ᠧᠹᠧᠰ ᠲᠠᠪᠤ
1 ᠲᠠ ᠨᠠᠷ ᠪᠣᠯ ᠬᠠᠢᠷᠠᠯᠠᠭᠳᠠᠳᠠᠭ ᠬᠡᠦᠬᠡᠳ ᠮᠥᠨ᠃ ᠡᠢᠮᠦ ᠡᠴᠡ ᠪᠤᠷᠬᠠᠨ ᠢ ᠳᠠᠭᠤᠷᠢᠶᠠᠭᠴᠢ ᠪᠣᠯᠣᠭᠲᠤᠨ᠃ 2 ᠬᠠᠢᠷᠠᠯᠠᠵᠤ ᠠᠮᠢᠳᠤᠷᠠᠵᠠᠭᠠ᠂ ᠾᠷᠢᠰᠲ᠋ᠣᠰ ᠴᠤ ᠪᠢᠳᠡᠨ ᠢ ᠬᠠᠢᠷᠠᠯᠠᠨ᠂ ᠪᠢᠳᠡᠨ ᠦ ᠲᠥᠯᠥᠭᠡ ᠪᠡᠶ᠎ᠡ ᠪᠡᠨ ᠵᠣᠷᠢᠭᠤᠯᠵᠤ ᠪᠤᠷᠬᠠᠨ ᠤ ᠡᠮᠦᠨ᠎ᠡ ᠠᠩᠬᠢᠯᠤᠭᠤᠨ ᠦᠨᠦᠷᠲᠦ ᠡᠷᠭᠦᠯ ᠪᠠ ᠲᠠᠬᠢᠯ ᠪᠣᠯᠣᠭᠰᠠᠨ ᠶᠤᠮ᠃
3 ᠬᠠᠷᠢᠨ ᠰᠠᠳᠤᠷ ᠰᠠᠮᠠᠭᠤᠨ᠂ ᠠᠯᠢᠪᠠ ᠠᠷᠢᠭᠤᠨ ᠪᠤᠰᠤ ᠶᠠᠪᠤᠳᠠᠯ ᠪᠤᠶᠤ ᠰᠢᠨᠤᠯ ᠤᠨ ᠨᠡᠷ᠎ᠡ ᠴᠤ ᠲᠠ ᠨᠠᠷ ᠤᠨ ᠳᠤᠮᠳᠠ ᠪᠦᠦ ᠪᠠᠢᠭ᠃ ᠲᠡᠳᠡᠭᠡᠷ ᠨᠢ ᠠᠷᠢᠭᠤᠨ ᠬᠥᠮᠦᠰ ᠲᠦ ᠨᠡᠢᠴᠡᠬᠦ ᠦᠭᠡᠢ᠃ 4 ᠢᠴᠢᠭᠦᠷᠢ ᠦᠭᠡᠢ᠂ ᠮᠤᠩ᠋ᠬᠠᠭ᠂ ᠮᠠᠷᠵᠠᠩ ᠶᠠᠷᠢᠶ᠎ᠠ ᠴᠤ ᠵᠣᠬᠢᠰ ᠦᠭᠡᠢ᠂ ᠣᠷᠣᠨ ᠳᠤᠨᠢ ᠲᠠᠯᠠᠷᠬᠠᠯ ᠤᠨ ᠦᠭᠡ ᠶᠠᠷᠢ᠃ 5 ᠲᠠ ᠨᠠᠷ ᠡᠭᠦᠨ ᠢ ᠵᠠᠪᠠᠯ ᠮᠡᠳᠡᠵᠡᠭᠡ᠂ ᠰᠠᠳᠤᠷᠯᠠᠭᠴᠢ᠂ ᠠᠷᠢᠭᠤᠨ ᠪᠤᠰᠤ ᠬᠥᠮᠦᠨ᠂ ᠰᠢᠨᠤᠬᠠᠢᠷᠠᠭᠴᠢ᠂ ᠲᠤᠬᠠᠢᠯᠠᠪᠠᠯ ᠰᠢᠲᠦᠭᠡᠨ ᠰᠢᠲᠦᠭᠴᠢ ᠨᠢ ᠪᠦᠭᠦᠳᠡᠭᠡᠷ ᠢᠶᠡᠨ ᠾᠷᠢᠰᠲ᠋ᠣᠰ ᠪᠠ ᠪᠤᠷᠬᠠᠨ ᠤ ᠬᠠᠭᠠᠨᠴᠢᠯᠠᠯ ᠳᠤ ᠥᠪ ᠣᠯᠬᠤ ᠦᠭᠡᠢ᠃
6 ᠲᠠ ᠨᠠᠷ ᠬᠡᠨ ᠦ ᠴᠤ ᠬᠣᠭᠣᠰᠣᠨ ᠦᠭᠡᠨ ᠳᠦ ᠪᠦᠦ ᠮᠡᠬᠡᠯᠡᠭᠳᠡ᠂ ᠡᠭᠦᠨ ᠡᠴᠡ ᠪᠣᠯᠵᠤ ᠪᠤᠷᠬᠠᠨ ᠤ ᠬᠢᠯᠢᠩ ᠳᠤᠭᠤᠯᠭᠠᠪᠤᠷᠢ ᠦᠭᠡᠢ ᠬᠡᠦᠬᠡᠳ ᠦᠨ ᠳᠡᠭᠡᠷ᠎ᠡ ᠪᠠᠭᠤᠳᠠᠭ᠃ 7 ᠲᠡᠢᠮᠦ ᠡᠴᠡ ᠪᠢᠲᠡᠭᠡᠢ ᠲᠡᠳᠡᠨ ᠦ ᠬᠠᠮᠰᠠᠭᠠᠲᠠᠨ ᠪᠣᠯᠣᠭᠠᠷᠠᠢ᠃ 8 ᠲᠠ ᠨᠠᠷ ᠤᠷᠢᠳᠤ ᠨᠢ ᠬᠠᠷᠠᠩ᠋ᠭᠤᠢ ᠪᠠᠢᠭᠰᠠᠨ᠂ ᠡᠳᠦᠭᠡ ᠡᠵᠡᠨ ᠦ ᠳᠣᠲᠣᠷ᠎ᠠ ᠭᠡᠷᠡᠯ ᠪᠣᠯᠣᠯ᠎ᠠ᠃ ᠭᠡᠷᠡᠯ ᠦᠨ ᠬᠡᠦᠬᠡᠳ ᠦᠨ ᠶᠣᠰᠣᠭᠠᠷ ᠶᠠᠪᠤ᠃ 9 (ᠭᠡᠷᠡᠯ ᠦᠨ ᠦᠷ᠎ᠡ ᠵᠢᠮᠢᠰ ᠪᠣᠯ ᠠᠯᠢᠪᠠ ᠰᠠᠢᠨ ᠰᠠᠢᠬᠠᠨ᠂ ᠵᠥᠪ᠂ ᠦᠨᠡᠨ ᠪᠢᠯᠡ᠃) 10 ᠡᠵᠡᠨ ᠳᠦ ᠶᠠᠭᠤ ᠲᠠᠭᠠᠯᠠᠭᠳᠠᠬᠤ ᠶᠢ ᠬᠠᠢᠵᠤ ᠮᠡᠳᠡᠭᠲᠦᠨ᠃ 11 ᠬᠠᠷᠠᠩ᠋ᠭᠤᠢ᠂ ᠦᠷ᠎ᠡ ᠠᠰᠢᠭ ᠦᠭᠡᠢ ᠦᠢᠯᠡ ᠶᠠᠪᠤᠳᠠᠯ ᠳᠤ ᠪᠦᠦ ᠣᠷᠣᠯᠴᠠ᠂ ᠬᠠᠷᠢᠨ ᠲᠡᠳᠡᠭᠡᠷ ᠢ ᠢᠯᠡᠴᠢᠯᠡᠭᠲᠦᠨ᠃ 12 ᠲᠡᠳᠡᠨ ᠦ ᠳᠠᠯᠳᠠᠭᠤᠷ ᠬᠢᠳᠡᠭ ᠵᠦᠢᠯᠡᠰ ᠨᠢ ᠬᠡᠯᠡᠬᠦ ᠳᠦ ᠴᠤ ᠰᠢᠪᠰᠢᠭ ᠲᠠᠢ᠃ 13 ᠬᠠᠷᠢᠨ ᠭᠡᠷᠡᠯ ᠳᠦ ᠢᠯᠡᠴᠢᠯᠡᠭᠳᠡᠭᠰᠡᠨ ᠪᠦᠬᠦᠨ ᠢᠯᠡ ᠭᠠᠷᠤᠨ᠎ᠠ᠃ 14 ᠢᠯᠡ ᠭᠠᠷᠤᠭᠴᠢ ᠪᠦᠬᠦᠨ ᠭᠡᠷᠡᠯ ᠪᠢᠯᠡ᠂ ᠡᠢᠮᠦ ᠡᠴᠡ᠄ 《ᠰᠡᠷᠢ᠂ ᠨᠣᠢᠷᠰᠣᠭᠴᠢ ᠡ︕ ᠦᠬᠦᠭᠰᠡᠳ ᠦᠨ ᠳᠤᠮᠳᠠ ᠠᠴᠠ ᠪᠣᠰᠣᠭᠠᠴᠢ᠂ ᠾᠷᠢᠰᠲ᠋ᠣᠰ ᠴᠢᠨᠦ ᠳᠡᠭᠡᠷ᠎ᠡ ᠭᠡᠶᠢᠭᠦᠯᠦᠨ᠎ᠡ》 ᠭᠡᠪᠡ᠃
15 ᠲᠠ ᠨᠠᠷ ᠤᠬᠠᠭᠠᠨ ᠦᠭᠡᠢ ᠬᠥᠮᠦᠨ ᠪᠤᠰᠤ᠂ ᠬᠠᠷᠢᠨ ᠤᠬᠠᠭᠠᠯᠢᠭ ᠬᠥᠮᠦᠨ ᠪᠣᠯᠵᠤ ᠬᠡᠷᠬᠢᠨ ᠠᠮᠢᠳᠤᠷᠠᠵᠤ ᠪᠤᠢ ᠪᠠᠨ ᠠᠩ᠋ᠬᠠᠷᠴᠤ ᠦᠵᠡᠭᠲᠦᠨ᠃ 16 ᠴᠠᠭ ᠢᠶᠠᠨ ᠠᠰᠢᠭᠯᠠ 7 ᠂ ᠴᠠᠭ ᠦᠶ᠎ᠡ ᠮᠠᠭᠤ ᠰᠢᠦ᠃ 17 ᠲᠡᠢᠮᠦ ᠡᠴᠡ ᠪᠣᠳᠣᠯ ᠦᠭᠡᠢ ᠪᠦᠦ ᠶᠠᠪᠤ᠂ ᠡᠵᠡᠨ ᠦ ᠰᠠᠨᠠᠭ᠎ᠠ ᠶᠠᠭᠤ ᠪᠣᠯᠬᠤ ᠶᠢ ᠣᠢᠯᠠᠭᠠᠭᠲᠤᠨ᠃ 18 ᠠᠷᠢᠬᠢᠨ ᠳᠤ ᠪᠦᠦ ᠰᠣᠭᠲᠣ᠂ ᠲᠡᠭᠦᠨ ᠳᠦ ᠵᠠᠮᠪᠠᠷᠠᠭ᠎ᠠ ᠦᠭᠡᠶᠢᠳᠡᠯ ᠪᠠᠢᠳᠠᠭ᠃ ᠡᠭᠦᠨ ᠦ ᠣᠷᠣᠨ ᠳᠤ ᠲᠠ ᠨᠠᠷ ᠠᠷᠢᠭᠤᠨ ᠰᠦᠨᠡᠰᠦ ᠪᠡᠷ ᠳᠦᠭᠦᠷᠡᠩ ᠪᠠᠢᠵᠠᠭ᠎ᠠ᠃ 19 ᠰᠢᠯᠦᠭ᠂ ᠮᠠᠭᠲᠠᠭᠤ᠂ ᠰᠦᠨᠡᠰᠦᠯᠢᠭ ᠳᠠᠭᠤᠤ ᠪᠠᠷ ᠶᠠᠷᠢᠯᠴᠠᠵᠤ ᠡᠵᠡᠨ ᠢ ᠰᠡᠳᠬᠢᠯ ᠡᠴᠡ ᠪᠡᠨ ᠳᠠᠭᠤᠯᠠᠨ ᠮᠠᠭᠲᠠᠵᠤ᠂ 20 ᠠᠯᠢᠪᠠ ᠴᠠᠭ ᠲᠤ᠂ ᠠᠯᠢᠪᠠ ᠵᠦᠢᠯ ᠳᠤ ᠪᠢᠳᠡᠨ ᠦ ᠡᠵᠡᠨ ᠢᠰᠦ᠋ᠰ ᠾᠷᠢᠰᠲ᠋ᠣᠰ ᠤᠨ ᠨᠡᠷ᠎ᠡ ᠪᠡᠷ ᠡᠴᠢᠭᠡ ᠪᠤᠷᠬᠠᠨ ᠳᠤ ᠲᠠᠯᠠᠷᠬᠠᠭᠠᠷᠠᠢ᠃
21 ᠾᠷᠢᠰᠲ᠋ᠣᠰ ᠠᠴᠠ ᠡᠮᠢᠶᠡᠵᠦ ᠪᠡᠶ᠎ᠡ ᠪᠡᠶ᠎ᠡ ᠳᠡᠭᠡᠨ ᠳᠤᠭᠤᠯᠭᠠᠪᠤᠷᠢᠲᠠᠢ ᠪᠠᠢ᠃
ᠠᠷᠢᠭᠤᠨ ᠭᠡᠷ ᠪᠦᠯᠢ
22 ᠡᠬᠡᠨᠡᠷ ᠤᠳ ᠡ᠂ ᠡᠵᠡᠨ ᠳᠦ ᠳᠤᠭᠤᠯᠭᠠᠪᠤᠷᠢᠲᠠᠢ ᠪᠠᠢᠳᠠᠭ ᠰᠢᠭ᠋ ᠨᠥᠬᠥᠷ ᠲᠡᠭᠡᠨ ᠳᠤᠭᠤᠯᠭᠠᠪᠤᠷᠢᠲᠠᠢ ᠪᠠᠢᠭᠠᠷᠠᠢ᠃ 23 ᠶᠠᠭᠠᠬᠢᠭᠠᠳ ᠭᠡᠪᠡᠯ᠂ ᠨᠥᠬᠥᠷ ᠨᠢ ᠡᠬᠡᠨᠡᠷ ᠦᠨ ᠢᠶᠠᠨ ᠲᠡᠷᠢᠭᠦᠨ ᠨᠢ ᠶᠤᠮ᠂ ᠡᠨᠡ ᠨᠢ ᠾᠷᠢᠰᠲ᠋ᠣᠰ ᠪᠣᠯ ᠴᠢᠭᠤᠯᠭᠠᠨ ᠤ ᠲᠡᠷᠢᠭᠦᠨ ᠪᠠᠢᠳᠠᠭ ᠲᠠᠢ ᠠᠳᠠᠯᠢ᠃ ᠲᠡᠷᠡ ᠮᠥᠨ ᠴᠤ ᠥᠪᠡᠷ ᠦᠨ ᠢᠶᠠᠨ ᠪᠡᠶ᠎ᠡ ᠪᠣᠯᠬᠤ ᠴᠢᠭᠤᠯᠭᠠᠨ ᠤ ᠠᠪᠤᠷᠠᠭᠴᠢ ᠪᠢᠯᠡ᠃ 24 ᠴᠢᠭᠤᠯᠭᠠᠨ ᠾᠷᠢᠰᠲ᠋ᠣᠰ ᠲᠤ ᠵᠠᠬᠢᠷᠤᠭᠳᠠᠳᠠᠭ ᠤᠨ ᠠᠳᠠᠯᠢ ᠪᠠᠷ ᠡᠬᠡᠨᠡᠷ ᠤᠳ ᠴᠤ ᠠᠯᠢᠪᠠ ᠵᠦᠢᠯ ᠳᠤ ᠨᠥᠬᠥᠷ ᠲᠡᠭᠡᠨ ᠵᠠᠬᠢᠷᠤᠭᠳᠠ᠃
25 ᠨᠥᠬᠥᠷ ᠤᠳ ᠡ᠂ ᠾᠷᠢᠰᠲ᠋ᠣᠰ ᠴᠢᠭᠤᠯᠭᠠᠨ ᠢ ᠬᠠᠢᠷᠠᠯᠠᠵᠤ᠂ ᠴᠢᠭᠤᠯᠭᠠᠨ ᠤ ᠲᠥᠯᠥᠭᠡ ᠪᠡᠶ᠎ᠡ ᠪᠡᠨ ᠵᠣᠷᠢᠭᠤᠯᠤᠭᠰᠠᠨ ᠶᠣᠰᠣᠭᠠᠷ ᠡᠬᠡᠨᠡᠷ ᠢᠶᠡᠨ ᠬᠠᠢᠷᠠᠯᠠᠭᠲᠤᠨ᠃ 26 ᠾᠷᠢᠰᠲ᠋ᠣᠰ ᠲᠡᠭᠡᠭᠰᠡᠨ ᠢᠶᠡᠷ ᠢᠶᠠᠨ ᠴᠢᠭᠤᠯᠭᠠᠨ ᠢ ᠤᠰᠤ ᠪᠠᠷ ᠤᠬᠢᠶᠠᠨ ᠴᠡᠪᠡᠷᠯᠡᠵᠦ ᠦᠭᠡ ᠪᠡᠷ ᠠᠷᠢᠭᠤᠰᠬᠠᠭᠠᠳ 27 ᠵᠢᠪᠬᠤᠯᠠᠩᠲᠤ ᠴᠢᠭᠤᠯᠭᠠᠨ᠂ ᠲᠤᠬᠠᠢᠯᠠᠪᠠᠯ ᠲᠣᠯᠪᠣ᠂ ᠦᠷᠴᠢᠯᠡᠭᠡ ᠦᠭᠡᠢ ᠪᠠᠷ ᠠᠷᠢᠭᠤᠨ ᠬᠢᠭᠡᠳ ᠥ ᠦᠭᠡᠢ ᠴᠢᠭᠤᠯᠭᠠᠨ ᠢ ᠳᠡᠷᠭᠡᠳᠡ ᠪᠡᠨ ᠪᠠᠢᠯᠭᠠᠬᠤ ᠭᠡᠰᠡᠨ᠃ 28 ᠡᠢᠨ ᠬᠦ ᠨᠥᠬᠥᠷ ᠤᠳ ᠴᠤ ᠥᠪᠡᠷ ᠦᠨ ᠪᠡᠶ᠎ᠡ ᠪᠡᠨ ᠬᠠᠢᠷᠠᠯᠠᠳᠠᠭ ᠰᠢᠭ᠋ ᠡᠬᠡᠨᠡᠷ ᠢᠶᠡᠨ ᠬᠠᠢᠷᠠᠯᠠᠬᠤ ᠶᠣᠰᠣᠲᠠᠢ᠃ ᠡᠬᠡᠨᠡᠷ ᠢᠶᠡᠨ ᠬᠠᠢᠷᠠᠯᠠᠭᠴᠢ ᠨᠢ ᠥᠪᠡᠷ ᠢ ᠪᠠᠨ ᠬᠠᠢᠷᠠᠯᠠᠭᠴᠢ ᠶᠤᠮ᠃ 29 ᠬᠥᠮᠦᠨ ᠥᠪᠡᠷ ᠦᠨ ᠪᠡᠶ᠎ᠡ ᠪᠡᠨ ᠶᠡᠷᠦ ᠬᠣᠷᠣᠰᠳᠠᠭ ᠦᠭᠡᠢ᠂ ᠬᠠᠷᠢᠨ ᠲᠡᠵᠢᠭᠡᠵᠦ ᠬᠠᠯᠠᠮᠵᠢᠯᠠᠳᠠᠭ᠃ ᠡᠨᠡ ᠨᠢ ᠾᠷᠢᠰᠲ᠋ᠣᠰ ᠴᠢᠭᠤᠯᠭᠠᠨ ᠳᠤ ᠬᠠᠨᠳᠤᠳᠠᠭ ᠲᠠᠢ ᠠᠳᠠᠯᠢ ᠪᠥᠭᠡᠳ 30 ᠲᠡᠭᠦᠨ ᠦ ᠪᠡᠶ᠎ᠡ ᠶᠢᠨ ᠡᠷᠬᠡᠲᠡᠨ ᠨᠦᠭᠦᠳ ᠪᠣᠯ ᠪᠢᠳᠡ ᠮᠥᠨ᠃ 31 《ᠡᠢᠮᠦ ᠡᠴᠡ ᠬᠥᠮᠦᠨ ᠡᠴᠢᠭᠡ ᠡᠬᠡ ᠪᠡᠨ ᠣᠷᠬᠢᠭᠠᠳ ᠡᠬᠡᠨᠡᠷ ᠲᠡᠢ ᠪᠡᠨ ᠨᠡᠢᠯᠡᠨ᠂ ᠬᠣᠶᠠᠭᠤᠯᠠ ᠪᠠᠨ ᠨᠢᠭᠡ ᠮᠢᠬᠠᠨ ᠪᠡᠶ᠎ᠡ ᠪᠣᠯᠣᠨ᠎ᠠ᠃》 32 ᠡᠨᠡ ᠨᠢ ᠶᠡᠬᠡ ᠨᠢᠭᠤᠴᠠ ᠪᠢᠯᠡ᠂ ᠬᠠᠷᠢᠨ ᠪᠢ ᠾᠷᠢᠰᠲ᠋ᠣᠰ ᠪᠣᠯᠣᠨ ᠴᠢᠭᠤᠯᠭᠠᠨ ᠲᠠᠢ ᠬᠣᠯᠪᠣᠭᠳᠠᠭᠤᠯᠤᠨ ᠬᠡᠯᠡᠵᠦ ᠪᠠᠢᠨ᠎ᠠ᠃ 33 ᠲᠠ ᠨᠠᠷ ᠴᠤ ᠭᠡᠰᠡᠨ ᠬᠥᠮᠦᠨ ᠪᠣᠯᠭᠠᠨ ᠥᠪᠡᠷ ᠢ ᠪᠠᠨ ᠬᠠᠢᠷᠠᠯᠠᠳᠠᠭ ᠰᠢᠭ᠋ ᠡᠬᠡᠨᠡᠷ ᠢᠶᠡᠨ ᠬᠠᠢᠷᠠᠯᠠᠭᠲᠤᠨ᠃ ᠡᠬᠡᠨᠡᠷ ᠨᠢ ᠨᠥᠬᠥᠷ ᠢᠶᠡᠨ ᠬᠦᠨᠳᠦᠳᠬᠡᠬᠦ ᠪᠣᠯᠲᠤᠭᠠᠢ᠃