ᠶᠣᠪ ᠬᠣᠷᠢ ᠶᠢᠰᠦ
ᠶᠣᠪ ᠤᠨ 《ᠭᠡᠮ ᠦᠭᠡᠢ》 ᠭᠡᠬᠦ ᠰᠡᠭᠦᠯᠴᠢ ᠶᠢᠨ ᠥᠮᠥᠭᠯᠡᠯ
1 ᠶᠣᠪ ᠦᠷᠭᠦᠯᠵᠢᠯᠡᠭᠦᠯᠦᠨ ᠶᠠᠷᠢᠭᠰᠠᠨ ᠨᠢ᠄
2 《ᠥᠩᠭᠡᠷᠡᠨ ᠣᠳᠣᠭᠰᠠᠨ ᠰᠠᠷ᠎ᠠ ᠨᠤᠭᠤᠳ ᠮᠢᠨᠢ᠂ ᠪᠤᠷᠬᠠᠨ ᠨᠠᠮᠠᠶᠢ ᠬᠠᠮᠠᠭᠠᠯᠠᠳᠠᠭ ᠪᠠᠢᠭᠰᠠᠨ ᠡᠳᠦᠷ ᠤᠳ ᠮᠢᠨᠢ ᠡᠷᠭᠢᠵᠦ ᠢᠷᠡᠭᠰᠡᠨ ᠴᠤ ᠪᠣᠯᠣᠭᠠᠰᠠᠢ᠂
3 ᠲᠣᠯᠣᠭᠠᠢ ᠳᠡᠭᠡᠷ᠎ᠡ ᠮᠢᠨᠢ ᠲᠡᠭᠦᠨ ᠦ ᠳ᠋ᠧᠩ ᠭᠡᠷᠡᠯᠲᠦᠵᠦ ᠲᠡᠷᠡ ᠭᠡᠷᠡᠯ ᠲᠡᠢ ᠬᠠᠮᠲᠤ ᠪᠢ ᠬᠠᠷᠠᠩ᠋ᠭᠤᠢ ᠳᠤᠮᠳᠠᠭᠤᠷ ᠶᠠᠪᠤᠳᠠᠭ ᠪᠠᠢᠭᠰᠠᠨ᠂
4 ᠪᠤᠷᠬᠠᠨ ᠤ ᠳᠣᠲᠣᠨᠣᠰᠣᠯ 10 ᠮᠠᠢᠬᠠᠨ ᠤ ᠮᠢᠨᠢ ᠳᠡᠭᠡᠷ᠎ᠡ ᠪᠠᠢᠭᠰᠠᠨ ᠲᠡᠷᠡ ᠢᠳᠡ ᠣᠷᠭᠢᠯ ᠤᠨ ᠡᠳᠦᠷ ᠤᠳ ᠮᠢᠨᠢ ᠡᠷᠭᠢᠵᠦ ᠢᠷᠡᠭᠰᠡᠨ ᠴᠤ ᠪᠣᠯᠣᠭᠠᠰᠠᠢ᠂
5 ᠲᠡᠷᠡ ᠦᠶ᠎ᠡ ᠳᠦ ᠲᠡᠭᠦᠰ ᠬᠦᠴᠦᠲᠡᠨ ᠨᠠᠳᠠ ᠲᠠᠢ ᠬᠠᠮᠲᠤ ᠪᠠᠢᠵᠤ ᠬᠡᠦᠬᠡᠳ ᠤᠳ ᠮᠢᠨᠢ ᠨᠠᠮᠠᠶᠢ ᠬᠦᠷᠢᠶᠡᠯᠡᠨ ᠪᠠᠢᠯ᠎ᠠ᠂
6 ᠠᠯᠬᠤᠭ᠎ᠠ ᠳᠡᠭᠡᠷ᠎ᠡ ᠮᠢᠨᠢ ᠠᠢᠷᠠᠭ ᠠᠰᠬᠠᠷᠠᠵᠤ ᠴᠢᠯᠠᠭᠤ ᠮᠢᠨᠦ ᠲᠥᠯᠥᠭᠡ ᠲᠣᠰᠣ ᠴᠢᠳᠬᠤᠵᠤ ᠪᠠᠢᠭᠰᠠᠨ᠂
