1 2 3 4 5 6 7 8 9 10 11 12 13 14 15 16 17 18 19 20 21 22 23 24 25 26 27 28 29 30 31 32 33 34 35 36 37 38 39 40 41 42


ᠶᠣᠪ ᠨᠢᠭᠡ
 ᠶᠣᠪ ᠬᠢᠭᠡᠳ ᠲᠡᠭᠦᠨ ᠦ ᠭᠡᠷ ᠪᠦᠯᠢ

1 ᠦᠽ ᠨᠤᠲᠤᠭ ᠲᠤ ᠶᠣᠪ ᠭᠡᠳᠡᠭ ᠬᠥᠮᠦᠨ ᠪᠠᠢᠵᠠᠢ᠃ ᠲᠡᠷᠡ ᠪᠣᠯ ᠥ ᠦᠭᠡᠢ᠂ ᠰᠢᠳᠤᠷᠭᠤ ᠪᠥᠭᠡᠳ ᠪᠤᠷᠬᠠᠨ ᠠᠴᠠ ᠡᠮᠢᠶᠡᠵᠦ᠂ ᠪᠤᠵᠠᠷ ᠠᠴᠠ ᠵᠠᠢᠯᠠᠳᠠᠭ ᠬᠥᠮᠦᠨ ᠶᠤᠮ᠃ 2 ᠲᠡᠭᠦᠨ ᠳᠦ ᠳᠣᠯᠣᠭᠠᠨ ᠬᠦᠦ᠂ ᠭᠤᠷᠪᠠᠨ ᠥᠬᠢᠨ ᠲᠥᠷᠥᠵᠡᠢ᠃ 3 ᠲᠡᠭᠦᠨ ᠦ ᠬᠥᠷᠥᠩᠭᠡ ᠭᠡᠪᠡᠯ᠂ ᠳᠣᠯᠣᠭᠠᠨ ᠮᠢᠩ᠋ᠭᠠᠨ ᠬᠣᠨᠢ᠂ ᠭᠤᠷᠪᠠᠨ ᠮᠢᠩ᠋ᠭᠠᠨ ᠲᠡᠮᠡᠭᠡ᠂ ᠲᠠᠪᠤᠨ ᠵᠠᠭᠤᠨ ᠪᠤᠭᠤᠯᠠᠭᠠᠨ ᠤ ᠬᠣᠣᠰ ᠦᠬᠡᠷ ᠪᠠ ᠲᠠᠪᠤᠨ ᠵᠠᠭᠤᠨ ᠡᠮ᠎ᠡ ᠡᠯᠵᠢᠭᠡ ᠪᠠᠢᠪᠠ᠂ ᠪᠠᠰᠠ ᠠᠰᠤᠷᠤ ᠣᠯᠠᠨ ᠵᠠᠷᠤᠴᠠ ᠲᠠᠢ ᠪᠠᠢᠪᠠ᠃ ᠡᠨᠡ ᠬᠥᠮᠦᠨ ᠳᠣᠷᠣᠨ᠎ᠠ ᠶᠢᠨ ᠬᠢᠨ ᠤ ᠳᠤᠮᠳᠠ ᠬᠠᠮᠤᠭ ᠤᠨ ᠠᠭᠤᠤ ᠪᠠᠢᠵᠠᠢ᠃ 4 ᠲᠡᠭᠦᠨ ᠦ ᠬᠥᠪᠡᠭᠦᠳ ᠲᠣᠭᠲᠠᠭᠰᠠᠨ ᠡᠳᠦᠷ ᠲᠡᠭᠡᠨ ᠡᠭᠡᠯᠵᠢ ᠪᠠᠷ ᠭᠡᠷ ᠭᠡᠷ ᠲᠡᠭᠡᠨ ᠨᠠᠢᠷ ᠬᠢᠳᠡᠭ ᠪᠥᠭᠡᠳ ᠭᠤᠷᠪᠠᠨ ᠡᠭᠡᠴᠢ ᠳᠡᠭᠦᠦ ᠳᠡᠭᠡᠨ ᠴᠤ ᠬᠡᠯᠡ ᠶᠠᠪᠤᠭᠤᠯᠵᠤ ᠳᠠᠭᠤᠳᠠᠭᠤᠯᠤᠨ ᠬᠠᠮᠲᠤ ᠳᠠᠭᠠᠨ ᠢᠳᠡᠵᠦ ᠤᠤᠭᠤᠳᠠᠭ ᠪᠠᠢᠪᠠ᠃ 5 ᠨᠠᠢᠷ ᠤᠨ ᠡᠳᠦᠷ ᠤᠳ ᠳᠠᠭᠤᠰᠤᠩ᠋ᠭᠤᠲᠠ ᠶᠣᠪ᠄ 《ᠮᠢᠨᠦ ᠬᠡᠦᠬᠡᠳ ᠤᠳ ᠵᠢᠷᠦᠬᠡᠨ ᠳᠡᠭᠡᠨ ᠨᠢᠭᠦᠯ ᠦᠢᠯᠡᠳᠴᠦ᠂ ᠪᠤᠷᠬᠠᠨ ᠢ ᠬᠠᠷᠢᠶᠠᠭᠰᠠᠨ ᠪᠠᠢᠵᠤ ᠮᠠᠭᠠᠳ ᠦᠭᠡᠢ》 ᠭᠡᠳ ᠲᠡᠳᠡᠨ ᠢ ᠴᠡᠪᠡᠷᠰᠢᠭᠦᠯᠦᠭᠦᠯᠬᠦ ᠪᠡᠷ ᠬᠡᠯᠡ ᠶᠠᠪᠤᠭᠤᠯᠳᠠᠭ᠃ ᠲᠡᠭᠡᠭᠡᠳ ᠲᠡᠷᠡ ᠪᠡᠷ ᠥᠷᠯᠥᠭᠡ ᠡᠷᠲᠡᠯᠡᠨ ᠪᠣᠰᠣᠭᠠᠳ ᠬᠡᠦᠬᠡᠳ ᠪᠣᠯᠭᠠᠨ ᠤ ᠪᠠᠨ ᠲᠥᠯᠥᠭᠡ ᠰᠢᠲᠠᠭᠠᠯᠭᠠᠲᠤ ᠲᠠᠬᠢᠯ ᠡᠷᠭᠦᠳᠡᠭ ᠪᠠᠢᠯ᠎ᠠ᠃ ᠶᠣᠪ ᠦᠷᠭᠦᠯᠵᠢ ᠡᠢᠨ ᠬᠦ ᠦᠢᠯᠡᠳᠳᠡᠭ ᠪᠠᠢᠪᠠ᠃
 ᠰᠠᠲ᠋ᠠᠨ ᠶᠣᠪ ᠢ ᠠᠩᠬ᠎ᠠ ᠤᠳᠠᠭ᠎ᠠ ᠲᠡᠩᠰᠡᠪᠡ

6 ᠨᠢᠭᠡᠨ ᠡᠳᠦᠷ ᠪᠤᠷᠬᠠᠨ ᠤ ᠬᠥᠪᠡᠭᠦᠳ ᠢᠷᠡᠵᠡᠭᠡᠵᠦ᠂ ᠶᠣᠬᠣᠸᠠ ᠳᠤ ᠪᠠᠷᠠᠭᠠᠯᠬᠠᠬᠤ ᠳᠤ᠂ ᠰᠠᠲ᠋ᠠᠨ ᠴᠤ ᠲᠡᠳᠡᠨ ᠦ ᠳᠤᠮᠳᠠ ᠢᠷᠡᠪᠡ᠃ 7 ᠶᠣᠬᠣᠸᠠ ᠰᠠᠲ᠋ᠠᠨ ᠳᠤ᠄ 《ᠴᠢ ᠬᠠᠮᠢᠭ᠎ᠠ ᠠᠴᠠ ᠢᠷᠡᠪᠡ︖》 ᠭᠡᠬᠦ ᠳᠦ᠂ ᠰᠠᠲ᠋ᠠᠨ ᠶᠣᠬᠣᠸᠠ ᠳᠤ ᠬᠠᠷᠢᠭᠤᠯᠤᠨ᠄ 《ᠪᠢ ᠭᠠᠵᠠᠷ ᠢᠶᠠᠷ ᠡᠰᠢ ᠲᠡᠰᠢ᠂ ᠡᠨᠡᠭᠦᠷ ᠲᠡᠷᠡᠭᠦᠷ ᠶᠠᠪᠤᠭᠰᠠᠭᠠᠷ ᠢᠷᠡᠯ᠎ᠡ》 ᠭᠡᠪᠡ᠃ 8 ᠶᠣᠬᠣᠸᠠ ᠰᠠᠲ᠋ᠠᠨ ᠳᠤ᠄ 《ᠴᠢ ᠮᠢᠨᠦ ᠵᠠᠷᠤᠴᠠ ᠶᠣᠪ ᠢ ᠠᠩ᠋ᠬᠠᠷᠪᠠ ᠤᠤ︖ ᠭᠠᠵᠠᠷ ᠳᠡᠭᠡᠷ᠎ᠡ ᠲᠡᠭᠦᠨ ᠰᠢᠭ ᠥ ᠦᠭᠡᠢ᠂ ᠰᠢᠳᠤᠷᠭᠤ᠂ ᠪᠤᠷᠬᠠᠨ ᠠᠴᠠ ᠡᠮᠢᠶᠡᠵᠦ᠂ ᠪᠤᠵᠠᠷ ᠠᠴᠠ ᠵᠠᠢᠯᠠᠳᠠᠭ ᠬᠥᠮᠦᠨ ᠠᠯᠠᠭ᠎ᠠ》 ᠭᠡᠪᠡ᠃ 9 ᠰᠠᠲ᠋ᠠᠨ ᠶᠣᠬᠣᠸᠠ ᠳᠤ ᠬᠠᠷᠢᠭᠤᠯᠤᠨ᠄ 《ᠶᠣᠪ ᠰᠢᠯᠲᠠᠭᠠᠨ ᠦᠭᠡᠢ ᠪᠠᠷ ᠪᠤᠷᠬᠠᠨ ᠠᠴᠠ ᠡᠮᠢᠶᠡᠳᠡᠭ ᠭᠡᠵᠢ ᠤᠤ︖ 10 ᠲᠠ ᠥᠪᠡᠷ ᠢᠶᠡᠨ ᠲᠡᠭᠦᠨ ᠢ᠂ ᠮᠥᠨ ᠲᠡᠭᠦᠨ ᠦ ᠭᠡᠷ ᠢ᠂ ᠲᠡᠭᠦᠨ ᠳᠦ ᠪᠠᠢᠭ᠎ᠠ ᠪᠦᠬᠦᠨ ᠢ ᠲᠠᠯ᠎ᠠ ᠪᠦᠷᠢ ᠡᠴᠡ ᠨᠢ ᠬᠦᠷᠢᠶᠡᠯᠡᠳᠡᠭ ᠪᠢᠰᠢ ᠤᠤ︖ ᠲᠠ ᠭᠠᠷ ᠤᠨ ᠬᠢᠨᠢ ᠦᠢᠯᠡ ᠶᠢ ᠢᠪᠡᠭᠡᠵᠦ᠂ ᠲᠡᠭᠦᠨ ᠦ ᠬᠥᠷᠥᠩᠭᠡ ᠶᠢ ᠭᠠᠵᠠᠷ ᠨᠤᠲᠤᠭ ᠢᠶᠠᠷ ᠨᠢ ᠪᠢᠯᠠᠬᠠᠭᠤᠯᠤᠭᠰᠠᠨ᠃ 11 ᠣᠳᠣ ᠲᠠ ᠭᠠᠷ ᠢᠶᠠᠨ ᠰᠤᠩ᠋ᠭᠠᠵᠤ᠂ ᠪᠠᠢᠭ᠎ᠠ ᠪᠦᠬᠦᠨ ᠢ ᠨᠢ ᠴᠣᠬᠢᠵᠤ ᠦᠵᠡ᠂ ᠲᠡᠷᠡ ᠯᠠᠪᠲᠠᠢ ᠲᠠᠨ ᠢ ᠨᠢᠭᠤᠷ ᠳᠡᠭᠡᠷ᠎ᠡ ᠴᠢᠨᠢ ᠬᠠᠷᠢᠶᠠᠬᠤ ᠪᠣᠯᠣᠨ᠎ᠠ》 ᠭᠡᠯ᠎ᠡ᠃ 12 ᠶᠣᠬᠣᠸᠠ ᠰᠠᠲ᠋ᠠᠨ ᠳᠤ᠄ 《ᠵᠠ᠂ ᠪᠢ ᠲᠡᠭᠦᠨ ᠳᠦ ᠪᠠᠢᠭ᠎ᠠ ᠪᠦᠬᠦᠨ ᠢ ᠴᠢᠨᠦ ᠭᠠᠷ ᠲᠤ ᠲᠤᠰᠢᠶᠠᠶ᠎ᠠ᠂ ᠬᠠᠷᠢᠨ ᠴᠢ ᠲᠡᠭᠦᠨ ᠳᠦ ᠭᠠᠷ ᠬᠦᠷᠴᠦ ᠪᠣᠯᠬᠤ ᠦᠭᠡᠢ》 ᠭᠡᠵᠡᠢ᠃ ᠲᠡᠭᠡᠭᠡᠳ ᠰᠠᠲ᠋ᠠᠨ ᠶᠣᠬᠣᠸᠠ ᠶᠢᠨ ᠣᠷᠣᠰᠢᠬᠤᠢ ᠠᠴᠠ ᠭᠠᠷᠴᠠᠢ᠃

13 ᠨᠢᠭᠡᠨ ᠡᠳᠦᠷ ᠶᠣᠪ ᠤᠨ ᠬᠥᠪᠡᠭᠦᠳ ᠥᠬᠢᠳ ᠬᠠᠮᠤᠭ ᠤᠨ ᠲᠣᠮᠣ ᠠᠬ᠎ᠠ ᠶᠢᠨ ᠢᠶᠠᠨ ᠭᠡᠷ ᠲᠦ ᠬᠣᠭᠣᠯᠠ ᠢᠳᠡᠵᠦ᠂ ᠳᠠᠷᠠᠰᠤ ᠤᠤᠭᠤᠵᠤ ᠪᠠᠢᠪᠠ᠃ 14 ᠨᠢᠭᠡᠨ ᠡᠯᠴᠢ ᠶᠣᠪ ᠤᠷᠤᠭᠤ ᠢᠷᠡᠵᠦ᠄ 《ᠦᠬᠡᠷ ᠤᠳ ᠭᠠᠵᠠᠷ ᠬᠠᠭᠠᠯᠵᠤ᠂ ᠡᠯᠵᠢᠭᠡ ᠨᠦᠭᠦᠳ ᠬᠠᠵᠠᠭᠤᠬᠠᠨ ᠳᠤᠨᠢ ᠢᠳᠡᠰᠢᠯᠡᠵᠦ ᠪᠠᠢᠬᠤ ᠳᠤ᠂ 15 ᠱᠧᠪᠠᠴᠤᠳ ᠳᠣᠪᠲᠣᠯᠣᠨ ᠲᠡᠳᠡᠭᠡᠷ ᠢ ᠪᠤᠯᠢᠶᠠᠨ ᠠᠪᠴᠤ᠂ ᠪᠠᠰᠠ ᠵᠠᠷᠤᠴᠠ ᠨᠠᠷ ᠢ ᠢᠯᠳᠦᠨ ᠦ ᠢᠷ ᠢᠶᠠᠷ ᠬᠥᠨᠥᠭᠡᠵᠡᠢ᠃ ᠪᠢ ᠭᠠᠭᠴᠠᠭᠠᠷ ᠢᠶᠠᠨ ᠵᠢᠭᠤᠲᠠᠵᠤ ᠲᠠᠨ ᠳᠤ ᠮᠡᠳᠡᠭᠦᠯᠬᠦ ᠪᠡᠷ ᠢᠷᠡᠯ᠎ᠡ》 ᠭᠡᠪᠡ᠃ 16 ᠲᠡᠷᠡ ᠶᠠᠷᠢᠵᠤ ᠪᠠᠢᠲᠠᠯ᠎ᠠ ᠥᠭᠡᠷ᠎ᠡ ᠨᠢᠭᠡ ᠨᠢ ᠢᠷᠡᠵᠦ᠄ 《ᠲᠩᠷᠢ ᠡᠴᠡ ᠪᠤᠷᠬᠠᠨ ᠤ ᠭᠠᠯ ᠪᠠᠭᠤᠵᠤ᠂ ᠬᠣᠨᠢᠨ ᠰᠦᠷᠦᠭ ᠪᠣᠯᠣᠨ ᠵᠠᠷᠤᠴᠠ ᠨᠠᠷ ᠢ ᠵᠠᠯᠭᠢᠯ᠎ᠠ᠃ ᠪᠢ ᠭᠠᠭᠴᠠᠭᠠᠷ ᠢᠶᠠᠨ ᠵᠢᠭᠤᠲᠠᠵᠤ ᠲᠠᠨ ᠳᠤ ᠮᠡᠳᠡᠭᠦᠯᠬᠦ ᠪᠡᠷ ᠢᠷᠡᠯ᠎ᠡ》 ᠭᠡᠪᠡ᠃ 17 ᠲᠡᠷᠡ ᠶᠠᠷᠢᠵᠤ ᠪᠠᠢᠲᠠᠯ᠎ᠠ ᠥᠭᠡᠷ᠎ᠡ ᠨᠢᠭᠡ ᠨᠢ ᠢᠷᠡᠵᠦ᠄ 《ᠺᠠᠯᠳᠧᠶᠠᠴᠤᠳ ᠤᠨ ᠭᠤᠷᠪᠠᠨ ᠪᠦᠯᠦᠭ ᠳᠡᠭᠡᠷᠡᠮ ᠲᠡᠮᠡᠭᠡᠳ ᠢ ᠳᠡᠭᠡᠷᠡᠮᠳᠡᠨ ᠠᠪᠴᠤ᠂ ᠵᠠᠷᠤᠴᠠ ᠨᠠᠷ ᠢ ᠢᠯᠳᠦᠨ ᠦ ᠢᠷ ᠢᠶᠠᠷ ᠬᠥᠨᠥᠭᠡᠪᠡ᠃ ᠪᠢ ᠭᠠᠭᠴᠠᠭᠠᠷ ᠢᠶᠠᠨ ᠵᠢᠭᠤᠲᠠᠵᠤ ᠲᠠᠨ ᠳᠤ ᠮᠡᠳᠡᠭᠦᠯᠬᠦ ᠪᠡᠷ ᠢᠷᠡᠯ᠎ᠡ》 ᠭᠡᠪᠡ᠃ 18 ᠲᠡᠷᠡ ᠶᠠᠷᠢᠵᠤ ᠪᠠᠢᠲᠠᠯ᠎ᠠ ᠥᠭᠡᠷ᠎ᠡ ᠨᠢᠭᠡ ᠨᠢ ᠢᠷᠡᠵᠦ᠄ 《ᠲᠠᠨ ᠤ ᠬᠥᠪᠡᠭᠦᠳ ᠥᠬᠢᠳ ᠲᠣᠮᠣ ᠠᠬ᠎ᠠ ᠶᠢᠨ ᠢᠶᠠᠨ ᠭᠡᠷ ᠲᠦ ᠬᠣᠭᠣᠯᠠ ᠢᠳᠡᠵᠦ᠂ ᠳᠠᠷᠠᠰᠤ ᠤᠤᠭᠤᠵᠤ ᠪᠠᠢᠲᠠᠯ᠎ᠠ᠂ 19 ᠶᠡᠬᠡ ᠰᠠᠯᠬᠢ ᠴᠥᠯ ᠦᠨ ᠴᠠᠭᠠᠨ᠎ᠠ ᠠᠴᠠ ᠢᠷᠡᠵᠦ᠂ ᠪᠠᠢᠰᠢᠩ ᠤᠨ ᠳᠥᠷᠪᠡᠨ ᠪᠤᠯᠤᠩ ᠢ ᠴᠣᠬᠢᠭᠰᠠᠨ ᠳᠤ᠂ ᠪᠠᠢᠰᠢᠩ ᠵᠠᠯᠠᠭᠤᠰ ᠤᠨ ᠳᠡᠭᠡᠷ᠎ᠡ ᠨᠤᠷᠠᠵᠤ᠂ ᠲᠡᠳᠡ ᠡ᠊ᠨᠳᠡᠪᠡ᠃ ᠪᠢ ᠭᠠᠭᠴᠠᠭᠠᠷ ᠢᠶᠠᠨ ᠵᠢᠭᠤᠲᠠᠵᠤ ᠲᠠᠨ ᠳᠤ ᠮᠡᠳᠡᠭᠦᠯᠬᠦ ᠪᠡᠷ ᠢᠷᠡᠯ᠎ᠡ》 ᠭᠡᠪᠡ᠃

20 ᠶᠣᠪ ᠪᠣᠰᠴᠤ᠂ ᠳᠡᠪᠡᠯ ᠢᠶᠡᠨ ᠤᠷᠠᠵᠤ᠂ ᠲᠣᠯᠣᠭᠠᠢ ᠶᠢᠨ ᠦᠰᠦ ᠪᠡᠨ ᠬᠤᠰᠤᠭᠤᠯᠤᠭᠠᠳ ᠭᠠᠵᠠᠷ ᠲᠤ ᠤᠨᠠᠨ ᠮᠥᠷᠭᠥᠵᠦ᠄
21 《ᠪᠢ ᠡᠬᠡ ᠶᠢᠨ ᠢᠶᠠᠨ ᠬᠡᠪᠡᠯᠢ ᠡᠴᠡ ᠨᠢᠴᠦᠭᠦᠨ ᠢᠷᠡᠭᠰᠡᠨ ᠪᠢ ᠲᠡᠰᠢ ᠪᠠᠨ ᠨᠢᠴᠦᠭᠦᠨ ᠪᠤᠴᠠᠨ᠎ᠠ ᠶᠣᠬᠣᠸᠠ ᠥᠭᠭᠥᠭᠰᠡᠨ᠂ ᠶᠣᠬᠣᠸᠠ ᠠᠪᠤᠭᠰᠠᠨ ᠶᠣᠬᠣᠸᠠ ᠶᠢᠨ ᠨᠡᠷ᠎ᠡ ᠠᠯᠳᠠᠷᠰᠢᠬᠤ ᠪᠣᠯᠲᠤᠭᠠᠢ》 ᠭᠡᠪᠡ᠃

22 ᠡᠨᠡ ᠪᠦᠬᠦᠨ ᠪᠣᠯᠵᠤ ᠪᠠᠢᠬᠤ ᠳᠤ᠂ ᠶᠣᠪ ᠨᠢᠭᠦᠯ ᠬᠢᠭᠰᠡᠨ ᠦᠭᠡᠢ᠂ ᠪᠤᠷᠬᠠᠨ ᠤ ᠡᠰᠡᠷᠭᠦ ᠮᠤᠩ᠋ᠬᠠᠭᠯᠠᠭ᠎ᠠ ᠦᠭᠡᠢ᠃