1 2 3 4 5 6 7 8 9 10 11 12 13 14 15 16 17 18 19 20 21 22 23 24 25 26 27 28 29 30 31 32 33 34 35 36 37 38 39 40 41 42


ᠶᠣᠪ ᠬᠣᠷᠢᠨ ᠨᠢᠭᠡ
 ᠶᠣᠪ ᠤᠨ ᠬᠠᠷᠢᠭᠤ

1 ᠶᠣᠪ ᠬᠠᠷᠢᠭᠤᠯᠤᠨ᠄
2 《ᠦᠭᠡ ᠶᠢ ᠮᠢᠨᠢ ᠠᠩ᠋ᠬᠠᠷᠤᠯ ᠲᠠᠢ ᠰᠣᠨᠣᠰ ᠲᠡᠷᠡ ᠨᠢ ᠲᠠ ᠨᠠᠷ ᠲᠤ ᠲᠠᠢᠪᠤᠰᠢᠷᠠᠭᠤᠯᠤᠯ ᠪᠣᠯᠣᠨ᠎ᠠ᠃
3 ᠶᠠᠷᠢᠵᠤ ᠪᠠᠢᠬᠤ ᠳᠤ ᠮᠢᠨᠢ ᠲᠡᠪᠴᠢᠶᠡᠷᠢ ᠲᠠᠢ ᠪᠠᠷ ᠶᠠᠷᠢᠵᠤ ᠳᠠᠭᠤᠰᠬᠤ ᠳᠤ ᠮᠢᠨᠢ ᠨᠠᠮᠠᠶᠢ ᠲᠣᠬᠣᠭᠤᠷᠬᠠᠵᠤ ᠪᠣᠯᠣᠨ᠎ᠠ᠂
4 ᠬᠠᠷᠢᠨ ᠪᠢ ᠬᠥᠮᠦᠨ ᠳᠦ ᠯᠠ ᠭᠣᠮᠣᠳᠠᠯ ᠲᠣᠭᠠᠴᠢᠵᠤ ᠪᠠᠢᠨ᠎ᠠ ᠭᠡᠵᠢ ᠤᠤ︖ ᠬᠡᠷᠬᠢᠨ ᠪᠢ ᠪᠠᠴᠢᠮᠳᠠᠬᠤ ᠦᠭᠡᠢ ᠪᠠᠢᠵᠤ ᠴᠢᠳᠠᠬᠤ ᠪᠢᠯᠡ︖
5 ᠨᠠᠳᠠ ᠤᠷᠤᠭᠤ ᠬᠠᠷᠠ᠂ ᠲᠠ ᠨᠠᠷ ᠠᠯᠮᠠᠢᠷᠠᠵᠤ᠂ ᠭᠠᠷ ᠢᠶᠠᠷ ᠢᠶᠠᠨ ᠠᠮᠠ ᠪᠠᠨ ᠲᠠᠭᠯᠠᠬᠤ ᠪᠠᠢᠬ᠎ᠠ᠂
6 ᠡᠭᠦᠨ ᠢ ᠪᠣᠳᠣᠬᠤ ᠳᠤ᠂ ᠳᠣᠲᠣᠷ᠎ᠠ ᠤᠢᠮᠤᠷᠠᠵᠤ᠂ ᠪᠡᠶ᠎ᠡ ᠮᠢᠨᠢ ᠴᠡᠴᠡᠷᠡᠵᠦ ᠪᠠᠢᠨ᠎ᠠ᠂
