ᠧᠹᠧᠰ ᠬᠣᠶᠠᠷ
ᠢᠪᠡᠭᠡᠯ ᠦᠨ ᠠᠪᠤᠷᠠᠯ
1 ᠲᠠ ᠨᠠᠷ ᠴᠤ ᠭᠡᠮ ᠨᠢᠭᠦᠯ ᠡᠴᠡ ᠪᠣᠯᠵᠤ ᠦᠬᠦᠭᠰᠡᠨ ᠪᠠᠢᠪᠠ᠃ 2 ᠲᠡᠷᠡ ᠦᠶ᠎ᠡ ᠳᠦ ᠲᠠ ᠨᠠᠷ ᠭᠡᠮ ᠨᠢᠭᠦᠯ ᠳᠦ ᠠᠪᠲᠠᠨ ᠡᠨᠡ ᠶᠢᠷᠲᠢᠨᠴᠦ ᠶᠢᠨ ᠬᠡᠪ ᠶᠣᠰᠣ ᠪᠠᠷ ᠣᠭᠲᠠᠷᠭᠤᠢ ᠶᠢᠨ ᠬᠦᠴᠦᠲᠦ ᠲᠣᠯᠣᠭᠠᠢᠯᠠᠭᠴᠢ᠂ ᠲᠤᠬᠠᠢᠯᠠᠪᠠᠯ ᠳᠤᠭᠤᠯᠭᠠᠪᠤᠷᠢ ᠦᠭᠡᠢ ᠦᠷ᠎ᠡ ᠬᠡᠦᠬᠡᠳ ᠦᠨ ᠳᠤᠮᠳᠠ ᠣᠳᠣ ᠠᠵᠢᠯᠯᠠᠵᠤ ᠪᠠᠢᠭ᠎ᠠ ᠰᠦᠨᠡᠰᠦ ᠶᠢ ᠳᠠᠭᠠᠵᠤ ᠠᠮᠢᠳᠤᠷᠠᠭᠰᠠᠭᠠᠷ ᠪᠠᠢᠭᠰᠠᠨ᠃ 3 ᠪᠢᠳᠡ ᠴᠤ ᠲᠡᠳᠡᠨ ᠦ ᠳᠤᠮᠳᠠ ᠪᠦᠭᠦᠳᠡᠭᠡᠷ ᠢᠶᠡᠨ ᠨᠢᠭᠦᠯᠲᠦ ᠤᠭ ᠴᠢᠨᠠᠷ 6 ᠤᠨ ᠢᠶᠠᠨ ᠲᠠᠴᠢᠶᠠᠯ ᠳᠤ ᠠᠪᠲᠠᠨ ᠠᠮᠢᠳᠤᠷᠠᠵᠤ᠂ ᠨᠢᠭᠦᠯᠲᠦ ᠤᠭ ᠴᠢᠨᠠᠷ ᠪᠠ ᠰᠡᠳᠬᠢᠯ ᠤᠨ ᠬᠦᠰᠡᠯ ᠢᠶᠡᠷ ᠬᠢᠳᠡᠭ ᠪᠠᠢᠭᠰᠠᠨ᠃ ᠪᠢᠳᠡ ᠤᠤᠯ ᠨᠢ ᠪᠤᠰᠤᠳ ᠲᠠᠢ ᠠᠳᠠᠯᠢ ᠪᠠᠷ ᠠᠭᠤᠷ ᠬᠢᠯᠢᠩ ᠤᠨ ᠦᠷ᠎ᠡ ᠬᠡᠦᠬᠡᠳ ᠪᠠᠢᠪᠠ᠃ 4 ᠬᠠᠷᠢᠨ ᠡᠯᠪᠡᠭ ᠢᠪᠡᠭᠡᠯ ᠲᠡᠢ ᠪᠤᠷᠬᠠᠨ ᠪᠢᠳᠡᠨ ᠢ ᠬᠠᠢᠷᠠᠯᠠᠳᠠᠭ ᠲᠡᠷᠡ ᠬᠦ ᠬᠠᠢᠷ᠎ᠠ ᠪᠠᠷ ᠢᠶᠠᠨ 5 ᠨᠢᠭᠦᠯ ᠡᠴᠡ ᠪᠣᠯᠵᠤ ᠦᠬᠦᠭᠰᠡᠨ ᠪᠢᠳᠡᠨ ᠢ ᠾᠷᠢᠰᠲ᠋ᠣᠰ ᠲᠠᠢ ᠬᠠᠮᠲᠤ ᠠᠮᠢᠳᠤᠷᠠᠭᠤᠯᠤᠨ (ᠲᠠ ᠨᠠᠷ ᠢᠪᠡᠭᠡᠯ ᠢᠶᠡᠷ ᠠᠪᠤᠷᠠᠭᠳᠠᠭᠰᠠᠨ ᠶᠤᠮ︕)᠂ 6 ᠾᠷᠢᠰᠲ᠋ᠣᠰ ᠢᠰᠦ᠋ᠰ ᠤᠨ ᠳᠣᠲᠣᠷ᠎ᠠ ᠲᠡᠭᠦᠨ ᠲᠡᠢ ᠬᠠᠮᠲᠤ ᠠᠮᠢᠯᠠᠭᠤᠯᠵᠤ᠂ ᠲᠩᠷᠢ ᠳᠡᠭᠡᠷ᠎ᠡ ᠲᠡᠭᠦᠨ ᠲᠡᠢ ᠬᠠᠮᠲᠤ ᠰᠠᠭᠤᠯᠭᠠᠭᠰᠠᠨ ᠶᠤᠮ᠃ 7 ᠡᠢᠨ ᠬᠦ ᠪᠤᠷᠬᠠᠨ ᠾᠷᠢᠰᠲ᠋ᠣᠰ ᠢᠰᠦ᠋ᠰ ᠤᠨ ᠳᠣᠲᠣᠷ᠎ᠠ ᠪᠢᠳᠡᠨ ᠢ ᠨᠢᠭᠦᠯᠡᠰᠦᠨ᠂ ᠬᠡᠮᠵᠢᠶᠡᠯᠡᠰᠢ ᠦᠭᠡᠢ ᠦᠯᠡᠮᠵᠢ ᠢᠪᠡᠭᠡᠯ ᠢᠶᠡᠨ ᠢᠷᠡᠭᠡᠳᠦᠢ ᠶᠢᠨ ᠪᠦᠬᠦ ᠴᠠᠭ ᠦᠶ᠎ᠡ ᠳᠦ ᠦᠵᠡᠭᠦᠯᠬᠦ ᠭᠡᠰᠡᠨ ᠪᠠᠢᠨ᠎ᠠ᠃ 8 ᠲᠠ ᠨᠠᠷ ᠢᠪᠡᠭᠡᠯ ᠢᠶᠡᠷ ᠢᠲᠡᠭᠡᠵᠦ ᠠᠪᠤᠷᠠᠭᠳᠠᠪᠠ᠃ ᠡᠨᠡ ᠨᠢ ᠥᠪᠡᠷᠰᠡᠳ ᠦᠨ ᠴᠢᠨᠢ ᠠᠴᠢ ᠪᠠᠷ ᠪᠢᠰᠢ᠂ 9 ᠦᠢᠯᠡᠰ ᠦᠨ ᠴᠢᠨᠢ ᠠᠴᠢ ᠪᠠᠷ ᠴᠤ ᠪᠢᠰᠢ᠂ ᠬᠠᠷᠢᠨ ᠪᠤᠷᠬᠠᠨ ᠤ ᠰᠣᠶᠣᠷᠬᠠᠯ ᠤᠴᠢᠷ ᠠᠴᠠ ᠬᠡᠨ ᠴᠤ ᠰᠠᠭᠰᠠᠭᠤᠷᠠᠵᠤ ᠪᠣᠯᠬᠤ ᠦᠭᠡᠢ ᠶᠤᠮ᠃ 10 ᠪᠢᠳᠡ ᠪᠣᠯ ᠪᠤᠷᠬᠠᠨ ᠤ ᠪᠦᠲᠦᠭᠡᠯ᠂ ᠰᠠᠢᠨ ᠦᠢᠯᠡᠰ ᠦᠨ ᠲᠥᠯᠥᠭᠡ ᠾᠷᠢᠰᠲ᠋ᠣᠰ ᠢᠰᠦ᠋ᠰ ᠤᠨ ᠳᠣᠲᠣᠷ᠎ᠠ ᠪᠦᠲᠦᠭᠡᠭᠳᠡᠭᠰᠡᠨ ᠶᠤᠮ᠃ ᠪᠤᠷᠬᠠᠨ ᠲᠡᠷᠡ ᠦᠢᠯᠡᠰ ᠢ ᠤᠷᠢᠳᠠ ᠠᠴᠠ ᠪᠡᠯᠡᠳᠬᠡᠨ ᠪᠢᠳᠡᠨ ᠢᠶᠡᠷ ᠬᠢᠯᠭᠡᠬᠦ ᠭᠡᠰᠡᠨ ᠶᠤᠮ᠃
ᠨᠢᠭᠡᠳᠦᠭᠰᠡᠨ ᠴᠢᠭᠤᠯᠭᠠᠨ
11 ᠡᠢᠮᠦ ᠡᠴᠡ ᠲᠠ ᠨᠠᠷ ᠮᠢᠬᠠᠨ ᠪᠡᠶ᠎ᠡ ᠶᠢᠨ ᠬᠤᠪᠢ ᠳᠤ ᠬᠠᠷᠢᠴᠤᠳ ᠪᠠᠢᠭᠰᠠᠨ ᠦᠶ᠎ᠡ ᠪᠡᠨ ᠰᠠᠨᠠᠭᠲᠤᠨ᠂ ᠥᠪᠡᠷ ᠢ ᠪᠠᠨ 《ᠬᠥᠪᠴᠢᠷᠬᠡᠢ ᠬᠥᠨᠳᠡᠭᠦᠯᠦᠭᠴᠢᠳ》 (ᠬᠥᠮᠦᠨ ᠦ ᠭᠠᠷ ᠢᠶᠠᠷ ᠮᠢᠬᠠᠨ ᠪᠡᠶ᠎ᠡ ᠪᠡᠨ ᠬᠥᠨᠳᠡᠭᠦᠯᠦᠭᠴᠢᠳ) ᠬᠡᠮᠡᠭᠴᠢᠳ ᠲᠠ ᠨᠠᠷ ᠢ 《ᠡᠰᠡ ᠬᠥᠨᠳᠡᠭᠦᠯᠦᠭᠴᠢᠳ》 ᠬᠡᠮᠡᠳᠡᠭ ᠪᠠᠢᠪᠠ᠃ 12 ᠲᠡᠷᠡ ᠦᠶ᠎ᠡ ᠳᠦ ᠲᠠ ᠨᠠᠷ ᠾᠷᠢᠰᠲ᠋ᠣᠰ ᠠᠴᠠ ᠠᠩᠭᠢᠳᠠ᠂ ᠢᠰᠷᠧᠯ ᠤᠯᠤᠰ ᠠᠴᠠ ᠰᠠᠯᠤᠩᠭᠢᠳᠠ᠂ ᠠᠮᠠᠯᠠᠯᠲᠠ ᠶᠢᠨ ᠭᠡᠷ᠎ᠡ ᠡᠴᠡ ᠭᠠᠳᠠᠭᠤᠷ ᠪᠠᠢᠭᠰᠠᠨ ᠪᠥᠭᠡᠳ ᠡᠨᠡ ᠶᠢᠷᠲᠢᠨᠴᠦ ᠳᠦ ᠡᠷᠡᠮᠡᠯᠵᠡᠯ ᠦᠭᠡᠢ᠂ ᠪᠤᠷᠬᠠᠨ ᠦᠭᠡᠢ ᠠᠮᠢᠳᠤᠷᠠᠵᠤ ᠪᠠᠢᠪᠠ᠃ 13 ᠵᠠᠢᠳᠠᠭᠤ ᠪᠠᠢᠭᠰᠠᠨ ᠲᠠ ᠨᠠᠷ ᠣᠳᠣ ᠾᠷᠢᠰᠲ᠋ᠣᠰ ᠢᠰᠦ᠋ᠰ ᠤᠨ ᠳᠣᠲᠣᠷ᠎ᠠ ᠲᠡᠭᠦᠨ ᠦ ᠴᠢᠰᠤ ᠪᠠᠷ ᠣᠢᠷᠠᠲᠤᠵᠠᠢ᠃