7 ᠬᠣᠲᠠ ᠶᠢᠨ ᠬᠠᠭᠠᠯᠭ᠎ᠠ ᠳᠡᠭᠡᠷ᠎ᠡ ᠣᠴᠢᠵᠤ ᠲᠠᠯᠠᠪᠠᠢ ᠶᠢᠨ ᠰᠠᠭᠤᠳᠠᠯ ᠳᠤ ᠰᠠᠭᠤᠬᠤ ᠳᠤ ᠮᠢᠨᠢ
8 ᠵᠠᠯᠠᠭᠤᠰ ᠨᠢ ᠨᠠᠮᠠᠶᠢ ᠬᠠᠷᠠᠭᠠᠳ ᠵᠠᠮ ᠲᠠᠯᠪᠢᠵᠤ ᠡᠪᠦᠭᠡᠳ ᠨᠢ ᠥᠨᠳᠡᠢᠨ ᠪᠣᠰᠳᠠᠭ ᠪᠠᠢᠭᠰᠠᠨ᠂
9 ᠠᠬᠠᠮᠠᠳ ᠨᠢ ᠦᠭᠡ ᠪᠡᠨ ᠬᠤᠷᠢᠶᠠᠵᠤ ᠠᠮᠠ ᠪᠠᠨ ᠭᠠᠷ ᠢᠶᠠᠷ ᠢᠶᠠᠨ ᠲᠠᠭᠯᠠᠳᠠᠭ ᠪᠠᠢᠭᠰᠠᠨ᠂
10 ᠨᠣᠶᠠᠳ ᠨᠢ ᠳᠠᠭᠤ ᠪᠠᠨ ᠬᠤᠷᠢᠶᠠᠵᠤ ᠬᠡᠯᠡ ᠪᠡᠨ ᠲᠠᠩᠨᠠᠢ ᠳᠠᠭᠠᠨ ᠨᠠᠭᠠᠳᠠᠭ ᠪᠠᠢᠭᠰᠠᠨ᠂
11 ᠴᠢᠬᠢ ᠲᠠᠢ ᠨᠢ ᠰᠣᠨᠣᠰᠣᠭᠠᠳ ᠨᠠᠮᠠᠶᠢ ᠰᠠᠢᠰᠢᠶᠠᠵᠤ ᠨᠢᠳᠦ ᠲᠠᠢ ᠨᠢ ᠬᠠᠷᠠᠭᠠᠳ ᠨᠠᠮᠠᠶᠢ ᠮᠠᠭᠲᠠᠵᠤ ᠪᠠᠢᠭᠰᠠᠨ᠂
12 ᠤᠴᠢᠷ ᠨᠢ ᠪᠢ ᠣᠷᠢᠯᠠᠵᠤ ᠪᠤᠢ ᠶᠠᠳᠠᠭᠤᠰ ᠢ᠂ ᠠᠰᠠᠷᠠᠮᠵᠢ ᠦᠭᠡᠢ ᠥᠨᠥᠴᠢᠨ ᠢ ᠠᠪᠤᠷᠠᠳᠠᠭ ᠪᠠᠢᠭᠰᠠᠨ᠂
13 ᠦᠬᠦᠯᠡᠭᠦᠲᠡ ᠬᠥᠮᠦᠰ ᠨᠠᠮᠠᠶᠢ ᠢᠷᠥᠭᠡᠵᠦ ᠪᠡᠯᠪᠡᠰᠦᠨ ᠡᠮᠡᠭᠲᠡᠢ ᠨᠠᠳᠠ ᠠᠴᠠ ᠪᠣᠯᠵᠤ ᠪᠠᠶᠠᠷ ᠲᠠᠢ ᠪᠠᠷ ᠳᠠᠭᠤᠯᠠᠵᠤ ᠪᠠᠢᠭᠰᠠᠨ᠂