7 ᠶᠠᠭᠠᠬᠢᠭᠠᠳ ᠪᠤᠷᠤᠭᠤᠲᠠᠳ ᠠᠮᠢᠳᠤ ᠦᠯᠡᠳᠡᠵᠦ ᠥᠨᠳᠥᠷ ᠨᠠᠰᠤᠯᠠᠨ ᠡᠷᠬᠡ ᠮᠡᠳᠡᠯ ᠨᠢ ᠥᠰᠥᠭᠰᠡᠭᠡᠷ ᠪᠠᠢᠨ᠎ᠠ ᠪᠤᠢ︖
8 ᠦᠷ᠎ᠡ ᠬᠡᠦᠬᠡᠳ ᠤᠳ ᠨᠢ ᠲᠡᠳᠡᠨ ᠦ ᠡᠮᠦᠨ᠎ᠡ ᠦᠷ᠎ᠡ ᠤᠳᠤᠮ ᠨᠢ ᠲᠡᠳᠡᠨ ᠦ ᠨᠢᠳᠦᠨ ᠳᠡᠭᠡᠷ᠎ᠡ ᠪᠡᠬᠢᠵᠢᠭᠰᠡᠭᠡᠷ
9 ᠠᠢᠯ ᠭᠡᠷ ᠨᠢ ᠠᠶᠤᠯ ᠦᠭᠡᠢ ᠠᠮᠤᠷ ᠪᠠᠢᠵᠤ ᠪᠤᠷᠬᠠᠨ ᠤ ᠲᠠᠰᠢᠭᠤᠷ ᠲᠡᠳᠡᠨ ᠦ ᠳᠡᠭᠡᠷ᠎ᠡ ᠠᠯᠠᠭ᠎ᠠ᠂
10 ᠪᠤᠬ᠎ᠠ ᠨᠢ ᠠᠯᠳᠠᠯ ᠦᠭᠡᠢ ᠬᠡᠭᠡᠯᠲᠦᠭᠦᠯᠳᠡᠭ ᠦᠨᠢᠶ᠎ᠡ ᠨᠢ ᠬᠡᠭᠡᠯ ᠬᠠᠶᠠᠬᠤ ᠦᠭᠡᠢ ᠲᠥᠯᠯᠡᠭᠰᠡᠭᠡᠷ ᠪᠠᠢᠨ᠎ᠠ᠂
11 ᠲᠡᠳᠡ ᠬᠡᠦᠬᠡᠳ ᠤᠳ ᠢᠶᠠᠨ ᠬᠣᠨᠢᠨ ᠰᠦᠷᠦᠭ ᠮᠡᠲᠦ ᠭᠠᠷᠭᠠᠵᠤ ᠪᠠᠭᠠᠴᠤᠳ ᠨᠢ ᠳᠡᠪᠬᠡᠷᠦᠨ ᠪᠥᠵᠢᠭᠯᠡᠳᠡᠭ᠂
12 ᠲᠡᠳᠡ ᠰᠢᠭᠰᠢᠭᠦᠷ ᠪᠤᠶᠤ ᠶᠠᠲᠤᠭᠠᠨ ᠤ ᠠᠶ᠎ᠠ ᠲᠠᠢ ᠳᠠᠭᠤᠯᠠᠵᠤ ᠯᠢᠩᠪᠦ ᠶᠢᠨ ᠡᠭᠡᠰᠢᠭ ᠳᠤ ᠪᠠᠶᠠᠷᠯᠠᠳᠠᠭ᠂
13 ᠲᠡᠳᠡ ᠡᠳᠦᠷ ᠬᠣᠨᠣᠭ ᠢᠶᠠᠨ ᠠᠵᠠ ᠵᠢᠷᠭᠠᠯ ᠲᠠᠢ ᠥᠩᠭᠡᠷᠡᠭᠦᠯᠵᠦ ᠴᠠᠭ ᠨᠢ ᠪᠣᠯᠬᠤ ᠳᠤ ᠬᠣᠷᠣᠮᠬᠠᠨ ᠵᠠᠭᠤᠷ᠎ᠠ ᠦᠬᠦᠭᠰᠡᠳ ᠦᠨ ᠣᠷᠣᠨ ᠤᠷᠤᠭᠤ ᠪᠠᠭᠤᠳᠠᠭ᠂