14 ᠾᠷᠢᠰᠲ᠋ᠣᠰ ᠪᠣᠯ ᠪᠢᠳᠡᠨ ᠦ ᠡᠩᠬᠡ ᠲᠠᠢᠪᠤᠩ ᠮᠥᠨ᠃ ᠲᠡᠷᠡ ᠪᠡᠷ ᠬᠣᠭᠣᠷᠣᠨᠳᠣᠬᠢ ᠬᠡᠷᠡᠮ ᠢ ᠨᠤᠷᠠᠭᠠᠵᠤ ᠬᠣᠶᠠᠷ ᠲᠠᠯ᠎ᠠ ᠶᠢ ᠨᠢᠭᠡᠳᠭᠡᠭᠡᠳ᠂ ᠥᠪᠡᠷ ᠦᠨ ᠢᠶᠠᠨ ᠪᠡᠶ᠎ᠡ ᠪᠡᠷ ᠥᠰᠢᠶᠡᠷᠬᠡᠯ ᠢ ᠵᠠᠢᠯᠠᠭᠤᠯᠤᠨ᠂ 15 ᠣᠯᠠᠨ ᠱᠠᠭᠠᠷᠳᠠᠯᠭ᠎ᠠ ᠲᠠᠢ᠂ ᠣᠯᠠᠨ ᠵᠠᠷᠯᠢᠭ ᠲᠠᠢ ᠬᠠᠤᠯᠢ ᠶᠢ ᠬᠦᠴᠦᠨ ᠦᠭᠡᠢ ᠪᠣᠯᠭᠠᠵᠠᠢ᠂ ᠡᠨᠡ ᠨᠢ ᠲᠡᠷᠡ ᠬᠣᠶᠠᠷ ᠢ ᠥᠪᠡᠷ ᠦᠨ ᠢᠶᠠᠨ ᠳᠣᠲᠣᠷ᠎ᠠ ᠨᠢᠭᠡ ᠰᠢᠨ᠎ᠡ ᠬᠥᠮᠦᠨ ᠪᠣᠯᠭᠠᠭᠠᠳ ᠡᠩᠬᠡ ᠲᠠᠢᠪᠤᠩ ᠢ ᠪᠦᠲᠦᠭᠡᠨ᠂ 16 ᠥᠰᠢᠶᠡᠷᠬᠡᠯ ᠢ ᠵᠠᠭᠠᠯᠮᠠᠢ ᠪᠠᠷ ᠰᠥᠨᠥᠭᠡᠵᠦ᠂ ᠲᠡᠷᠡ ᠬᠣᠶᠠᠷ ᠢ ᠵᠠᠭᠠᠯᠮᠠᠢ ᠪᠠᠷ ᠨᠢᠭᠡ ᠪᠡᠶ᠎ᠡ ᠪᠣᠯᠭᠠᠨ ᠪᠤᠷᠬᠠᠨ ᠲᠠᠢ ᠡᠪᠯᠡᠷᠡᠭᠦᠯᠬᠦ ᠶᠢᠨ ᠲᠤᠯᠠᠳᠠ ᠶᠤᠮ᠃ 17 ᠲᠡᠷᠡᠴᠢᠯᠡᠨ ᠢᠰᠦ᠋ᠰ ᠢᠷᠡᠵᠦ ᠡᠩᠬᠡ ᠲᠠᠢᠪᠤᠩ ᠤᠨ ᠪᠠᠶᠠᠷ ᠤᠨ ᠮᠡᠳᠡᠭᠡ ᠶᠢ ᠵᠠᠢᠳᠠᠭᠤ ᠪᠠᠢᠭᠰᠠᠨ ᠲᠠ ᠨᠠᠷ ᠲᠤ᠂ ᠪᠠᠰᠠ ᠣᠢᠷ᠎ᠠ ᠪᠠᠢᠭᠰᠠᠨ ᠲᠡᠳᠡᠨ ᠳᠦ ᠤᠯᠠᠮᠵᠢᠯᠠᠪᠠ᠃ 18 ᠲᠡᠢᠨ ᠬᠦ ᠪᠢᠳᠡ ᠬᠣᠶᠠᠭᠤᠯᠠ ᠪᠠᠨ ᠲᠡᠭᠦᠨ ᠢᠶᠡᠷ ᠳᠠᠮᠵᠢᠭᠤᠯᠤᠨ ᠨᠢᠭᠡ ᠠᠷᠢᠭᠤᠨ ᠰᠦᠨᠡᠰᠦᠨ ᠦ ᠳᠣᠲᠣᠷ᠎ᠠ ᠡᠴᠢᠭᠡ ᠤᠷᠤᠭᠤ ᠣᠴᠢᠬᠤ ᠪᠣᠯᠵᠠᠢ᠃ 19 ᠡᠢᠨ ᠬᠦ ᠲᠠ ᠨᠠᠷ ᠴᠤ ᠬᠠᠷᠢ ᠶᠢᠨ ᠬᠢ ᠪᠠ ᠭᠠᠳᠠᠨ᠎ᠠ ᠶᠢᠨ ᠬᠢ ᠪᠠᠢᠬᠤ ᠪᠠᠨ ᠪᠣᠯᠢᠵᠤ᠂ ᠠᠷᠢᠭᠤᠨ ᠬᠥᠮᠦᠰ ᠦᠨ ᠬᠠᠮᠲᠤ ᠡᠷᠬᠡ ᠨᠢᠭᠡᠲᠡᠢ ᠢᠷᠭᠡᠳ᠂ ᠪᠤᠷᠬᠠᠨ ᠤ ᠪᠦᠯᠢ ᠪᠣᠯᠣᠯ᠎ᠠ᠃ 20 ᠲᠠ ᠨᠠᠷ ᠪᠣᠯ ᠰᠢᠳᠠᠷ ᠱᠠᠪᠢ ᠨᠠᠷ ᠪᠠ ᠡᠰᠢ ᠦᠵᠡᠭᠦᠯᠦᠭᠴᠢᠳ ᠤᠨ ᠰᠠᠭᠤᠷᠢᠨ ᠳᠡᠭᠡᠷ᠎ᠡ ᠪᠣᠰᠬᠠᠭᠳᠠᠭᠰᠠᠳ ᠪᠥᠭᠡᠳ ᠲᠤᠯᠭᠠᠭᠤᠷᠢ ᠴᠢᠯᠠᠭᠤ ᠨᠢ ᠾᠷᠢᠰᠲ᠋ᠣᠰ ᠶᠤᠮ᠃ 21 ᠲᠡᠭᠦᠨ ᠦ ᠳᠣᠲᠣᠷ᠎ᠠ ᠪᠦᠬᠦᠢᠯᠡ ᠪᠠᠷᠢᠯᠭ᠎ᠠ ᠬᠣᠯᠪᠣᠯᠳᠤᠨ ᠥᠰᠴᠦ᠂ ᠡᠵᠡᠨ ᠦ ᠳᠣᠲᠣᠷᠠᠬᠢ ᠥᠷᠭᠥᠭᠡ ᠪᠣᠯᠵᠤ ᠪᠠᠢᠨ᠎ᠠ᠃ 22 ᠲᠡᠭᠦᠨ ᠦ ᠳᠣᠲᠣᠷ᠎ᠠ ᠲᠠ ᠨᠠᠷ ᠴᠤ ᠬᠠᠮᠲᠤᠷᠠᠨ ᠪᠠᠢᠭᠤᠯᠤᠭᠳᠠᠵᠤ᠂ ᠠᠷᠢᠭᠤᠨ ᠰᠦᠨᠡᠰᠦ ᠪᠡᠷ ᠪᠤᠷᠬᠠᠨ ᠤ ᠣᠷᠣᠰᠢᠬᠤ ᠭᠠᠵᠠᠷ ᠪᠣᠯᠵᠤ ᠪᠤᠢ᠃