ᠶᠣᠪ ᠠᠷᠪᠠᠨ ᠭᠤᠷᠪᠠ
1 ᠬᠠᠷ᠎ᠠ᠂ ᠨᠢᠳᠦ ᠮᠢᠨᠢ ᠡᠨᠡ ᠪᠦᠬᠦᠨ ᠢ ᠬᠠᠷᠠᠭᠰᠠᠨ ᠴᠢᠬᠢ ᠮᠢᠨᠢ ᠰᠣᠨᠣᠰᠴᠤ ᠣᠢᠯᠠᠭᠠᠭᠰᠠᠨ᠂
2 ᠲᠠ ᠨᠠᠷ ᠤᠨ ᠮᠡᠳᠡᠳᠡᠭ ᠢ ᠪᠢ ᠪᠠᠰᠠ ᠮᠡᠳᠡᠨ᠎ᠡ ᠲᠠ ᠨᠠᠷ ᠠᠴᠠ ᠳᠤᠲᠠᠬᠤ ᠶᠠᠭᠤᠮ᠎ᠠ ᠨᠠᠳᠠ ᠳᠤ ᠦᠭᠡᠢ᠃
3 ᠬᠠᠷᠢᠨ ᠪᠢ ᠲᠡᠭᠦᠰ ᠬᠦᠴᠦᠲᠡᠨ ᠲᠡᠢ ᠶᠠᠷᠢᠯᠴᠠᠭᠰᠠᠨ ᠴᠤ ᠪᠣᠯᠣᠭᠠᠰᠠᠢ ᠤᠴᠢᠷ ᠢ ᠪᠤᠷᠬᠠᠨ ᠢᠶᠠᠷ ᠲᠠᠢᠯᠪᠤᠷᠢᠯᠠᠭᠤᠯᠬᠤ ᠶᠢ ᠬᠦᠰᠡᠨ᠎ᠡ᠂
4 ᠬᠠᠷᠢᠨ ᠲᠠ ᠨᠠᠷ ᠪᠣᠯ ᠬᠤᠳᠠᠯ ᠢ ᠵᠣᠬᠢᠶᠠᠭᠴᠢ ᠪᠦᠭᠦᠳᠡᠭᠡᠷ ᠢᠶᠡᠨ ᠲᠤᠰᠠ ᠦᠭᠡᠢ ᠡᠮᠴᠢ ᠶᠤᠮ᠂
5 ᠲᠠ ᠨᠠᠷ ᠠᠮᠠ ᠪᠠᠨ ᠬᠠᠮᠬᠢᠨ ᠳᠠᠭᠤ ᠦᠭᠡᠢ ᠪᠠᠢᠭᠰᠠᠨ ᠴᠤ ᠪᠣᠯᠣᠭᠠᠰᠠᠢ᠂ ᠲᠡᠭᠡᠬᠦ ᠨᠢ ᠲᠠ ᠨᠠᠷ ᠤᠨ ᠮᠡᠷᠭᠡᠨ ᠤᠬᠠᠭᠠᠨ᠂
6 ᠣᠳᠣ ᠥᠪᠡᠷ ᠢ ᠪᠠᠨ ᠥᠮᠥᠭᠯᠡᠬᠦ ᠶᠢ ᠮᠢᠨᠢ ᠰᠣᠨᠣᠰᠣᠭᠠᠴᠢ ᠣᠷᠣᠭᠤᠯ ᠤᠨ ᠮᠢᠨᠢ ᠲᠠᠢᠯᠪᠤᠷᠢ ᠶᠢ ᠴᠢᠩᠨᠠᠭᠠᠴᠢ᠂
7 ᠲᠠ ᠨᠠᠷ ᠪᠤᠷᠬᠠᠨ ᠤ ᠲᠥᠯᠥᠭᠡ ᠭᠡᠳ ᠰᠢᠳᠤᠷᠭᠤ ᠪᠤᠰᠤ ᠶᠢ᠂ ᠲᠡᠭᠦᠨ ᠦ ᠲᠥᠯᠥᠭᠡ ᠭᠡᠳ ᠬᠠᠭᠤᠷᠮᠠᠭ ᠢ ᠶᠠᠷᠢᠬᠤ ᠭᠡᠵᠦ ᠪᠠᠢᠨ᠎ᠠ ᠤᠤ︖
