1 2 3 4 5 6 7 8 9 10 11 12 13 14 15 16 17 18 19 20 21 22 23 24 25 26 27 28 29 30 31 32 33 34 35 36 37 38 39 40 41 42


ᠶᠣᠪ ᠠᠷᠪᠠ
1 ᠪᠢ ᠥᠪᠡᠷ ᠦᠨ ᠢᠶᠠᠨ ᠠᠮᠢᠳᠤᠷᠠᠯ ᠢ ᠵᠢᠭ᠍ᠰᠢᠵᠡᠢ᠂ ᠪᠢ ᠭᠣᠮᠣᠳᠠᠯ ᠢᠶᠠᠨ ᠴᠢᠯᠥᠭᠡᠲᠡᠢ ᠠᠭᠤᠳᠠᠯᠵᠤ ᠭᠠᠰᠢᠭᠤᠨ ᠰᠡᠳᠬᠢᠯ ᠢᠶᠠᠷ ᠶᠠᠷᠢᠨ᠎ᠠ᠂
2 ᠪᠤᠷᠬᠠᠨ ᠳᠤ᠄ 〈ᠨᠠᠮᠠᠶᠢ ᠪᠦᠦ ᠪᠤᠷᠤᠭᠤᠰᠢᠶᠠᠭᠠᠴᠢ ᠶᠠᠭᠠᠬᠢᠭᠠᠳ ᠨᠠᠳᠠ ᠲᠠᠢ ᠲᠡᠮᠡᠴᠡᠭᠡᠳ ᠪᠠᠢᠭ᠎ᠠ ᠪᠠᠨ ᠮᠡᠳᠡᠭᠦᠯᠦᠭᠡᠴᠢ〉 ᠭᠡᠵᠦ ᠬᠡᠯᠡᠬᠦ ᠪᠣᠯᠣᠨ᠎ᠠ᠂
3 ᠥᠪᠡᠷ ᠦᠨ ᠢᠶᠠᠨ ᠭᠠᠷ ᠤᠨ ᠪᠦᠲᠦᠭᠡᠯ ᠢ ᠳᠠᠷᠤᠮᠲᠠᠯᠠᠨ ᠣᠭᠣᠷᠴᠤ ᠪᠤᠷᠤᠭᠤᠲᠠᠳ ᠤᠨ ᠵᠥᠪᠯᠡᠯᠭᠡ ᠶᠢ ᠲᠠᠭᠠᠰᠢᠶᠠᠬᠤ ᠨᠢ ᠥᠪᠡᠷ ᠦᠨ ᠲᠠᠨᠢ ᠬᠤᠪᠢ ᠳᠤ ᠰᠠᠢᠨ ᠤᠤ︖
4 ᠲᠠᠨ ᠳᠤ ᠮᠢᠬᠠᠨ ᠨᠢᠳᠦ ᠯᠠ ᠪᠠᠢᠳᠠᠭ ᠤᠤ︖ ᠲᠠ ᠬᠥᠮᠦᠨ ᠦ ᠬᠠᠷᠠᠳᠠᠭ ᠰᠢᠭ᠋ ᠯᠠ ᠬᠠᠷᠠᠳᠠᠭ ᠤᠤ︖
5 ᠲᠠᠨ ᠤ ᠡᠳᠦᠷ ᠤᠳ ᠬᠥᠮᠦᠨ ᠦ ᠡᠳᠦᠷ ᠰᠢᠭ ᠯᠠ ᠭᠡᠵᠢ ᠤᠤ︖ ᠲᠠᠨ ᠤ ᠣᠨ ᠵᠢᠯ ᠤᠳ ᠬᠥᠮᠦᠨ ᠦ ᠬᠢ ᠠᠳᠠᠯᠢ ᠪᠣᠯᠣᠭᠠᠳ
6 ᠲᠠ ᠠᠯᠳᠠᠭ᠎ᠠ ᠶᠢ ᠮᠢᠨᠢ ᠡᠷᠢᠵᠦ ᠨᠢᠭᠦᠯ ᠢ ᠮᠢᠨᠢ ᠨᠡᠬᠡᠳᠡᠭ ᠭᠡᠵᠢ ᠤᠤ︖
7 ᠪᠤᠷᠤᠭᠤ ᠦᠭᠡᠢ ᠶᠢ ᠮᠢᠨᠢ ᠲᠠ ᠮᠡᠳᠡᠨ᠎ᠡ᠂ ᠮᠤᠲᠤᠷ ᠠᠴᠠ ᠲᠠᠨᠢ ᠨᠠᠮᠠᠶᠢ ᠮᠤᠯᠲᠤᠯᠬᠤ ᠬᠡᠨ ᠴᠤ ᠠᠯᠠᠭ᠎ᠠ᠃

8 ᠲᠠ ᠥᠪᠡᠷ ᠦᠨ ᠢᠶᠠᠨ ᠮᠤᠲᠤᠷ ᠢᠶᠠᠷ ᠨᠠᠮᠠᠶᠢ ᠬᠡᠯᠪᠡᠷᠢᠵᠢᠭᠦᠯᠵᠦ ᠪᠦᠲᠦᠭᠡᠭᠰᠡᠨ ᠡᠳᠦᠭᠡ ᠪᠦᠷᠢᠮᠦᠰᠦᠨ ᠤᠰᠠᠳᠬᠠᠬᠤ ᠭᠡᠵᠦ ᠪᠠᠢᠨ᠎ᠠ ᠤᠤ︖
9 ᠨᠠᠮᠠᠶᠢ ᠰᠢᠪᠠᠷ ᠮᠡᠲᠦ ᠪᠦᠲᠦᠭᠡᠭᠰᠡᠨ ᠢᠶᠡᠨ ᠰᠠᠨᠠᠭᠠᠴᠢ ᠡᠳᠦᠭᠡ ᠰᠢᠷᠣᠢ ᠤᠷᠤᠭᠤ ᠪᠤᠴᠠᠭᠠᠬᠤ ᠭᠡᠵᠦ ᠪᠠᠢᠨ᠎ᠠ ᠤᠤ︖
10 ᠲᠠ ᠨᠠᠮᠠᠶᠢ ᠰᠦ᠋ ᠰᠢᠭ ᠶᠡᠭᠦᠯᠡᠵᠦ ᠪᠢᠰᠢᠯᠠᠭ ᠰᠢᠭ᠋ ᠬᠠᠲᠠᠭᠤᠷᠠᠭᠤᠯᠵᠤ
11 ᠠᠷᠠᠰᠤ ᠪᠠ ᠮᠢᠬ᠎ᠠ ᠪᠠᠷ ᠬᠤᠴᠢᠨ ᠶᠠᠰᠤ ᠪᠣᠯᠣᠨ ᠰᠢᠷᠪᠥᠰᠥ ᠪᠡᠷ ᠬᠣᠯᠪᠣᠭᠰᠠᠨ ᠪᠢᠰᠢ ᠤᠤ︖
12 ᠲᠠ ᠨᠠᠳᠠ ᠳᠤ ᠠᠮᠢ ᠬᠢᠭᠡᠳ ᠡᠨᠡᠷᠢᠯ ᠢ ᠰᠣᠶᠣᠷᠬᠠᠵᠤ ᠰᠦᠨᠡᠰᠦ ᠶᠢ ᠮᠢᠨᠢ ᠬᠠᠯᠠᠮᠵᠢᠯᠠᠨ ᠬᠠᠮᠠᠭᠠᠯᠠᠭᠰᠠᠨ ᠪᠢᠯᠡ᠂
13 ᠡᠳᠡᠭᠡᠷ ᠢ ᠲᠠ ᠵᠢᠷᠦᠬᠡᠨ ᠳᠡᠭᠡᠨ ᠨᠢᠭᠤᠵᠤ ᠪᠠᠢᠭᠰᠠᠨ ᠡᠢᠮᠦ ᠵᠣᠷᠢᠯᠭ᠎ᠠ ᠲᠠᠢ ᠪᠠᠢᠭᠰᠠᠨ ᠢ ᠲᠠᠨᠢ ᠪᠢ ᠮᠡᠳᠡᠨ᠎ᠡ᠂
14 ᠬᠡᠷᠪᠡ ᠪᠢ ᠨᠢᠭᠦᠯ ᠦᠢᠯᠡᠳᠦᠭᠰᠡᠨ ᠪᠣᠯ ᠲᠠ ᠨᠠᠮᠠᠶᠢ ᠬᠠᠷᠠᠭᠤᠯᠳᠠᠵᠤ ᠭᠡᠮ ᠢ ᠮᠢᠨᠢ ᠥᠷᠥᠰᠢᠶᠡᠬᠦ ᠦᠭᠡᠢ ᠪᠠᠢᠭᠰᠠᠨ᠂
15 ᠬᠡᠷᠪᠡ ᠪᠤᠷᠤᠭᠤ ᠲᠠᠢ ᠪᠣᠯ ᠪᠢ ᠭᠠᠰᠠᠯᠠᠩᠲᠠᠶ᠎ᠠ᠂ ᠬᠠᠷᠢᠨ ᠪᠤᠷᠤᠭᠤ ᠦᠭᠡᠢ ᠪᠠᠢᠲᠠᠯ᠎ᠠ ᠪᠠᠨ ᠪᠢ ᠢᠴᠢᠭᠦᠷᠢ ᠪᠠᠷ ᠳᠦᠭᠦᠷᠦᠭᠡᠳ ᠲᠣᠯᠣᠭᠠᠢ ᠪᠠᠨ ᠥᠨᠳᠡᠢᠯᠭᠡᠵᠦ ᠴᠢᠳᠠᠬᠤ ᠦᠭᠡᠢ ᠪᠠᠢᠨ᠎ᠠ᠂ ᠬᠥᠭᠡᠷᠦᠬᠦᠢᠯᠡᠯᠲᠡᠢ ᠪᠠᠢᠳᠠᠯ ᠢ ᠮᠢᠨᠢ ᠬᠠᠷᠠᠭᠠᠴᠢ᠂
