1 2 3 4 5 6 7 8


ᠳᠠᠭᠤᠤ ᠨᠤᠭᠤᠳ ᠤᠨ ᠳᠠᠭᠤᠤ ᠵᠢᠷᠭᠤᠭ᠎ᠠ
〔ᠨᠠᠢᠵᠠ ᠨᠠᠷ᠄〕
1 《ᠬᠣᠩ᠋ᠭᠣᠷ ᠴᠢᠨᠢ ᠬᠠᠮᠢᠭᠠᠰᠢ ᠪᠠᠨ ᠶᠠᠪᠤᠭ᠎ᠠ ᠪᠣᠯ︖ ᠶᠠᠩᠵᠤ ᠶᠢᠨ ᠰᠠᠢᠬᠠᠨ ᠪᠦᠰᠡᠭᠦᠢ ᠮᠢᠨᠢ ᠬᠣᠩ᠋ᠭᠣᠷ ᠴᠢᠨᠢ ᠬᠠᠮᠢᠭᠠᠰᠢ ᠪᠠᠨ ᠬᠠᠨᠳᠤᠭ᠎ᠠ ᠪᠣᠯ︖ ᠬᠠᠮᠲᠤ ᠴᠢᠮ᠎ᠠ ᠲᠠᠢ ᠬᠠᠢᠶ᠎ᠠ ᠯᠠ ᠳᠠ᠃》

〔ᠬᠣᠩ᠋ᠭᠣᠷ ᠪᠦᠰᠡᠭᠦᠢ᠄〕
2 《ᠴᠡᠴᠡᠷᠯᠢᠭ ᠤᠷᠤᠭᠤ ᠪᠠᠨ ᠬᠣᠩ᠋ᠭᠣᠷ ᠮᠠᠨᠢ ᠦᠨᠦᠷᠲᠡᠨ ᠦ ᠪᠠᠨ ᠮᠠᠨᠳᠠᠯ ᠤᠷᠤᠭᠤ ᠪᠠᠨ ᠰᠦᠷᠦᠭ ᠢᠶᠡᠨ ᠲᠡᠷᠡ ᠴᠡᠴᠡᠷᠯᠢᠭ ᠤᠳ ᠢᠶᠠᠷ ᠪᠡᠯᠴᠢᠭᠡᠵᠦ ᠰᠠᠷᠠᠨ᠎ᠠ ᠴᠡᠴᠡᠭ ᠲᠡᠭᠦᠬᠦ ᠪᠡᠷ ᠶᠠᠪᠤᠭᠰᠠᠨ᠃
3 ᠪᠢ ᠬᠣᠩ᠋ᠭᠣᠷ ᠤᠨ ᠬᠢ ᠪᠠᠨ᠂ ᠬᠣᠩ᠋ᠭᠣᠷ ᠮᠢᠨᠢ ᠮᠢᠨᠦᠬᠢ ᠰᠠᠷᠠᠨ᠎ᠠ ᠴᠡᠴᠡᠭ ᠦᠨ ᠳᠤᠮᠳᠠᠭᠤᠷ ᠲᠡᠷᠡ ᠮᠢᠨᠢ ᠰᠦᠷᠦᠭ ᠢᠶᠡᠨ ᠪᠡᠯᠴᠢᠭᠡᠵᠦ ᠪᠠᠢᠨ᠎ᠠ᠃》

