ᠧᠹᠧᠰ ᠨᠢᠭᠡ
1 ᠪᠤᠷᠬᠠᠨ ᠤ ᠰᠠᠨᠠᠭ᠎ᠠ ᠪᠠᠷ ᠾᠷᠢᠰᠲ᠋ᠣᠰ ᠢᠰᠦ᠋ᠰ ᠤᠨ ᠰᠢᠳᠠᠷ ᠱᠠᠪᠢ ᠪᠣᠯᠣᠭᠰᠠᠨ ᠫᠠᠦ᠋ᠯ ᠡᠴᠡ ᠾᠷᠢᠰᠲ᠋ᠣᠰ ᠢᠰᠦ᠋ᠰ ᠢ ᠢᠲᠡᠭᠡᠳᠡᠭ 〔ᠧᠹᠧᠰ ᠲᠤ ᠪᠠᠢᠭ᠎ᠠ〕 ᠠᠷᠢᠭᠤᠨ᠂ ᠢᠲᠡᠭᠡᠯ ᠲᠡᠢ ᠬᠥᠮᠦᠰ 1 ᠲᠤ᠄
2 ᠪᠢᠳᠡᠨ ᠦ ᠡᠴᠢᠭᠡ ᠪᠤᠷᠬᠠᠨ ᠪᠠ ᠡᠵᠡᠨ ᠢᠰᠦ᠋ᠰ ᠾᠷᠢᠰᠲ᠋ᠣᠰ ᠤᠨ ᠢᠪᠡᠭᠡᠯ᠂ ᠠᠮᠤᠭᠤᠯᠠᠩ ᠲᠠ ᠨᠠᠷ ᠲᠤ ᠪᠠᠢᠬᠤ ᠪᠣᠯᠲᠤᠭᠠᠢ᠃
ᠵᠣᠯᠢᠶᠠᠰᠤᠨ ᠤ ᠢᠪᠡᠭᠡᠯ ᠢ ᠮᠠᠭᠲᠠᠬᠤ
3 ᠪᠢᠳᠡᠨ ᠦ ᠡᠵᠡᠨ ᠢᠰᠦ᠋ᠰ ᠾᠷᠢᠰᠲ᠋ᠣᠰ ᠤᠨ ᠡᠴᠢᠭᠡ ᠪᠤᠷᠬᠠᠨ ᠮᠠᠭᠲᠠᠭᠳᠠᠬᠤ ᠪᠣᠯᠲᠤᠭᠠᠢ᠃ ᠲᠡᠷᠡ ᠪᠡᠷ ᠾᠷᠢᠰᠲ᠋ᠣᠰ ᠤᠨ ᠳᠣᠲᠣᠷ᠎ᠠ᠂ ᠲᠩᠷᠢᠯᠢᠭ ᠣᠷᠣᠨ ᠤ ᠠᠯᠢᠪᠠ ᠰᠦᠨᠡᠰᠦᠯᠢᠭ ᠢᠷᠥᠭᠡᠯ ᠢᠶᠡᠷ ᠪᠢᠳᠡᠨ ᠢ ᠢᠷᠥᠭᠡᠭᠰᠡᠨ ᠶᠤᠮ᠃ 4 ᠲᠤᠬᠠᠢᠯᠠᠪᠠᠯ᠂ ᠲᠡᠷᠡ ᠪᠢᠳᠡᠨ ᠢ ᠬᠠᠢᠷ᠎ᠠ ᠶᠢᠨ ᠳᠣᠲᠣᠷ᠎ᠠ᠂ ᠮᠥᠨ ᠥᠪᠡᠷ ᠦᠨ ᠢᠶᠠᠨ ᠮᠡᠯᠮᠡᠢ ᠳᠦ ᠠᠷᠢᠭᠤᠨ᠂ ᠥ ᠦᠭᠡᠢ ᠪᠠᠢᠯᠭᠠᠬᠤ ᠪᠠᠷ ᠶᠢᠷᠲᠢᠨᠴᠦ ᠶᠢ ᠪᠦᠲᠦᠭᠡᠬᠦ ᠡᠴᠡ ᠡᠮᠦᠨ᠎ᠡ ᠲᠡᠭᠦᠨ ᠦ ᠳᠣᠲᠣᠷ᠎ᠠ ᠰᠣᠩ᠋ᠭᠣᠭᠰᠠᠨ ᠪᠥᠭᠡᠳ 5 ᠥᠪᠡᠷ ᠦᠨ ᠲᠠᠭᠠᠯᠠᠮᠵᠢᠲᠤ ᠰᠠᠨᠠᠭ᠎ᠠ ᠪᠠᠷ ᠢᠶᠠᠨ ᠪᠢᠳᠡᠨ ᠢ ᠢᠰᠦ᠋ᠰ ᠾᠷᠢᠰᠲ᠋ᠣᠰ ᠢᠶᠠᠷ ᠳᠠᠮᠵᠢᠭᠤᠯᠤᠨ ᠬᠡᠦᠬᠡᠳ ᠢᠶᠡᠨ ᠪᠣᠯᠭᠠᠬᠤ ᠪᠠᠷ ᠤᠷᠢᠳᠴᠢᠯᠠᠨ ᠲᠣᠭᠲᠠᠭᠠᠵᠠᠢ᠃ 6 ᠡᠢᠮᠦ ᠡᠴᠡ ᠲᠡᠭᠦᠨ ᠦ ᠬᠠᠢᠷᠠᠯᠠᠳᠠᠭ ᠨᠢᠭᠡᠨ ᠦ ᠳᠣᠲᠣᠷ᠎ᠠ ᠪᠢᠳᠡᠨ ᠳᠦ ᠰᠣᠶᠣᠷᠬᠠᠭᠰᠠᠨ ᠰᠤᠤᠲᠤ ᠢᠪᠡᠭᠡᠯ ᠢ ᠮᠠᠭᠲᠠᠶ᠎ᠠ᠃ 7 ᠲᠡᠭᠦᠨ ᠦ ᠬᠠᠢᠷᠠᠯᠠᠳᠠᠭ ᠨᠢᠭᠡᠨ ᠦ ᠳᠣᠲᠣᠷ᠎ᠠ ᠪᠢᠳᠡ ᠴᠢᠰᠤ ᠪᠠᠷ ᠨᠢ ᠵᠣᠯᠢᠭᠳᠠᠨ ᠭᠡᠮ ᠨᠢᠭᠦᠯ ᠢᠶᠡᠨ ᠠᠭᠤᠴᠢᠯᠠᠭᠤᠯᠤᠭᠰᠠᠨ (ᠡᠨᠡ ᠪᠦᠬᠦᠨ ᠪᠤᠷᠬᠠᠨ ᠤ ᠦᠯᠡᠮᠵᠢ ᠢᠪᠡᠭᠡᠯ ᠦᠨ ᠶᠣᠰᠣᠭᠠᠷ ᠪᠣᠯᠣᠭᠰᠠᠨ ᠪᠥᠭᠡᠳ 8 ᠪᠤᠷᠬᠠᠨ ᠲᠡᠷᠡ ᠢᠪᠡᠭᠡᠯ ᠢ ᠠᠯᠢᠪᠠ ᠮᠡᠷᠭᠡᠨ ᠤᠬᠠᠭᠠᠨ ᠲᠠᠢ ᠬᠠᠮᠲᠤ ᠪᠢᠳᠡᠨ ᠳᠦ ᠪᠢᠯᠬᠠᠭᠠᠵᠤ 2 ᠂ 9 ᠨᠢᠭᠤᠴᠠ ᠰᠠᠨᠠᠭ᠎ᠠ ᠪᠠᠨ᠂ ᠲᠤᠬᠠᠢᠯᠠᠪᠠᠯ 10 ᠴᠠᠭ ᠪᠣᠯᠬᠤ ᠳᠤ᠂ ᠲᠩᠷᠢ ᠪᠠ ᠭᠠᠵᠠᠷ ᠳᠡᠭᠡᠷᠡᠬᠢ ᠪᠦᠬᠦᠨ ᠢ ᠾᠷᠢᠰᠲ᠋ᠣᠰ ᠤᠨ ᠳᠣᠲᠣᠷ᠎ᠠ ᠲᠡᠭᠦᠨ ᠢᠶᠡᠷ ᠲᠣᠯᠣᠭᠠᠢᠯᠠᠭᠤᠯᠤᠨ ᠨᠢᠭᠡᠳᠬᠡᠬᠦ ᠲᠥᠯᠥᠪᠯᠡᠭᠡ ᠶᠢ ᠥᠪᠡᠷ ᠦᠨ ᠢᠶᠠᠨ ᠤᠷᠢᠳᠴᠢᠯᠠᠨ ᠲᠣᠭᠲᠠᠭᠠᠭᠰᠠᠨ ᠲᠠᠭᠠᠯᠠᠯ ᠤᠨ ᠢᠶᠠᠨ ᠶᠣᠰᠣᠭᠠᠷ ᠪᠢᠳᠡᠨ ᠳᠦ ᠮᠡᠳᠡᠭᠳᠡᠪᠡ᠃)᠂ 11 ᠪᠠᠰᠠ ᠪᠢᠳᠡ ᠲᠡᠭᠦᠨ ᠦ ᠳᠣᠲᠣᠷ᠎ᠠ ᠥᠪᠯᠡᠭᠴᠢ ᠪᠣᠯᠣᠭᠰᠠᠨ᠃ ᠤᠴᠢᠷ ᠨᠢ᠂ ᠬᠠᠮᠤᠭ ᠢ ᠥᠪᠡᠷ ᠦᠨ ᠢᠶᠠᠨ ᠵᠣᠷᠢᠭ ᠰᠠᠨᠠᠭ᠎ᠠ ᠪᠠᠷ ᠪᠡᠶᠡᠯᠡᠭᠦᠯᠳᠡᠭ ᠪᠤᠷᠬᠠᠨ ᠲᠥᠯᠥᠪᠯᠡᠭᠰᠡᠨ ᠶᠣᠰᠣᠭᠠᠷ ᠢᠶᠠᠨ 12 ᠾᠷᠢᠰᠲ᠋ᠣᠰ ᠲᠤ ᠠᠩᠬ᠎ᠠ ᠡᠷᠡᠮᠡᠯᠵᠡᠭᠴᠢ ᠪᠢᠳᠡᠨ ᠢ ᠥᠪᠡᠷ ᠦᠨ ᠢᠶᠠᠨ ᠠᠯᠳᠠᠷ ᠰᠤᠤ ᠲᠠᠢ ᠮᠠᠭᠲᠠᠭᠠᠯ ᠤᠨ ᠲᠥᠯᠥᠭᠡ ᠪᠠᠢᠯᠭᠠᠬᠤ ᠪᠠᠷ ᠵᠠᠶᠠᠭᠠᠭᠰᠠᠨ ᠶᠤᠮ᠃ 13 ᠲᠠ ᠨᠠᠷ ᠴᠤ ᠾᠷᠢᠰᠲ᠋ᠣᠰ ᠤᠨ ᠳᠣᠲᠣᠷ᠎ᠠ ᠦᠨᠡᠨ ᠦ ᠦᠭᠡ᠂ ᠲᠤᠬᠠᠢᠯᠠᠪᠠᠯ ᠲᠠ ᠨᠠᠷ ᠢ ᠠᠪᠤᠷᠠᠬᠤ ᠪᠠᠶᠠᠷ ᠤᠨ ᠮᠡᠳᠡᠭᠡ ᠶᠢ ᠰᠣᠨᠣᠰᠣᠭᠰᠠᠨ ᠪᠥᠭᠡᠳ ᠲᠡᠭᠦᠨ ᠳᠦ ᠢᠲᠡᠭᠡᠵᠦ᠂ ᠠᠮᠠᠯᠠᠭᠰᠠᠨ ᠠᠷᠢᠭᠤᠨ ᠰᠦᠨᠡᠰᠦ ᠪᠡᠷ ᠲᠠᠮᠠᠭᠠᠯᠠᠭᠳᠠᠭᠰᠠᠨ᠃ 14 ᠪᠤᠷᠬᠠᠨ ᠠᠷᠠᠳ ᠢᠶᠠᠨ ᠵᠣᠯᠢᠨ ᠠᠪᠬᠤ ᠪᠣᠯᠲᠠᠯ᠎ᠠ ᠡᠨᠡ ᠠᠷᠢᠭᠤᠨ ᠰᠦᠨᠡᠰᠦ ᠪᠢᠳᠡᠨ ᠦ ᠥᠪᠯᠡᠬᠦ ᠡᠷᠬᠡ ᠶᠢ ᠪᠠᠲᠤᠯᠠᠨ ᠳᠠᠭᠠᠭᠠᠳᠠᠭ᠂ ᠡᠢᠮᠦ ᠡᠴᠡ ᠪᠤᠷᠬᠠᠨ ᠢ ᠮᠠᠭᠲᠠᠶ᠎ᠠ᠃