14 ᠪᠢ ᠵᠥᠪ ᠢ ᠡᠮᠦᠰᠦᠨ᠂ ᠵᠥᠪ ᠨᠢ ᠨᠠᠮᠠᠶᠢ ᠡᠮᠦᠰᠪᠡ ᠰᠢᠳᠤᠷᠭᠤ ᠮᠢᠨᠢ ᠳᠡᠪᠡᠯ ᠪᠠ ᠲᠢᠲᠢᠮ ᠮᠡᠲᠦ ᠪᠠᠢᠪᠠ᠂
15 ᠪᠢ ᠰᠣᠬᠣᠷ ᠬᠥᠮᠦᠨ ᠦ ᠨᠢᠳᠦ ᠳᠣᠭᠣᠯᠠᠩ ᠬᠥᠮᠦᠨ ᠦ ᠬᠥᠯ᠂
16 ᠦᠭᠡᠭᠦᠦ ᠶᠢᠨ ᠡᠴᠢᠭᠡ ᠪᠣᠯᠵᠤ ᠪᠠᠢᠭᠰᠠᠨ᠂ ᠦᠯᠦ ᠲᠠᠨᠢᠬᠤ ᠬᠥᠮᠦᠨ ᠦ ᠬᠡᠷᠡᠭ ᠢ ᠴᠤ ᠨᠢᠭᠲᠠᠯᠠᠨ ᠦᠵᠡᠭᠡᠳ
17 ᠦᠯᠦ ᠪᠦᠲᠦᠬᠦ ᠬᠥᠮᠦᠨ ᠦ ᠡᠷᠡᠦ ᠶᠢ ᠬᠤᠭᠤᠯᠵᠤ ᠡᠮᠭᠦᠭᠰᠡᠨ ᠬᠣᠭᠣᠯᠠ ᠶᠢ ᠨᠢ ᠠᠷᠠᠭᠠᠨ ᠠᠴᠠ ᠨᠢ ᠠᠪᠳᠠᠭ ᠪᠠᠢᠭᠰᠠᠨ᠂
18 ᠲᠡᠷᠡ ᠦᠶ᠎ᠡ ᠳᠦ ᠪᠢ᠄ 〈ᠡᠯᠡᠰᠦ ᠮᠡᠲᠦ ᠣᠯᠠᠨ ᠡᠳᠦᠷ ᠦᠨ ᠳᠠᠷᠠᠭ᠎ᠠ ᠡᠭᠦᠷ ᠲᠡᠭᠡᠨ ᠠᠮᠢᠰᠬᠤᠯ ᠢᠶᠠᠨ ᠬᠤᠷᠢᠶᠠᠬᠤ ᠪᠠᠢᠬ᠎ᠠ᠂
19 ᠦᠨᠳᠦᠰᠦ ᠮᠢᠨᠢ ᠤᠰᠤᠨ ᠳᠤ ᠬᠦᠷᠲᠡᠯ᠎ᠡ ᠰᠤᠨᠵᠤ ᠮᠥᠴᠢᠷ ᠤᠳ ᠮᠢᠨᠢ ᠰᠥᠨᠢᠵᠢᠨ ᠢᠶᠠᠨ ᠰᠢᠭᠦᠳᠡᠷᠢ ᠶᠢ ᠲᠣᠭᠲᠠᠭᠠᠵᠤ
20 ᠠᠯᠳᠠᠷ ᠬᠦᠨᠳᠦ ᠮᠢᠨᠢ ᠨᠠᠳᠠ ᠳᠤ ᠨᠡᠮᠡᠭᠳᠡᠭᠰᠡᠭᠡᠷ ᠠᠳᠬᠤᠨ ᠳᠠᠬᠢ ᠨᠤᠮᠤ ᠮᠢᠨᠢ ᠰᠢᠨᠡᠴᠢᠯᠡᠭᠳᠡᠭᠰᠡᠭᠡᠷ ᠪᠠᠢᠬᠤ ᠪᠣᠯᠣᠨ᠎ᠠ〉 ᠭᠡᠵᠦ ᠪᠣᠳᠣᠭᠰᠠᠨ᠃