〔ᠠᠮᠠᠷᠠᠭ ᠵᠠᠯᠠᠭᠤ᠄〕
4 《ᠬᠠᠨᠢ ᠮᠢᠨᠢ᠂ ᠲᠢᠷᠽᠠ ᠰᠢᠭ᠋ ᠬᠠᠷᠠᠭ᠎ᠠ ᠪᠤᠯᠢᠶᠠᠮ᠎ᠠ ᠶᠧᠷᠦ᠋ᠰᠠᠯᠧᠮ ᠰᠢᠭ᠋ ᠳᠤᠷ᠎ᠠ ᠪᠤᠯᠢᠶᠠᠮ᠎ᠠ ᠴᠤ ᠲᠤᠭᠲᠤ ᠴᠡᠷᠢᠭ ᠰᠢᠭ ᠰᠦᠷ ᠳᠠᠷᠤᠮ᠎ᠠ᠃
5 ᠨᠠᠳᠠ ᠠᠴᠠ ᠬᠠᠷᠠᠴᠠ ᠪᠠᠨ ᠰᠢᠯᠵᠢᠭᠦᠯᠦᠭᠡᠴᠢ ᠨᠢᠳᠦ ᠴᠢᠨᠢ ᠨᠠᠮᠠᠶᠢ ᠰᠠᠨᠳᠤᠷᠤᠭᠠᠯ᠎ᠠ ᠭᠡᠵᠢᠭᠡ ᠴᠢᠨᠢ ᠭᠢᠯᠧᠶᠠᠳ᠋ ᠡᠴᠡ ᠤᠷᠤᠭᠤᠳᠠᠬᠤ ᠢᠮᠠᠭᠠᠨ ᠰᠦᠷᠦᠭ ᠠᠳᠠᠯᠢ ᠡ᠃
6 ᠰᠢᠳᠦ ᠴᠢᠨᠢ ᠤᠬᠢᠶᠠᠯᠭᠠᠭᠠᠳ ᠭᠠᠷᠤᠭᠰᠠᠨ ᠰᠦᠷᠦᠭ ᠬᠣᠨᠢ ᠠᠳᠠᠯᠢ ᠰᠤᠪᠠᠢᠷᠠᠯ ᠦᠭᠡᠢ ᠢᠬᠡᠷᠡᠯᠡᠭᠰᠡᠨ ᠯᠦᠭᠡ ᠠᠳᠠᠯᠢ᠃
7 ᠬᠠᠴᠠᠷ ᠴᠢᠨᠢ ᠬᠥᠷᠬᠥᠨ ᠴᠠᠭᠠᠨ᠎ᠠ ᠪᠠᠨ ᠠᠨᠠᠷ ᠵᠢᠮᠢᠰᠦᠨ ᠵᠦᠰᠦᠮ᠃
8 ᠬᠠᠲᠤᠳ ᠡᠮᠡᠰ ᠵᠢᠷᠠ᠂ ᠲᠠᠲᠠᠪᠤᠷᠢ ᠡᠮ᠎ᠡ ᠨᠠᠶᠠ ᠥᠬᠢᠳ ᠪᠦᠰᠡᠭᠦᠢ ᠲᠣᠭᠠᠯᠠᠰᠢ ᠦᠭᠡᠢ ᠠᠲᠠᠯ᠎ᠠ
9 ᠲᠡᠷᠡ ᠯᠠ ᠴᠣᠷᠢ ᠶᠢᠨ ᠭᠠᠭᠴᠠ᠂ ᠲᠠᠭᠲᠠᠭᠠᠬᠠᠨ ᠮᠢᠨᠢ᠂ ᠥ ᠦᠭᠡᠢ ᠮᠢᠨᠢ ᠡᠵᠢ ᠶᠢᠨ ᠢᠶᠠᠨ ᠭᠠᠭᠴᠠ ᠨᠢ ᠲᠥᠷᠥᠭᠦᠯᠦᠭᠴᠢ ᠶᠢᠨ ᠢᠶᠠᠨ ᠡᠩᠬᠦᠷᠡᠢ ᠨᠢ ᠥᠬᠢᠳ ᠴᠢᠮᠠᠶᠢ ᠬᠠᠷᠠᠭᠠᠳ ᠵᠢᠷᠭᠠᠯ ᠲᠠᠢ ᠭᠡᠵᠦ ᠣᠯᠠᠨ ᠬᠠᠲᠤᠳ᠂ ᠲᠠᠲᠠᠪᠤᠷᠢ ᠡᠮᠡᠰ ᠱᠠᠭᠰᠢᠬᠤ ᠨᠢ