ᠮᠡᠷᠭᠡᠨ ᠤᠬᠠᠭᠠᠨ ᠤ ᠰᠦᠨᠡᠰᠦ ᠶᠢ ᠭᠤᠶᠤᠬᠤ
15 ᠡᠢᠮᠦ ᠤᠴᠢᠷ ᠠᠴᠠ ᠪᠢ ᠴᠤ ᠲᠠ ᠨᠠᠷ ᠤᠨ ᠡᠵᠡᠨ ᠢᠰᠦ᠋ᠰ ᠲᠤ ᠢᠲᠡᠭᠡᠯ ᠲᠡᠢ᠂ ᠪᠦᠬᠦ ᠠᠷᠢᠭᠤᠨ ᠬᠥᠮᠦᠨ ᠳᠦ ᠬᠠᠢᠷᠠᠲᠠᠢ ᠪᠠᠢᠬᠤ ᠶᠢ ᠰᠣᠨᠣᠰᠣᠭᠠᠳ 16 ᠲᠠ ᠨᠠᠷ ᠤᠨ ᠡᠮᠦᠨ᠎ᠡ ᠡᠴᠡ ᠲᠠᠰᠤᠷᠠᠯᠲᠠ ᠦᠭᠡᠢ ᠲᠠᠯᠠᠷᠬᠠᠵᠤ ᠪᠠᠢᠳᠠᠭ᠃ ᠪᠢ ᠲᠠ ᠨᠠᠷ ᠢ ᠳᠤᠷᠠᠰᠤᠨ ᠳᠠᠭᠠᠳᠬᠠᠬᠤ ᠳᠠᠭᠠᠨ 17 ᠪᠢᠳᠡᠨ ᠦ ᠡᠵᠡᠨ ᠢᠰᠦ᠋ᠰ ᠾᠷᠢᠰᠲ᠋ᠣᠰ ᠤᠨ ᠪᠤᠷᠬᠠᠨ᠂ ᠠᠯᠳᠠᠷ ᠰᠤᠤᠲᠤ ᠡᠴᠢᠭᠡ ᠥᠪᠡᠷ ᠢ ᠪᠠᠨ ᠲᠣᠳᠣ ᠮᠡᠳᠡᠭᠦᠯᠬᠦ ᠪᠡᠷ ᠮᠡᠷᠭᠡᠨ ᠤᠬᠠᠭᠠᠨ ᠪᠠ ᠢᠯᠡᠷᠬᠡᠶᠢᠯᠡᠯᠭᠡ ᠶᠢᠨ ᠰᠦᠨᠡᠰᠦ 3 ᠶᠢ ᠲᠠ ᠨᠠᠷ ᠲᠤ ᠰᠣᠶᠣᠷᠬᠠᠭᠠᠰᠠᠢ᠂ 18 ᠲᠠ ᠨᠠᠷ ᠤᠨ ᠣᠶᠤᠨ ᠤ ᠮᠡᠯᠮᠡᠢ ᠳᠦ ᠭᠡᠷᠡᠯ ᠲᠤᠰᠤᠭᠠᠰᠠᠢ᠂ ᠡᠢᠨ ᠬᠦ ᠪᠤᠷᠬᠠᠨ ᠳᠤ ᠳᠠᠭᠤᠳᠠᠭᠳᠠᠭᠰᠠᠨ ᠬᠥᠮᠦᠰ ᠦᠨ ᠬᠦᠰᠡᠯ ᠡᠷᠡᠮᠡᠯᠵᠡᠯ᠂ ᠠᠷᠢᠭᠤᠨ ᠬᠥᠮᠦᠰ ᠦᠨ ᠬᠢ ᠪᠣᠯᠬᠤ ᠠᠯᠳᠠᠷ ᠰᠤᠤᠲᠤ ᠥᠮᠴᠢ ᠶᠢᠨ ᠬᠢᠨᠢ ᠡᠯᠪᠡᠭ ᠪᠠᠶᠠᠯᠢᠭ᠂ 19 ᠮᠥᠨ ᠢᠲᠡᠭᠡᠭᠴᠢ ᠪᠢᠳᠡᠨ ᠦ ᠳᠤᠮᠳᠠᠬᠢ ᠬᠡᠮᠵᠢᠶᠡᠯᠡᠰᠢ ᠦᠭᠡᠢ ᠶᠡᠬᠡ ᠬᠦᠴᠦ ᠴᠢᠳᠠᠯ ᠢ ᠲᠠ ᠨᠠᠷ ᠮᠡᠳᠡᠭᠡᠰᠡᠢ ᠭᠡᠵᠦ ᠬᠦᠰᠡᠳᠡᠭ᠃ ᠪᠤᠷᠬᠠᠨ ᠲᠡᠷᠡ ᠬᠦ ᠰᠦᠷ ᠬᠦᠴᠦ ᠪᠡᠨ 20 ᠾᠷᠢᠰᠲ᠋ᠣᠰ ᠤᠨ ᠳᠣᠲᠣᠷ᠎ᠠ ᠠᠵᠢᠯᠯᠠᠭᠤᠯᠤᠭᠰᠠᠨ ᠪᠥᠭᠡᠳ ᠲᠡᠭᠦᠨ ᠢ ᠦᠬᠦᠭᠰᠡᠳ ᠦᠨ ᠳᠤᠮᠳᠠ ᠠᠴᠠ ᠠᠮᠢᠯᠠᠭᠤᠯᠤᠨ ᠲᠩᠷᠢ ᠳᠡᠭᠡᠷ᠎ᠡ᠂ ᠥᠪᠡᠷ ᠦᠨ ᠢᠶᠠᠨ ᠪᠠᠷᠠᠭᠤᠨ ᠲᠠᠯ᠎ᠠ ᠳᠤ ᠰᠠᠭᠤᠯᠭᠠᠵᠤ᠂ 21 ᠠᠯᠢᠪᠠ ᠵᠠᠬᠢᠷᠭ᠎ᠠ᠂ ᠮᠡᠳᠡᠯ᠂ ᠬᠦᠴᠦ᠂ ᠨᠣᠶᠠᠷᠬᠠᠯ ᠬᠢᠭᠡᠳ ᠡᠨᠡ ᠦᠶ᠎ᠡ ᠪᠠ ᠳᠠᠷᠠᠭ᠎ᠠ ᠦᠶ᠎ᠡ ᠳᠦ ᠨᠡᠷᠡᠯᠡᠭᠳᠡᠬᠦ ᠬᠠᠮᠤᠭ ᠨᠡᠷ᠎ᠡ ᠶᠢᠨ ᠳᠡᠭᠡᠷ᠎ᠡ ᠡᠷᠭᠦᠮᠵᠢᠯᠡᠨ᠂ 22 ᠪᠦᠭᠦᠳᠡ ᠶᠢ ᠲᠡᠭᠦᠨ ᠦ ᠬᠥᠯ ᠳᠣᠣᠷ᠎ᠠ ᠵᠠᠬᠢᠷᠤᠭᠤᠯᠵᠤ᠂ ᠲᠡᠭᠦᠨ ᠢ ᠪᠦᠭᠦᠳᠡ ᠶᠢᠨ ᠳᠡᠭᠡᠳᠦ ᠲᠡᠷᠢᠭᠦᠨ ᠪᠣᠯᠭᠠᠨ ᠴᠢᠭᠤᠯᠭᠠᠨ ᠳᠤ ᠰᠣᠶᠣᠷᠬᠠᠪᠠ᠃ 23 ᠴᠢᠭᠤᠯᠭᠠᠨ ᠪᠣᠯ ᠾᠷᠢᠰᠲ᠋ᠣᠰ ᠤᠨ ᠪᠡᠶ᠎ᠡ ᠪᠥᠭᠡᠳ ᠪᠦᠭᠦᠳᠡ ᠶᠢ ᠪᠦᠷᠢᠨ ᠳᠦᠭᠦᠷᠭᠡᠭᠴᠢ 4 ᠶᠢᠨ ᠳᠦᠭᠦᠷᠭᠡᠯᠲᠡ 5 ᠶᠤᠮ᠃