16 ᠬᠡᠷᠪᠡ ᠥᠨᠳᠡᠢᠶ᠎ᠡ ᠭᠡᠪᠡᠯ ᠲᠠ ᠨᠠᠮᠠᠶᠢ ᠠᠷᠰᠯᠠᠨ ᠰᠢᠭ᠋ ᠠᠩᠨᠠᠵᠤ ᠠᠶᠤᠮᠰᠢᠭᠲᠤ ᠬᠦᠴᠦ ᠪᠡᠨ ᠠᠬᠢᠨ ᠬᠠᠷᠠᠭᠤᠯᠳᠠᠭ᠂
17 ᠲᠠ ᠨᠠᠮᠠᠶᠢ ᠪᠤᠷᠤᠭᠤᠳᠬᠠᠬᠤ ᠭᠡᠷᠡᠴᠢ ᠨᠠᠷ ᠢᠶᠠᠨ ᠳᠠᠬᠢᠨ ᠶᠠᠪᠤᠭᠤᠯᠵᠤ ᠠᠭᠤᠷ ᠬᠢᠯᠢᠩ ᠢᠶᠠᠨ ᠰᠢᠷᠦᠭᠦᠰᠭᠡᠭᠰᠡᠭᠡᠷ ᠥᠪᠡᠷ ᠦᠨ ᠢᠶᠠᠨ ᠴᠡᠷᠢᠭ ᠢ ᠳᠠᠬᠢᠨ ᠶᠠᠪᠤᠭᠤᠯᠵᠤ ᠪᠠᠢᠨ᠎ᠠ᠃

18 ᠶᠠᠭᠤᠨ ᠳᠤ ᠲᠠ ᠨᠠᠮᠠᠶᠢ ᠬᠡᠪᠡᠯᠢ ᠡᠴᠡ ᠭᠠᠷᠭᠠᠪᠠ︖ ᠪᠢ ᠬᠡᠨ ᠦ ᠴᠤ ᠨᠢᠳᠦᠨ ᠳᠦ ᠥᠷᠲᠥᠭᠡ ᠦᠭᠡᠢ ᠦᠬᠦᠭᠰᠡᠨ ᠪᠣᠯᠣᠭᠠᠰᠠᠢ᠂
19 ᠪᠢ ᠬᠡᠵᠢᠶ᠎ᠡ ᠴᠤ ᠪᠤᠢ ᠪᠣᠯᠣᠭ᠎ᠠ ᠦᠭᠡᠢ ᠮᠡᠲᠦ ᠬᠡᠪᠡᠯᠢ ᠡᠴᠡ ᠪᠤᠯᠠᠰᠢ ᠤᠷᠤᠭᠤ ᠠᠪᠠᠴᠢᠭᠳᠠᠭᠰᠠᠨ ᠴᠤ ᠪᠣᠯᠣᠭᠠᠰᠠᠢ᠂
20 ᠡᠳᠦᠷ ᠤᠳ ᠮᠢᠨᠢ ᠴᠥᠭᠡᠨ ᠦᠯᠡᠳᠡᠭᠰᠡᠨ ᠪᠢᠰᠢ ᠤᠤ︖ ᠭᠠᠭᠴᠠᠭᠠᠷ ᠢ ᠮᠢᠨᠢ ᠣᠷᠬᠢᠭᠠᠴᠢ᠂ ᠪᠢ ᠵᠢᠭᠠᠬᠠᠨ ᠴᠤ ᠠᠮᠠᠷᠠᠬᠤ ᠶᠤᠮ ᠰᠠᠨ᠂
21 ᠬᠠᠷᠢᠵᠤ ᠢᠷᠡᠰᠢ ᠦᠭᠡᠢ ᠭᠠᠵᠠᠷ᠂ ᠬᠠᠷᠠᠩ᠋ᠭᠤᠢ ᠦᠬᠦᠯ ᠦᠨ ᠰᠡᠭᠦᠳᠡᠷᠲᠦ ᠭᠠᠵᠠᠷ ᠲᠤ ᠣᠴᠢᠬᠤ ᠶᠢᠨ ᠢᠶᠠᠨ ᠡᠮᠦᠨ᠎ᠡ ᠠᠮᠠᠷᠠᠬᠤ ᠰᠠᠨ᠂
22 ᠲᠦᠨᠡᠷ ᠬᠠᠷᠠᠩ᠋ᠭᠤᠢ ᠭᠠᠵᠠᠷ᠂ ᠦᠬᠦᠯ ᠦᠨ ᠰᠡᠭᠦᠳᠡᠷ ᠲᠡᠢ᠂ ᠡᠮᠬᠢ ᠴᠡᠭᠴᠡ ᠦᠭᠡᠢ ᠭᠠᠵᠠᠷ ᠲᠡᠨᠳᠡᠬᠢ ᠭᠡᠷᠡᠯ ᠨᠢ ᠴᠤ ᠬᠠᠷᠠᠩ᠋ᠭᠤᠢ ᠮᠡᠲᠦ》 ᠭᠡᠪᠡ᠃