ᠬᠠᠭᠠᠢ ᠨᠢᠭᠡ
ᠥᠷᠭᠥᠭᠡ ᠶᠢ ᠰᠡᠷᠭᠦᠭᠡ
1 ᠳ᠋ᠠᠷᠢᠶᠦ᠋ ᠬᠠᠭᠠᠨ ᠤ ᠬᠣᠶᠠᠳᠠᠬᠢ ᠵᠢᠯ ᠤᠨ ᠵᠢᠷᠭᠤᠳᠤᠭᠠᠷ ᠰᠠᠷ᠎ᠠ ᠶᠢᠨ ᠡᠬᠢᠨ ᠤ ᠡᠳᠦᠷ ᠶᠣᠬᠣᠸᠠ ᠶᠢᠨ ᠦᠭᠡ ᠡᠰᠢ ᠦᠵᠡᠭᠦᠯᠦᠭᠴᠢ ᠬᠠᠭᠠᠢ ᠪᠠᠷ ᠳᠠᠮᠵᠢᠭᠤᠯᠤᠨ ᠶᠦᠳᠠ ᠶᠢᠨ ᠵᠠᠬᠢᠷᠤᠭᠴᠢ᠂ ᠱᠠᠯᠲ᠋ᠢᠶᠧᠯ ᠤᠨ ᠬᠥᠪᠡᠭᠦᠨ ᠽᠣᠷᠣᠪᠠᠪᠧᠯ ᠪᠣᠯᠣᠨ ᠲᠡᠷᠢᠭᠦᠨ ᠲᠠᠬᠢᠯᠴᠢ᠂ ᠶᠧᠬᠣᠽᠠᠳᠠᠺ ᠤᠨ ᠬᠥᠪᠡᠭᠦᠨ ᠶᠣᠱᠦ᠋ᠶ᠎ᠠ ᠨᠠᠷ ᠲᠤ ᠢᠷᠡᠭᠰᠡᠨ ᠨᠢ᠄ 2 《ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ ᠡᠨᠡ ᠠᠷᠠᠳ ᠲᠦᠮᠡᠨ 〈ᠴᠠᠭ ᠪᠣᠯᠣᠭ᠎ᠠ ᠦᠭᠡᠢ᠂ ᠶᠣᠬᠣᠸᠠ ᠶᠢᠨ ᠥᠷᠭᠥᠭᠡ ᠶᠢ ᠪᠠᠷᠢᠬᠤ ᠴᠠᠭ ᠪᠣᠯᠣᠭ᠎ᠠ ᠦᠭᠡᠢ〉 ᠭᠡᠳᠡᠭ᠃ 3 ᠲᠡᠷᠡ ᠦᠶ᠎ᠡ ᠳᠦ ᠶᠣᠬᠣᠸᠠ ᠶᠢᠨ ᠦᠭᠡ ᠡᠰᠢ ᠦᠵᠡᠭᠦᠯᠦᠭᠴᠢ ᠬᠠᠭᠠᠢ ᠪᠠᠷ ᠳᠠᠮᠵᠢᠭᠤᠯᠤᠨ ᠢᠷᠡᠭᠰᠡᠨ ᠨᠢ᠄ 4 〈ᠡᠨᠡ ᠥᠷᠭᠥᠭᠡ ᠨᠤᠷᠠᠩ᠋ᠬᠠᠢ ᠪᠠᠢᠲᠠᠯ᠎ᠠ ᠲᠠ ᠨᠠᠷ ᠡᠨᠡ ᠴᠠᠭ ᠲᠤ ᠭᠣᠶᠣ ᠬᠠᠪᠲᠠᠰᠤᠨ ᠭᠡᠷ ᠲᠦ ᠰᠠᠭᠤᠬᠤ ᠨᠢ ᠤᠤ︖〉 5 ᠡᠳᠦᠭᠡ ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 〈ᠲᠠ ᠨᠠᠷ ᠦᠢᠯᠡᠰ ᠮᠥᠷ ᠢᠶᠡᠨ ᠬᠢᠨᠠᠭᠲᠤᠨ︕ 6 ᠲᠠ ᠨᠠᠷ ᠶᠡᠬᠡ ᠲᠠᠷᠢᠶᠠᠯᠠᠭᠰᠠᠨ ᠴᠤ ᠬᠣᠮᠰᠠᠬᠠᠨ ᠬᠤᠷᠢᠶᠠᠪᠠ᠂ ᠬᠣᠭᠣᠯᠠᠯᠠᠭᠰᠠᠨ ᠴᠤ ᠴᠠᠳᠳᠠᠭ ᠦᠭᠡᠢ᠂ ᠤᠤᠭᠤᠭᠰᠠᠨ ᠴᠤ ᠬᠠᠨᠤᠳᠠᠭ ᠦᠭᠡᠢ᠂ ᠡᠮᠦᠰᠦᠭᠰᠡᠨ ᠴᠤ ᠳᠤᠯᠠᠭᠠᠴᠠᠳᠠᠭ ᠦᠭᠡᠢ᠂ ᠬᠥᠯᠥᠰᠥ ᠪᠡᠨ ᠠᠪᠤᠭᠰᠠᠨ ᠴᠤ ᠴᠣᠭᠣᠷᠣᠬᠠᠢ ᠲᠦᠷᠡᠢᠪᠴᠢ ᠳᠤ ᠬᠢᠵᠦ ᠪᠠᠢᠨ᠎ᠠ᠃〉
7 ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 〈ᠲᠠ ᠨᠠᠷ ᠦᠢᠯᠡᠰ ᠮᠥᠷ ᠢᠶᠡᠨ ᠬᠢᠨᠠᠭᠲᠤᠨ︕ 8 ᠲᠠ ᠨᠠᠷ ᠠᠭᠤᠯᠠᠨ ᠳᠤ ᠭᠠᠷᠴᠤ᠂ ᠮᠣᠳᠣ ᠠᠪᠴᠢᠷᠠᠨ ᠥᠷᠭᠥᠭᠡ ᠶᠢ ᠮᠢᠨᠢ ᠪᠣᠰᠬᠠᠴᠠᠭᠠ᠃ ᠪᠢ ᠡᠭᠦᠨ ᠢ ᠴᠢᠨᠢ ᠲᠠᠭᠠᠰᠢᠶᠠᠨ᠂ ᠠᠯᠳᠠᠷᠰᠢᠬᠤ ᠪᠣᠯᠣᠨ᠎ᠠ᠂ ᠶᠣᠬᠣᠸᠠ ᠠᠢᠯᠠᠳᠴᠤ ᠪᠠᠢᠨ᠎ᠠ᠃〉 9 ᠲᠠ ᠨᠠᠷ ᠶᠡᠬᠡ ᠶᠢ ᠬᠦᠰᠡᠭᠰᠡᠨ ᠴᠤ ᠪᠠᠭ᠎ᠠ ᠶᠢ ᠣᠯᠵᠠᠢ᠃ ᠭᠡᠷ ᠲᠡᠭᠡᠨ ᠠᠪᠴᠢᠷᠠᠭᠰᠠᠨ ᠶᠠᠭᠤᠮ᠎ᠠ ᠶᠢ ᠴᠢᠨᠢ ᠪᠢ ᠬᠡᠶᠢᠰᠭᠡᠳᠡᠭ᠃ ᠶᠠᠭᠠᠬᠢᠭᠠᠳ ᠪᠤᠢ︖ ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠄ 〈ᠶᠠᠭᠠᠬᠢᠭᠠᠳ ᠭᠡᠪᠡᠯ᠂ ᠮᠢᠨᠦ ᠭᠡᠷ ᠨᠤᠷᠠᠩ᠋ᠬᠠᠢ ᠪᠠᠢᠲᠠᠯ᠎ᠠ ᠲᠠ ᠨᠠᠷ ᠭᠡᠷ ᠭᠡᠷ ᠲᠡᠭᠡᠨ ᠯᠠ ᠶᠠᠭᠠᠷᠠᠳᠠᠭ᠃ 10 ᠡᠢᠮᠦ ᠡᠴᠡ ᠲᠠ ᠨᠠᠷ ᠤᠨ ᠳᠡᠭᠡᠷᠡᠬᠢ ᠲᠩᠷᠢ ᠰᠢᠭᠦᠳᠡᠷᠢ ᠪᠠᠨ ᠪᠠᠭᠤᠯᠭᠠᠬᠤ ᠦᠭᠡᠢ᠂ ᠭᠠᠵᠠᠷ ᠦᠷ᠎ᠡ ᠲᠠᠷᠢᠶ᠎ᠠ ᠪᠠᠨ ᠭᠠᠷᠭᠠᠬᠤ ᠦᠭᠡᠢ᠂ 11 ᠪᠢ ᠭᠠᠩ ᠭᠠᠴᠢᠭ ᠢ ᠳᠠᠭᠤᠳᠠᠵᠤ᠂ ᠭᠠᠵᠠᠷ ᠳᠡᠭᠡᠷ᠎ᠡ᠂ ᠠᠭᠤᠯᠠᠰ ᠤᠨ ᠳᠡᠭᠡᠷ᠎ᠡ᠂ ᠦᠷ᠎ᠡ ᠲᠠᠷᠢᠶ᠎ᠠ᠂ ᠰᠢᠨ᠎ᠡ ᠳᠠᠷᠠᠰᠤ᠂ ᠲᠣᠰᠣ ᠵᠡᠷᠭᠡ ᠭᠠᠵᠠᠷ ᠠᠴᠠ ᠭᠠᠷᠬᠤ ᠪᠦᠬᠦᠨ ᠦ ᠳᠡᠭᠡᠷ᠎ᠡ᠂ ᠬᠥᠮᠦᠨ ᠠᠮᠢᠲᠠᠨ ᠳᠡᠭᠡᠷ᠎ᠡ᠂ ᠭᠠᠷ ᠤᠨ ᠴᠢᠨᠢ ᠪᠦᠬᠦᠢᠯᠡ ᠬᠥᠳᠡᠯᠮᠦᠷᠢ ᠳᠡᠭᠡᠷ᠎ᠡ ᠠᠪᠴᠢᠷᠠᠭᠰᠠᠨ〉》 ᠭᠡᠪᠡ᠃
12 ᠱᠠᠯᠲ᠋ᠢᠶᠧᠯ ᠤᠨ ᠬᠥᠪᠡᠭᠦᠨ ᠽᠣᠷᠣᠪᠠᠪᠧᠯ ᠬᠢᠭᠡᠳ ᠲᠡᠷᠢᠭᠦᠨ ᠲᠠᠬᠢᠯᠴᠢ ᠶᠧᠬᠣᠽᠠᠳᠠᠺ ᠤᠨ ᠬᠥᠪᠡᠭᠦᠨ ᠶᠣᠱᠦ᠋ᠶ᠎ᠠ ᠨᠠᠷ ᠦᠯᠡᠳᠡᠭᠰᠡᠨ ᠪᠦᠬᠦ ᠠᠷᠠᠳ ᠲᠦᠮᠡᠨ ᠦ ᠪᠠᠨ ᠬᠠᠮᠲᠤ ᠥᠪᠡᠷᠰᠡᠳ ᠦᠨ ᠪᠤᠷᠬᠠᠨ ᠶᠣᠬᠣᠸᠠ ᠶᠢᠨ ᠳᠠᠭᠤ ᠬᠣᠭᠣᠯᠠᠢ ᠪᠠ ᠡᠰᠢ ᠦᠵᠡᠭᠦᠯᠦᠭᠴᠢ ᠬᠠᠭᠠᠢ ᠶᠢᠨ ᠦᠭᠡ ᠶᠢ ᠳᠠᠭᠠᠭᠰᠠᠨ ᠪᠠᠢᠨ᠎ᠠ᠃ ᠤᠴᠢᠷ ᠨᠢ ᠲᠡᠳᠡᠨ ᠦ ᠪᠤᠷᠬᠠᠨ ᠶᠣᠬᠣᠸᠠ ᠲᠡᠭᠦᠨ ᠢ ᠢᠯᠡᠭᠡᠭᠰᠡᠨ ᠶᠤᠮ᠃ ᠲᠡᠢᠨ ᠬᠦ ᠠᠷᠠᠳ ᠲᠦᠮᠡᠨ ᠶᠣᠬᠣᠸᠠ ᠠᠴᠠ ᠡᠮᠢᠶᠡᠭᠰᠡᠨ ᠳᠦ᠂ 13 ᠶᠣᠬᠣᠸᠠ ᠶᠢᠨ ᠡᠯᠴᠢ ᠬᠠᠭᠠᠢ ᠶᠣᠬᠣᠸᠠ ᠶᠢᠨ ᠦᠭᠡ ᠶᠢ ᠠᠷᠠᠳ ᠲᠦᠮᠡᠨ ᠳᠦ ᠳᠠᠮᠵᠢᠭᠤᠯᠤᠨ᠄ 《〈ᠪᠢ ᠲᠠ ᠨᠠᠷ ᠲᠠᠢ ᠬᠠᠮᠲᠤ ᠪᠠᠢᠨ᠎ᠠ〉 ᠭᠡᠵᠦ ᠶᠣᠬᠣᠸᠠ ᠠᠢᠯᠠᠳᠤᠯ᠎ᠠ》 ᠭᠡᠪᠡ᠃ 14 ᠲᠡᠢᠨ ᠬᠦ ᠶᠣᠬᠣᠸᠠ ᠶᠦᠳᠠ ᠶᠢᠨ ᠵᠠᠬᠢᠷᠤᠭᠴᠢ᠂ ᠱᠠᠯᠲ᠋ᠢᠶᠧᠯ ᠤᠨ ᠬᠥᠪᠡᠭᠦᠨ ᠽᠣᠷᠣᠪᠠᠪᠧᠯ ᠤᠨ ᠰᠡᠳᠬᠢᠯ᠂ ᠲᠡᠷᠢᠭᠦᠨ ᠲᠠᠬᠢᠯᠴᠢ ᠶᠧᠬᠣᠽᠠᠳᠠᠺ ᠤᠨ ᠬᠥᠪᠡᠭᠦᠨ ᠶᠣᠱᠦ᠋ᠶ᠎ᠠ ᠶᠢᠨ ᠰᠡᠳᠬᠢᠯ ᠪᠣᠯᠣᠨ ᠦᠯᠡᠳᠡᠭᠰᠡᠨ ᠪᠦᠬᠦ ᠠᠷᠠᠳ ᠲᠦᠮᠡᠨ ᠦ ᠰᠡᠳᠬᠢᠯ ᠢ ᠬᠥᠳᠡᠯᠭᠡᠭᠰᠡᠨ᠃ ᠲᠡᠳᠡ ᠢᠷᠡᠵᠦ᠂ ᠥᠪᠡᠷᠰᠡᠳ ᠦᠨ ᠪᠤᠷᠬᠠᠨ ᠠᠤᠭ᠎ᠠ ᠬᠦᠴᠦᠲᠦ ᠶᠣᠬᠣᠸᠠ ᠶᠢᠨ ᠥᠷᠭᠥᠭᠡᠨ ᠦ ᠠᠵᠢᠯ ᠢ 15 ᠳ᠋ᠠᠷᠢᠶᠦ᠋ ᠬᠠᠭᠠᠨ ᠤ ᠬᠣᠶᠠᠳᠠᠬᠢ ᠵᠢᠯ ᠤᠨ ᠵᠢᠷᠭᠤᠳᠤᠭᠠᠷ ᠰᠠᠷ᠎ᠠ ᠶᠢᠨ ᠬᠣᠷᠢᠨ ᠳᠥᠷᠪᠡᠨ ᠳᠦ ᠡᠬᠢᠯᠡᠭᠦᠯᠦᠭᠰᠡᠨ ᠪᠠᠢᠯ᠎ᠠ᠃