14 ᠬᠠᠷᠢᠨ ᠲᠡᠳᠡ ᠪᠤᠷᠬᠠᠨ ᠳᠤ᠄ 〈ᠪᠢᠳᠡᠨ ᠡᠴᠡ ᠵᠠᠢᠯᠠ︕ ᠲᠠᠨ ᠤ ᠵᠠᠮ ᠢ ᠪᠢᠳᠡ ᠰᠣᠨᠢᠷᠬᠠᠳᠠᠭ ᠦᠭᠡᠢ᠂
15 ᠲᠡᠭᠦᠰ ᠬᠦᠴᠦᠲᠡᠨ ᠭᠡᠵᠦ ᠬᠡᠨ ᠪᠣᠯᠣᠭᠠᠳ ᠪᠢᠳᠡ ᠲᠡᠭᠦᠨ ᠳᠦ ᠦᠢᠯᠡᠴᠢᠯᠡᠬᠦ ᠶᠣᠰᠣᠲᠠᠢ ᠪᠢᠯᠡ︖ ᠲᠡᠭᠦᠨ ᠡᠴᠡ ᠭᠤᠶᠤᠭᠰᠠᠨ ᠴᠤ ᠪᠢᠳᠡᠨ ᠳᠦ ᠶᠠᠮᠠᠷ ᠠᠰᠢᠭ ᠪᠠᠢᠬᠤ ᠪᠢᠯᠡ︖〉 ᠭᠡᠵᠡᠭᠡᠳᠡᠭ᠂
16 ᠬᠠᠷᠠ᠂ ᠲᠡᠳᠡᠨ ᠦ ᠠᠵᠠ ᠵᠢᠷᠭᠠᠯ ᠥᠪᠡᠷᠰᠡᠳ ᠦᠨ ᠬᠢᠨᠢ ᠭᠠᠷ ᠲᠤ ᠪᠠᠢᠬᠤ ᠪᠢᠰᠢ ᠪᠤᠷᠤᠭᠤᠲᠠᠨ ᠤ ᠪᠣᠳᠣᠯ ᠨᠠᠳᠠ ᠠᠴᠠ ᠬᠣᠯᠠ ᠪᠠᠢᠳᠠᠭ᠃

17 ᠬᠠᠷᠢᠨ ᠪᠤᠷᠤᠭᠤᠲᠠᠳ ᠤᠨ ᠳ᠋ᠧᠩ ᠬᠡᠳᠦ ᠤᠳᠠᠭ᠎ᠠ ᠤᠨᠲᠠᠷᠠᠳᠠᠭ ᠪᠤᠢ︖ ᠭᠠᠢ ᠵᠣᠪᠠᠯᠠᠩ ᠲᠡᠳᠡᠨ ᠦ ᠳᠡᠭᠡᠷ᠎ᠡ ᠬᠡᠳᠦ ᠤᠳᠠᠭ᠎ᠠ ᠪᠠᠭᠤᠳᠠᠭ ᠪᠤᠢ︖ ᠪᠤᠷᠬᠠᠨ ᠠᠭᠤᠷ ᠢᠶᠠᠷ ᠢᠶᠠᠨ ᠲᠡᠳᠡᠨ ᠳᠦ ᠬᠡᠳᠦ ᠤᠳᠠᠭ᠎ᠠ ᠵᠣᠪᠠᠯᠠᠩ ᠤᠨᠤᠭᠠᠳᠠᠭ ᠪᠤᠢ︖
18 ᠲᠡᠳᠡ ᠬᠡᠳᠦ ᠤᠳᠠᠭ᠎ᠠ ᠰᠠᠯᠬᠢᠨ ᠳᠤ ᠬᠡᠶᠢᠰᠬᠦ ᠰᠦᠷᠡᠯ᠂ ᠰᠢᠭᠤᠷᠭᠠᠨ ᠳᠤ ᠳᠡᠭᠳᠡᠬᠦ ᠬᠡᠪᠡᠭ ᠮᠡᠲᠦ ᠪᠣᠯᠳᠠᠭ ᠪᠤᠢ︖
19 ᠲᠠ ᠨᠠᠷ 〈ᠪᠤᠷᠬᠠᠨ ᠬᠥᠮᠦᠨ ᠪᠣᠯᠭᠠᠨ ᠤ ᠶᠠᠯ᠎ᠠ ᠶᠢ ᠬᠤᠷᠢᠶᠠᠭᠠᠳ ᠬᠡᠦᠬᠡᠳ ᠤᠳ ᠲᠤᠨᠢ ᠤᠨᠤᠭᠠᠳᠠᠭ〉 ᠭᠡᠳᠡᠭ᠂ ᠦᠨᠡᠨ ᠳᠡᠭᠡᠨ ᠪᠤᠷᠬᠠᠨ ᠶᠠᠯ᠎ᠠ ᠶᠢ ᠥᠪᠡᠷ ᠲᠤᠨᠢ ᠲᠤᠯᠭᠠᠬᠤ ᠪᠣᠯᠣᠨ᠎ᠠ᠂ ᠡᠢᠨ ᠬᠦ ᠲᠡᠭᠦᠨ ᠳᠦ ᠥᠪᠡᠷ ᠦᠨ ᠬᠢᠨᠢ ᠪᠤᠷᠤᠭᠤ ᠶᠢ ᠣᠢᠯᠠᠭᠠᠭᠤᠯᠵᠤ
20 ᠥᠪᠡᠷ ᠦᠨ ᠬᠢᠨᠢ ᠰᠦᠢᠷᠡᠯ ᠢ ᠨᠢᠳᠦ ᠪᠡᠷ ᠨᠢ ᠬᠠᠷᠠᠭᠤᠯᠵᠤ ᠲᠡᠭᠦᠰ ᠬᠦᠴᠦᠲᠡᠨ ᠦ ᠠᠭᠤᠷ ᠬᠢᠯᠢᠩ ᠢ ᠤᠤᠭᠤᠯᠭᠠᠨ᠎ᠠ᠂
21 ᠰᠠᠷ᠎ᠠ ᠨᠤᠭᠤᠳ ᠤᠨ ᠬᠢᠨᠢ ᠲᠣᠭ᠎ᠠ ᠭᠦᠢᠴᠡᠴᠢᠬᠡᠪᠡᠯ ᠭᠡᠷ ᠣᠷᠣᠨ ᠤ ᠪᠠᠨ ᠲᠠᠯ᠎ᠠ ᠪᠠᠷ ᠬᠡᠳᠦ ᠤᠳᠠᠭ᠎ᠠ ᠰᠣᠨᠢᠷᠬᠠᠵᠤ ᠴᠢᠳᠠᠬᠤ ᠪᠤᠢ︖
22 ᠬᠡᠨ ᠪᠤᠷᠬᠠᠨ ᠳᠤ ᠡᠳᠡᠭᠡᠷ ᠢ ᠮᠡᠳᠡᠭᠦᠯᠬᠦ ᠪᠡᠷ ᠵᠢᠭᠠᠵᠤ ᠴᠢᠳᠠᠬᠤ ᠪᠢᠯᠡ︖ ᠲᠡᠷᠡ ᠪᠡᠷ ᠥᠨᠳᠥᠷ ᠲᠦ ᠪᠠᠢᠭᠰᠠᠳ ᠢ ᠴᠤ ᠰᠢᠭᠦᠨ ᠰᠢᠳᠬᠡᠬᠦ ᠪᠣᠯᠣᠨ᠎ᠠ᠂