8 ᠪᠤᠷᠬᠠᠨ ᠳᠤ ᠲᠠ ᠨᠠᠷ ᠲᠠᠯ᠎ᠠ ᠵᠠᠰᠠᠬᠤ ᠤᠤ︖ ᠲᠡᠭᠦᠨ ᠦ ᠲᠥᠯᠥᠭᠡ ᠮᠠᠷᠭᠤᠯᠳᠤᠬᠤ ᠤᠤ︖
9 ᠪᠤᠷᠬᠠᠨ ᠲᠠ ᠨᠠᠷ ᠢ ᠰᠢᠯᠭᠠᠪᠠᠯ ᠲᠠ ᠨᠠᠷ ᠲᠤ ᠲᠠᠭᠠᠲᠠᠢ ᠤᠤ︖ ᠬᠥᠮᠦᠨ ᠬᠥᠮᠦᠨ ᠢ ᠬᠠᠭᠤᠷᠲᠠᠭ ᠰᠢᠭ᠋ ᠢᠶᠠᠨ ᠲᠡᠭᠦᠨ ᠢ ᠬᠠᠭᠤᠷᠤᠨ᠎ᠠ ᠭᠡᠵᠢ ᠤᠤ︖
10 ᠨᠢᠭᠤᠴᠠ ᠪᠠᠷ ᠲᠠᠯ᠎ᠠ ᠵᠠᠰᠠᠬᠤ ᠭᠡᠰᠡᠨ ᠴᠤ ᠪᠤᠷᠬᠠᠨ ᠲᠠ ᠨᠠᠷ ᠢ ᠭᠠᠷᠴᠠᠭ᠎ᠠ ᠦᠭᠡᠢ ᠵᠢᠮᠡᠯᠡᠨ᠎ᠡ᠂
11 ᠲᠡᠭᠦᠨ ᠦ ᠰᠦᠷ ᠬᠦᠴᠦ ᠲᠠ ᠨᠠᠷ ᠢ ᠠᠶᠤᠯᠭᠠᠵᠤ ᠲᠠ ᠨᠠᠷ ᠠᠢᠳᠠᠰ ᠲᠤ ᠠᠪᠲᠠᠬᠤ ᠦᠭᠡᠢ ᠭᠡᠵᠢ ᠤᠤ︖
12 ᠤᠷᠠᠨ ᠦᠭᠡ ᠴᠢᠨᠢ ᠦᠨᠡᠰᠦ ᠠᠳᠠᠯᠢ ᠵᠦᠢᠷ ᠦᠭᠡ ᠥᠮᠥᠭᠯᠡᠯ ᠴᠢᠨᠢ ᠰᠢᠪᠠᠷ ᠮᠡᠲᠦ ᠥᠮᠥᠭᠯᠡᠯ ᠶᠤᠮ᠃
13 ᠲᠠ ᠨᠠᠷ ᠳᠠᠭᠤ ᠦᠭᠡᠢ ᠪᠠᠢ᠂ ᠪᠢ ᠶᠠᠷᠢᠶ᠎ᠠ᠂ ᠨᠠᠳᠠ ᠳᠤ ᠶᠠᠭᠤ ᠲᠣᠬᠢᠶᠠᠯᠳᠤᠪᠠᠯ ᠲᠣᠬᠢᠶᠠᠯᠳᠤᠭ᠂
14 ᠥᠪᠡᠷ ᠦᠨ ᠢᠶᠠᠨ ᠮᠢᠬ᠎ᠠ ᠶᠢ ᠪᠢ ᠰᠢᠳᠦ ᠪᠡᠷ ᠢᠶᠠᠨ ᠵᠠᠭᠤᠬᠤ ᠶᠢᠨ ᠬᠡᠷᠡᠭ ᠶᠠᠭᠤᠨ︖ ᠥᠪᠡᠷ ᠦᠨ ᠠᠮᠢ ᠶᠢ ᠪᠢ ᠭᠠᠷ ᠲᠠᠭᠠᠨ ᠠᠳᠬᠤᠬᠤ ᠶᠢᠨ ᠬᠡᠷᠡᠭ ᠶᠠᠭᠤᠨ︖
15 ᠬᠠᠷ᠎ᠠ᠂ ᠲᠡᠷᠡ ᠨᠠᠮᠠᠶᠢ ᠠᠯᠠᠭᠰᠠᠨ ᠴᠤ ᠪᠢ ᠲᠡᠭᠦᠨ ᠳᠦ ᠨᠠᠢᠳᠠᠨ᠎ᠠ᠂ ᠬᠠᠷᠢᠨ ᠪᠢ ᠲᠡᠭᠦᠨ ᠦ ᠡᠮᠦᠨ᠎ᠡ ᠵᠠᠪᠠᠯ ᠵᠠᠮ ᠮᠥᠷ ᠢᠶᠡᠨ ᠥᠮᠥᠭᠯᠡᠬᠦ ᠤᠴᠢᠷ ᠲᠠᠢ᠂
16 ᠡᠨᠡ ᠨᠢ ᠮᠢᠨᠦ ᠠᠪᠤᠷᠠᠯ ᠪᠣᠯᠣᠨ᠎ᠠ᠂ ᠪᠤᠷᠬᠠᠨ ᠦᠭᠡᠢ ᠬᠥᠮᠦᠨ ᠲᠡᠭᠦᠨ ᠦ ᠣᠷᠣᠰᠢᠬᠤᠢ ᠳᠤ ᠣᠴᠢᠬᠤ ᠦᠭᠡᠢ᠂
17 ᠦᠭᠡ ᠶᠢ ᠮᠢᠨᠢ ᠠᠩ᠋ᠬᠠᠷᠤᠯ ᠲᠠᠢ ᠰᠣᠨᠣᠰᠴᠠᠭ᠎ᠠ᠂ ᠶᠠᠷᠢᠶ᠎ᠠ ᠮᠢᠨᠢ ᠲᠠ ᠨᠠᠷ ᠤᠨ ᠴᠢᠬᠢᠨ ᠳᠤ ᠬᠦᠷᠬᠦ ᠪᠣᠯᠲᠤᠭᠠᠢ᠂
18 ᠬᠠᠷ᠎ᠠ᠂ ᠪᠢ ᠰᠢᠭᠦᠯᠲᠡ ᠳᠦ ᠣᠷᠣᠬᠤ ᠳᠤ ᠪᠡᠯᠡᠨ ᠪᠠᠢᠨ᠎ᠠ ᠪᠢ ᠵᠥᠪᠲᠥᠭᠡᠭᠳᠡᠨᠡ ᠭᠡᠳᠡᠭ ᠢᠶᠡᠨ ᠮᠡᠳᠡᠨ᠎ᠡ᠂
19 ᠬᠡᠨ ᠨᠢᠭᠡᠨ ᠨᠢ ᠭᠡᠮ ᠢ ᠮᠢᠨᠢ ᠭᠡᠷᠡᠴᠢᠯᠡᠵᠦ ᠴᠢᠳᠠᠬᠤ ᠤᠤ︖ ᠲᠡᠭᠡᠪᠡᠯ ᠪᠢ ᠳᠠᠭᠤ ᠦᠭᠡᠢ ᠦᠬᠦᠶ᠎ᠡ᠃
20 ᠵᠥᠪᠬᠡᠨ ᠬᠣᠶᠠᠷ ᠵᠦᠢᠯ ᠢ ᠯᠠ ᠨᠠᠳᠠ ᠳᠤ ᠪᠦᠦ ᠬᠢ᠂ ᠪᠤᠷᠬᠠᠨ ᠮᠢᠨᠢ᠄ (ᠲᠡᠭᠡᠪᠡᠯ ᠪᠢ ᠲᠠᠨ ᠤ ᠨᠢᠭᠤᠷ ᠠᠴᠠ ᠨᠢᠭᠤᠭᠳᠠᠬᠤ ᠦᠭᠡᠢ᠂)
21 ᠨᠠᠳᠠ ᠠᠴᠠ ᠨᠢᠳᠤᠷᠭ᠎ᠠ ᠪᠠᠨ ᠬᠣᠯᠠᠳᠠᠭᠤᠯᠵᠤ ᠠᠶᠤᠮᠰᠢᠭ ᠢᠶᠠᠷ ᠢᠶᠠᠨ ᠨᠠᠮᠠᠶᠢ ᠪᠦᠦ ᠠᠶᠤᠯᠭᠠᠭᠠᠴᠢ᠂