〔ᠨᠠᠢᠵᠠ ᠨᠠᠷ᠄〕
10 〈ᠦᠷ ᠠᠳᠠᠯᠢ ᠭᠡᠭᠡᠯᠢᠭ᠂ ᠰᠠᠷᠠᠨ ᠮᠡᠲᠦ ᠦᠵᠡᠰᠬᠦᠯᠡᠩ ᠨᠠᠷᠠᠨ ᠰᠢᠭ᠋ ᠲᠤᠩ᠋ᠭᠠᠯᠠᠭ᠂ ᠲᠤᠭᠲᠤ ᠴᠡᠷᠢᠭ ᠤᠨ ᠰᠦᠷ ᠲᠡᠢ ᠲᠡᠷᠡ ᠬᠡᠨ ᠪᠤᠢ︖〉 ᠭᠡᠨ᠎ᠡ᠃

〔ᠠᠮᠠᠷᠠᠭ ᠵᠠᠯᠠᠭᠤ᠄〕
11 ᠬᠥᠨᠳᠡᠢ ᠨᠣᠭᠣᠭᠠᠷᠠᠬᠤ ᠶᠢ ᠬᠠᠷᠠᠬᠤ ᠪᠠᠷ ᠦᠵᠦᠮ ᠨᠠᠬᠢᠶᠠᠯᠠᠭᠰᠠᠨ ᠢ ᠦᠵᠡᠬᠦ ᠪᠡᠷ ᠠᠨᠠᠷ ᠳᠡᠯᠭᠡᠷᠡᠭᠰᠡᠨ ᠢ ᠠᠵᠢᠬᠤ ᠪᠠᠷ ᠰᠠᠮᠤᠷ ᠤᠨ ᠲᠦᠭᠡᠯ ᠳᠦ ᠤᠷᠤᠭᠤᠳᠠᠵᠤ ᠣᠷᠣᠪᠠ ᠪᠢ᠃
12 ᠮᠡᠳᠡᠭᠡ ᠦᠭᠡᠢ ᠪᠠᠢᠲᠠᠯ᠎ᠠ ᠮᠢᠨᠦ ᠬᠦᠰᠡᠯ ᠲᠦᠮᠡᠨ ᠦ ᠮᠠᠨᠢ ᠢᠵᠠᠭᠤᠷᠲᠠᠨ ᠤ ᠲᠡᠷᠭᠡᠨ ᠳᠦ ᠨᠠᠮᠠᠶᠢ ᠰᠠᠭᠤᠯᠭᠠᠪᠠ᠃》

〔ᠨᠠᠢᠵᠠ ᠨᠠᠷ᠄〕
13 《ᠡᠷᠭᠢᠭᠡᠷᠡᠢ᠂ ᠡᠷᠭᠢᠭᠡᠷᠡᠢ︕ ᠱᠦᠯᠠᠮ ᠤᠨ ᠥᠬᠢᠨ ᠡᠷᠭᠢᠭᠡᠷᠡᠢ᠂ ᠡᠷᠭᠢᠭᠡᠷᠡᠢ︕ ᠬᠠᠷᠠᠮᠠᠷ ᠪᠠᠢᠨ᠎ᠠ ᠴᠢᠮᠠᠶᠢ︕》
〔ᠠᠮᠠᠷᠠᠭ ᠵᠠᠯᠠᠭᠤ᠄〕 《ᠬᠣᠶᠠᠷ ᠬᠤᠸᠠᠷᠠᠨ ᠤ ᠬᠣᠭᠣᠷᠣᠨᠳᠣ ᠪᠥᠵᠢᠭᠯᠡᠳᠡᠭ ᠮᠡᠲᠦ ᠱᠦᠯᠠᠮ ᠤᠨ ᠥᠬᠢᠨ ᠢ ᠰᠢᠷᠲᠡᠭᠡᠳ ᠶᠠᠭᠠᠬᠢᠬᠤ ᠪᠤᠢ︖