23 ᠵᠠᠷᠢᠮ ᠨᠢ ᠨᠠᠰᠤ ᠪᠠᠷᠠᠲᠠᠯ᠎ᠠ ᠪᠠᠨ ᠬᠦᠴᠦ ᠲᠡᠩᠬᠡᠭᠡ ᠲᠡᠭᠦᠰ᠂ ᠠᠮᠤᠷ ᠲᠠᠢᠪᠤᠩ ᠪᠥᠭᠡᠳ
24 ᠮᠢᠬ᠎ᠠ ᠨᠢ ᠥᠭᠡᠬᠦ ᠲᠠᠢ ᠶᠠᠰᠤ ᠨᠢ ᠴᠢᠮᠥᠭᠡ ᠲᠠᠢ ᠪᠠᠢᠬᠤ ᠳᠤ᠂
25 ᠵᠠᠷᠢᠮ ᠨᠢ ᠨᠠᠰᠤ ᠪᠠᠷᠠᠲᠠᠯ᠎ᠠ ᠪᠠᠨ ᠰᠠᠢᠨ ᠰᠠᠢᠬᠠᠨ ᠢ ᠠᠮᠰᠠᠯ ᠦᠭᠡᠢ ᠵᠣᠪᠠᠯᠠᠩ ᠲᠠᠢ ᠪᠠᠢᠳᠠᠭ᠂
26 ᠭᠡᠪᠡᠴᠦ ᠲᠡᠳᠡ ᠬᠣᠶᠠᠭᠤᠯᠠ ᠪᠠᠨ ᠰᠢᠷᠣᠢ ᠳᠤ ᠬᠡᠪᠲᠡᠵᠦ ᠥᠲᠥᠨ ᠳᠤ ᠬᠤᠴᠢᠭᠳᠠᠬᠤ ᠪᠣᠯᠣᠨ᠎ᠠ᠃

27 ᠬᠠᠷᠠ᠂ ᠨᠠᠮᠠᠶᠢ ᠪᠤᠷᠤᠭᠤᠳᠬᠠᠬᠤ ᠪᠠᠷ ᠪᠤᠢ ᠲᠠ ᠨᠠᠷ ᠤᠨ ᠪᠣᠳᠣᠯ᠂ ᠳᠠᠯᠳᠠ ᠰᠠᠨᠠᠭ᠎ᠠ ᠶᠢ ᠪᠢ ᠮᠡᠳᠡᠳᠡᠭ᠂
28 ᠲᠠ ᠨᠠᠷ᠄ 〈ᠨᠥᠭᠥᠭᠡ ᠡᠷᠬᠡ ᠪᠠᠷᠢᠭᠴᠢ ᠶᠢᠨ ᠭᠡᠷ ᠬᠠᠮᠢᠭ᠎ᠠ ᠪᠠᠢᠨ᠎ᠠ︖ ᠪᠤᠷᠤᠭᠤᠲᠠᠳ ᠤᠨ ᠰᠠᠭᠤᠭᠰᠠᠨ ᠭᠠᠵᠠᠷ ᠬᠠᠮᠢᠭ᠎ᠠ ᠪᠠᠢᠨ᠎ᠠ︖〉 ᠭᠡᠨ᠎ᠡ᠂
29 ᠲᠠ ᠨᠠᠷ ᠵᠠᠮ ᠤᠨ ᠬᠥᠮᠦᠨ ᠡᠴᠡ ᠠᠰᠠᠭᠤᠳᠠᠭ ᠦᠭᠡᠢ ᠤᠤ︖ ᠭᠡᠷᠡᠴᠢᠯᠡᠯ ᠢ ᠨᠢ ᠬᠦᠯᠢᠶᠡᠨ ᠠᠪᠬᠤ ᠦᠭᠡᠢ ᠤᠤ︖