22 ᠲᠡᠭᠡᠭᠡᠳ ᠨᠠᠮᠠᠶᠢ ᠳᠠᠭᠤᠳᠠᠭᠠᠴᠢ᠂ ᠪᠢ ᠬᠠᠷᠢᠭᠤᠯᠤᠨ᠎ᠠ ᠡᠰᠡᠪᠡᠯ ᠨᠠᠮᠠᠶᠢ ᠶᠠᠷᠢᠭᠤᠯᠵᠤ᠂ ᠳᠠᠷᠠᠭ᠎ᠠ ᠨᠢ ᠬᠠᠷᠢᠭᠤᠯᠤᠭᠠᠴᠢ᠂
23 ᠮᠢᠨᠦ ᠭᠡᠮ ᠨᠢᠭᠦᠯ ᠬᠡᠳᠦᠢ ᠪᠠᠢᠬᠤ ᠪᠤᠢ︖ ᠨᠢᠭᠦᠯ ᠬᠢᠯᠢᠨᠴᠡ ᠶᠢ ᠮᠢᠨᠢ ᠨᠠᠳᠠ ᠳᠤ ᠮᠡᠳᠡᠭᠦᠯᠦᠭᠡᠴᠢ᠃
24 ᠲᠠ ᠶᠠᠭᠤᠨ ᠳᠤ ᠨᠢᠭᠤᠷ ᠢᠶᠠᠨ ᠨᠢᠭᠤᠵᠤ ᠨᠠᠮᠠᠶᠢ ᠳᠠᠢᠰᠤᠨ ᠢᠶᠠᠨ ᠭᠡᠵᠦ ᠦᠵᠡᠨ᠎ᠡ ᠪᠤᠢ︖
25 ᠬᠡᠶᠢᠰᠴᠦ ᠪᠤᠢ ᠨᠠᠪᠴᠢ ᠶᠢ ᠲᠠ ᠠᠶᠤᠯᠭᠠᠬᠤ ᠤᠤ︖ ᠬᠠᠲᠠᠭᠰᠠᠨ ᠰᠦᠷᠡᠯ ᠢ ᠲᠠ ᠨᠡᠬᠡᠮᠵᠢᠯᠡᠬᠦ ᠤᠤ︖
26 ᠲᠠ ᠨᠠᠮᠠᠶᠢ ᠵᠣᠪᠠᠭᠠᠬᠤ ᠵᠦᠢᠯᠡᠰ ᠢ ᠪᠢᠴᠢᠭᠡᠳ ᠵᠠᠯᠠᠭᠤ ᠦᠶ᠎ᠡ ᠶᠢᠨ ᠮᠢᠨᠢ ᠭᠡᠮ ᠪᠤᠷᠤᠭᠤ ᠶᠢ ᠴᠤ ᠥᠪᠯᠡᠭᠦᠯᠬᠦ ᠭᠡᠵᠦ ᠪᠠᠢᠨ᠎ᠠ᠂
27 ᠲᠠ ᠬᠥᠯ ᠢ ᠮᠢᠨᠢ ᠳᠥᠩᠭᠡᠯᠡᠵᠦ ᠬᠥᠯ ᠦᠨ ᠮᠢᠨᠢ ᠠᠯᠬᠤᠮ ᠢ ᠬᠢᠵᠠᠭᠠᠷᠯᠠᠵᠤ ᠵᠠᠮ ᠪᠦᠷᠢ ᠶᠢ ᠮᠢᠨᠢ ᠬᠢᠨᠠᠵᠤ ᠪᠠᠢᠳᠠᠭ᠂
28 ᠡᠨᠡ ᠬᠥᠮᠦᠨ ᠢᠯᠵᠢᠷᠡᠭᠰᠡᠨ ᠶᠠᠭᠤᠮ᠎ᠠ ᠮᠡᠲᠦ ᠬᠦᠷᠢᠳ ᠬᠣᠷᠣᠬᠠᠢ ᠳᠤ ᠢᠳᠡᠭᠦᠯᠦᠭᠰᠡᠨ ᠬᠤᠪᠴᠠᠰᠤ ᠮᠡᠲᠦ ᠡᠯᠡᠭᠳᠡᠵᠦ ᠪᠠᠢᠨ᠎ᠠ᠃