21 ᠬᠥᠮᠦᠰ ᠵᠥᠪᠯᠡᠯᠭᠡ ᠶᠢ ᠮᠢᠨᠢ ᠬᠦᠯᠢᠶᠡᠨ ᠠᠪᠴᠤ ᠮᠢᠨᠦᠬᠢ ᠶᠢ ᠴᠢᠮᠡᠭᠡ ᠦᠭᠡᠢ ᠰᠣᠨᠣᠰᠴᠤ ᠪᠠᠢᠭᠰᠠᠨ᠂
22 ᠶᠠᠷᠢᠶ᠎ᠠ ᠮᠢᠨᠢ ᠲᠡᠳᠡᠨ ᠦ ᠳᠡᠭᠡᠷ᠎ᠡ ᠰᠢᠭᠦᠳᠡᠷᠢ ᠮᠡᠲᠦ ᠲᠣᠰᠣᠯᠠᠵᠤ ᠪᠠᠢᠪᠠ ᠦᠭᠡ ᠮᠢᠨᠢ ᠳᠠᠭᠤᠰᠬᠤ ᠳᠤ ᠲᠡᠳᠡ ᠦᠭᠡ ᠨᠡᠮᠡᠳᠡᠭ ᠦᠭᠡᠢ᠂
23 ᠬᠥᠮᠦᠰ ᠬᠤᠷ᠎ᠠ ᠪᠣᠷᠣᠭ᠎ᠠ ᠶᠢ ᠮᠡᠲᠦ ᠨᠠᠮᠠᠶᠢ ᠬᠦᠯᠢᠶᠡᠵᠦ ᠬᠠᠪᠤᠷ ᠤᠨ ᠪᠣᠷᠣᠭᠠᠨ ᠮᠡᠲᠦ ᠮᠢᠨᠦ ᠦᠭᠡᠰ ᠢᠶᠡᠷ ᠤᠮᠳᠠᠯᠠᠳᠠᠭ ᠪᠠᠢᠭᠰᠠᠨ᠂
24 ᠪᠢ ᠲᠡᠳᠡᠨ ᠤᠷᠤᠭᠤ ᠢᠨᠢᠶᠡᠮᠰᠦᠭᠯᠡᠪᠡᠯ ᠲᠡᠳᠡ ᠢᠲᠡᠭᠡᠵᠦ ᠶᠠᠳᠠᠳᠠᠭ ᠨᠢᠭᠤᠷ ᠤᠨ ᠭᠡᠷᠡᠯ ᠢ ᠮᠢᠨᠢ ᠲᠡᠳᠡ ᠪᠠᠭᠤᠷᠠᠭᠤᠯᠳᠠᠭ ᠦᠭᠡᠢ ᠪᠠᠢᠭᠰᠠᠨ᠂
25 ᠪᠢ ᠲᠡᠳᠡᠨ ᠳᠦ ᠵᠠᠮ ᠢ ᠨᠢ ᠰᠣᠩ᠋ᠭᠣᠵᠤ ᠥᠭᠭᠥᠭᠰᠡᠨ ᠪᠢ ᠬᠣᠢᠮᠣᠷ ᠲᠤᠨᠢ ᠰᠠᠭᠤᠵᠤ᠂ ᠴᠡᠷᠢᠭ ᠤᠨ ᠢᠶᠠᠨ ᠳᠤᠮᠳᠠᠬᠢ ᠬᠠᠭᠠᠨ ᠮᠡᠲᠦ ᠭᠠᠰᠢᠭᠤᠳᠠᠭᠰᠠᠳ ᠢ ᠲᠠᠢᠳᠬᠤᠷᠠᠭᠤᠯᠤᠭᠴᠢ ᠮᠡᠲᠦ ᠪᠠᠢᠭᠰᠠᠨ᠃