30 ᠲᠡᠳᠡ 〈ᠬᠣᠷᠣᠨ ᠮᠠᠭᠤ ᠬᠥᠮᠦᠨ ᠭᠠᠮᠰᠢᠭ ᠤᠨ ᠡᠳᠦᠷ ᠲᠦ ᠬᠡᠯᠲᠦᠷᠢᠬᠦ ᠨᠢ ᠪᠤᠢ ᠬᠢᠯᠢᠩ ᠤᠨ ᠡᠳᠦᠷ ᠲᠦ ᠭᠡᠲᠦᠯᠭᠡᠭᠳᠡᠬᠦ ᠨᠢ ᠪᠤᠢ〉 ᠭᠡᠵᠦ ᠬᠡᠯᠡᠨ᠎ᠡ᠂
31 ᠬᠡᠨ ᠲᠡᠳᠡᠨ ᠦ ᠦᠢᠯᠡᠰ ᠢ ᠨᠢᠭᠤᠷ ᠳᠡᠭᠡᠷ᠎ᠡ ᠨᠢ ᠬᠡᠯᠡᠬᠦ ᠪᠢᠯᠡ︖ ᠬᠡᠨ ᠦᠢᠯᠡᠳᠦᠭᠰᠡᠨ ᠵᠦᠢᠯ ᠤᠨ ᠬᠢᠨᠢ ᠲᠥᠯᠥᠭᠡ ᠲᠡᠳᠡᠨ ᠳᠦ ᠬᠠᠷᠢᠭᠤᠯᠬᠤ ᠪᠢᠯᠡ︖
32 ᠲᠡᠷᠡ ᠪᠡᠷ ᠪᠤᠯᠠᠰᠢᠨ ᠳᠤ ᠠᠪᠠᠴᠢᠭᠳᠠᠬᠤ ᠳᠤ ᠬᠠᠷᠠᠭᠤᠯ ᠪᠤᠯᠠᠰᠢ ᠶᠢ ᠨᠢ ᠮᠠᠨᠠᠬᠤ ᠪᠣᠯᠣᠨ᠎ᠠ᠂
33 ᠬᠥᠮᠦᠨ ᠪᠦᠷᠢ ᠲᠡᠭᠦᠨ ᠦ ᠠᠷᠤ ᠠᠴᠠ ᠳᠠᠭᠠᠨ᠎ᠠ ᠲᠣᠭᠠᠯᠠᠰᠢ ᠦᠭᠡᠢ ᠣᠯᠠᠨ ᠨᠢ ᠲᠡᠭᠦᠨ ᠦ ᠡᠮᠦᠨ᠎ᠡ ᠶᠠᠪᠤᠨ᠎ᠠ ᠬᠥᠨᠳᠡᠢ ᠶᠢᠨ ᠰᠢᠪᠠᠷ ᠴᠤ ᠲᠡᠭᠦᠨ ᠳᠦ ᠵᠥᠭᠡᠯᠡᠨ ᠪᠠᠢᠬᠤ ᠪᠣᠯᠣᠨ᠎ᠠ᠃
34 ᠡᠢᠮᠦ ᠪᠠᠢᠬᠤ ᠳᠤ ᠲᠠ ᠨᠠᠷ ᠲᠡᠳᠡᠭᠡᠷ ᠬᠣᠭᠣᠰᠣᠨ ᠦᠭᠡ ᠪᠡᠷ ᠢᠶᠠᠨ ᠨᠠᠮᠠᠶᠢ ᠲᠠᠢᠳᠬᠤᠷᠠᠭᠤᠯᠬᠤ ᠭᠡᠬᠦ ᠨᠢ ᠤᠤ︖ ᠬᠠᠷᠢᠭᠤᠯᠲᠠ ᠳᠤ ᠴᠢᠨᠢ ᠬᠤᠳᠠᠯ ᠬᠠᠭᠤᠷᠮᠠᠭ ᠠᠴᠠ ᠥᠭᠡᠷ᠎ᠡ ᠶᠠᠭᠤ ᠴᠤ ᠦᠯᠡᠳᠡᠬᠦ ᠦᠭᠡᠢ》 ᠭᠡᠪᠡ᠃