠃
4 ᠲᠡᠳᠡᠨ ᠡᠴᠡ ᠳᠥᠩᠭᠡᠵᠢ ᠰᠠᠯᠤᠩ᠋ᠭᠤᠲᠠ ᠪᠠᠨ ᠰᠡᠳᠬᠢᠯ ᠤᠨ ᠬᠠᠢᠷᠠᠲᠤ ᠪᠠᠨ ᠣᠯᠣᠭᠠᠳ ᠲᠡᠭᠦᠨ ᠢ ᠪᠠᠨ ᠵᠢᠭᠤᠷᠠᠭᠰᠠᠭᠠᠷ ᠡᠬᠡ ᠮᠢᠨᠢ ᠨᠠᠮᠠᠶᠢ ᠣᠯᠣᠭᠰᠠᠨ ᠥᠷᠥᠭᠡᠨ ᠳᠦ ᠣᠷᠣᠲᠠᠯ᠎ᠠ ᠪᠠᠨ ᠡᠰᠡ ᠲᠠᠯᠪᠢᠵᠤ ᠶᠠᠪᠤᠭᠤᠯᠤᠯ᠎ᠠ᠃
5 ᠬᠡᠭᠡᠷ᠎ᠡ ᠲᠠᠯ᠎ᠠ ᠶᠢᠨ ᠵᠡᠭᠡᠷ᠎ᠡ ᠭᠥᠷᠥᠭᠡᠰᠦ ᠪᠡᠷ ᠠᠨᠳᠠᠭᠠᠢᠯᠠᠭᠤᠯᠤᠶ᠎ᠠ ᠶᠧᠷᠦ᠋ᠰᠠᠯᠧᠮ ᠤᠨ ᠥᠬᠢᠳ ᠡ ᠬᠠᠢᠷ᠎ᠠ ᠶᠢ ᠮᠢᠨᠢ ᠬᠠᠨᠲᠠᠯ᠎ᠠ ᠨᠢ ᠪᠢᠲᠡᠭᠡᠢ ᠥᠳᠥᠭᠡᠵᠦ ᠰᠡᠷᠢᠭᠡᠭᠡ︕》
 ᠬᠠᠢᠷ᠎ᠠ ᠶᠢᠨ ᠨᠢᠭᠡᠳᠦᠯ
6 《ᠠᠷᠠᠯᠵᠢᠶᠠᠴᠢᠨ ᠤ ᠬᠠᠮᠤᠭ ᠦᠨᠦᠷᠲᠡᠨ ᠢᠶᠡᠷ ᠨᠠᠢᠷᠠᠭᠤᠯᠤᠭᠰᠠᠨ ᠮᠢᠷᠷᠠ᠂ ᠭᠦᠭᠦᠯ ᠦᠨ ᠠᠩᠬᠢᠯᠤᠮ᠎ᠠ ᠦᠨᠦᠷ ᠬᠠᠩ᠋ᠬᠤᠯᠤᠭᠤᠯᠤᠭᠰᠠᠭᠠᠷ ᠤᠲᠤᠭᠠᠨ ᠪᠠᠭᠠᠨ᠎ᠠ ᠮᠡᠲᠦ ᠴᠥᠯ ᠡᠴᠡ ᠢᠷᠡᠵᠦ ᠶᠠᠪᠤᠭ᠎ᠠ ᠨᠢ ᠬᠡᠨ ᠪᠣᠯ︖
7 ᠡᠨᠡ᠂ ᠬᠠᠷᠠᠭᠠᠴᠢ︕ ᠰᠣᠯᠣᠮᠣᠨ ᠤ ᠲᠡᠷᠭᠡ ᠡᠷᠭᠢᠨ ᠲᠣᠭᠣᠷᠢᠨ ᠳᠤᠨᠢ ᠢᠰᠷᠧᠯ ᠤᠨ ᠪᠠᠭᠠᠲᠤᠷ ᠤᠳ ᠤᠨ ᠵᠢᠷᠠᠨ ᠪᠠᠭᠠᠲᠤᠷ᠃
8 ᠲᠡᠳᠡ ᠪᠦᠭᠦᠳᠡ ᠢᠯᠳᠦ ᠠᠳᠬᠤᠭᠴᠢ ᠲᠤᠯᠤᠯᠳᠤᠭᠠᠨ ᠳᠤ ᠭᠠᠷᠰᠢᠭᠰᠠᠨ ᠪᠠᠢᠳᠠᠭ ᠰᠥᠨᠢ ᠶᠢᠨ ᠠᠶᠤᠯ ᠤᠨ ᠤᠯᠠᠮ ᠢᠶᠠᠷ ᠲᠠᠰᠢᠶᠠᠨ ᠳᠠᠭᠠᠨ ᠪᠦᠭᠦᠳᠡ ᠢᠯᠳᠦ ᠲᠠᠢ᠃
9 ᠰᠣᠯᠣᠮᠣᠨ ᠬᠠᠭᠠᠨ ᠤ ᠯᠧᠪᠠᠨᠣᠨ ᠤ ᠮᠣᠳᠣ ᠪᠠᠷ ᠰᠠᠨᠠᠭᠠᠴᠢᠯᠠᠵᠤ ᠬᠢᠯᠭᠡᠭᠰᠡᠨ ᠰᠡᠦᠬᠡ ᠲᠡᠷᠭᠡᠨ ᠦ
10 ᠲᠤᠯᠭᠠᠭᠤᠷᠢ ᠶᠢ ᠨᠢ ᠮᠥᠩᠭᠥ ᠪᠡᠷ ᠲᠦᠰᠢᠯᠭᠡ ᠶᠢ ᠨᠢ ᠠᠯᠲᠠ ᠪᠠᠷ ᠰᠠᠭᠤᠳᠠᠯ ᠢ ᠨᠢ ᠨᠢᠯ ᠶᠠᠭᠠᠨ ᠢᠶᠠᠷ ᠬᠢᠵᠦ ᠶᠧᠷᠦ᠋ᠰᠠᠯᠧᠮ ᠤᠨ ᠥᠬᠢᠳ ᠬᠠᠢᠷ᠎ᠠ ᠪᠠᠷ ᠳᠣᠲᠣᠷᠯᠠᠵᠠᠢ᠃
11 ᠽᠢᠶᠣᠨ ᠤ ᠥᠬᠢᠳ ᠡ᠂ ᠭᠠᠷᠴᠠᠭ᠎ᠠ ᠵᠢᠷᠦᠬᠡᠨ ᠳᠡᠭᠡᠨ ᠪᠠᠶᠠᠷ ᠲᠠᠢ ᠬᠤᠷᠢᠮ ᠤᠨ ᠢᠶᠠᠨ ᠡᠳᠦᠷ ᠢᠶᠡᠷ ᠲᠡᠷᠢᠭᠦᠨ ᠳᠡᠭᠡᠨ ᠡᠬᠡ ᠪᠡᠷ ᠢᠶᠠᠨ ᠲᠢᠲᠢᠮ ᠲᠠᠯᠪᠢᠭᠤᠯᠤᠭᠰᠠᠨ ᠰᠣᠯᠣᠮᠣᠨ ᠬᠠᠭᠠᠨ ᠢ ᠬᠠᠷᠠᠵᠠᠭ᠎ᠠ᠃》