ᠶᠣᠪ ᠵᠢᠷᠭᠤᠭ᠎ᠠ
ᠶᠣᠪ ᠤᠨ ᠬᠠᠷᠢᠭᠤ
1 ᠶᠣᠪ ᠬᠠᠷᠢᠭᠤᠯᠵᠤ᠄
2 《ᠥ᠂ ᠤᠢ ᠭᠠᠰᠢᠭᠤ ᠮᠢᠨᠢ ᠬᠡᠮᠵᠢᠭᠳᠡᠵᠦ ᠭᠠᠮᠰᠢᠭ ᠮᠢᠨᠢ ᠪᠦᠭᠦᠳᠡᠭᠡᠷ ᠵᠢᠩᠯᠡᠭᠳᠡᠬᠦ ᠴᠤ ᠪᠣᠯᠣᠭᠠᠰᠠᠢ᠂
3 ᠲᠡᠳᠡᠭᠡᠷ ᠨᠢ ᠳᠠᠯᠠᠢ ᠶᠢᠨ ᠡᠯᠡᠰᠦᠨ ᠡᠴᠡ ᠴᠤ ᠢᠯᠡᠭᠦᠦ ᠬᠦᠨᠳᠦ ᠪᠠᠢᠬ᠎ᠠ ᠲᠡᠢᠮᠦ ᠡᠴᠡ ᠦᠭᠡᠰ ᠮᠢᠨᠢ ᠰᠢᠷᠦᠭᠦᠨ ᠪᠠᠢᠭᠰᠠᠨ᠂
4 ᠲᠡᠭᠦᠰ ᠬᠦᠴᠦᠲᠡᠨ ᠦ ᠰᠤᠮᠤ ᠨᠤᠭᠤᠳ ᠨᠠᠮᠠᠶᠢ ᠤᠨᠤᠵᠤ ᠰᠦᠨᠡᠰᠦ ᠮᠢᠨᠢ ᠬᠣᠣᠷ ᠢ ᠨᠢ ᠤᠤᠭᠤᠵᠤ ᠪᠤᠢ᠂ ᠪᠤᠷᠬᠠᠨ ᠤ ᠠᠶᠤᠮᠰᠢᠭᠲᠤ ᠦᠢᠯᠡᠰ ᠮᠢᠨᠦ ᠡᠮᠦᠨ᠎ᠡ ᠵᠢᠭᠰᠠᠭᠠᠲᠠᠢ᠂
5 ᠡᠪᠡᠰᠦ ᠲᠠᠢ ᠪᠠᠢᠬᠤ ᠳᠤ ᠵᠡᠷᠯᠢᠭ ᠡᠯᠵᠢᠭᠡ ᠡᠭᠡᠭᠡᠭᠯᠡᠬᠦ ᠤᠤ︖ ᠲᠡᠵᠢᠭᠡᠯ ᠲᠡᠢ ᠪᠠᠢᠬᠤ ᠳᠤ ᠦᠬᠡᠷ ᠮᠥᠭᠡᠷᠡᠬᠦ ᠤᠤ︖
6 ᠠᠮᠲᠠ ᠦᠭᠡᠢ ᠶᠢ ᠳᠠᠪᠤᠰᠤ ᠦᠭᠡᠢ ᠪᠠᠷ ᠢᠳᠡᠳᠡᠭ ᠤᠤ︖ ᠣᠳᠣ ᠡᠪᠡᠰᠦᠨ 2 ᠤ ᠰᠢᠭᠦᠰᠦᠨ ᠳᠦ ᠠᠮᠲᠠ ᠪᠠᠢᠳᠠᠭ ᠤᠤ︖
7 ᠪᠢ ᠲᠡᠳᠡᠭᠡᠷ ᠲᠦ ᠬᠦᠷᠬᠦ ᠴᠤ ᠳᠤᠷ᠎ᠠ ᠦᠭᠡᠢ ᠪᠠᠢᠨ᠎ᠠ᠂ ᠲᠡᠳᠡᠭᠡᠷ ᠬᠣᠭᠣᠯᠠ ᠨᠠᠳᠠ ᠳᠤ ᠵᠢᠪᠡᠭᠦᠦ ᠬᠦᠷᠦᠮᠡᠷ ᠶᠤᠮ᠃
8 ᠬᠦᠰᠡᠯᠲᠡ ᠶᠢ ᠮᠢᠨᠢ ᠬᠡᠨ ᠵᠥᠪᠰᠢᠶᠡᠷᠡᠬᠦ ᠪᠢᠯᠡ︖ ᠭᠣᠷᠢᠳᠠᠯᠭ᠎ᠠ ᠶᠢ ᠮᠢᠨᠢ ᠪᠤᠷᠬᠠᠨ ᠰᠣᠶᠣᠷᠬᠠᠬᠤ ᠴᠤ ᠪᠣᠯᠣᠭᠠᠰᠠᠢ︕
9 ᠲᠡᠭᠡᠭᠡᠳ ᠪᠤᠷᠬᠠᠨ ᠨᠠᠮᠠᠶᠢ ᠳᠤᠷᠠᠲᠠᠢ ᠨᠢᠴᠠᠯᠬᠤ ᠴᠤ ᠪᠣᠯᠣᠭᠠᠰᠠᠢ ᠭᠠᠷ ᠢᠶᠠᠨ ᠰᠤᠩ᠋ᠭᠠᠵᠤ ᠨᠠᠮᠠᠶᠢ ᠤᠰᠠᠳᠬᠠᠬᠤ ᠴᠤ ᠪᠣᠯᠣᠭᠠᠰᠠᠢ︕
10 ᠲᠡᠭᠡᠬᠦ ᠨᠢ ᠨᠠᠳᠠ ᠳᠤ ᠲᠠᠢᠳᠬᠤᠷᠠᠯ ᠪᠣᠯᠣᠨ᠎ᠠ᠂ ᠠᠷᠢᠭᠤᠨ ᠨᠢᠭᠡᠨ ᠦ ᠦᠭᠡᠰ ᠢ ᠪᠢ ᠨᠢᠭᠤᠭᠠ ᠦᠭᠡᠢ ᠥᠷᠥᠰᠢᠶᠡᠯ ᠦᠭᠡᠢ ᠡᠪᠡᠳᠴᠢᠨ ᠳᠤᠮᠳᠠ ᠴᠤ ᠪᠢ ᠪᠠᠶᠠᠷᠯᠠᠨ᠎ᠠ᠂
11 ᠪᠢ ᠶᠠᠮᠠᠷ ᠬᠦᠴᠦ ᠲᠠᠢ ᠪᠣᠯᠣᠭᠠᠳ ᠬᠦᠯᠢᠶᠡᠬᠦ ᠪᠢᠯᠡ︖ ᠶᠠᠮᠠᠷ ᠵᠣᠷᠢᠯᠭ᠎ᠠ ᠲᠠᠢ ᠪᠣᠯᠣᠭᠠᠳ ᠬᠦᠯᠢᠴᠡᠭᠰᠡᠭᠡᠷ ᠪᠠᠢᠬᠤ ᠪᠢᠯᠡ︖
12 ᠬᠠᠳᠠ ᠴᠢᠯᠠᠭᠤᠨ ᠤ ᠬᠦᠴᠦ ᠨᠠᠳᠠ ᠳᠤ ᠪᠤᠢ ᠤᠤ︖ ᠪᠡᠶ᠎ᠡ ᠮᠢᠨᠢ ᠬᠦᠷᠡᠯ ᠢᠶᠡᠷ ᠪᠦᠲᠦᠭᠡ ᠤᠤ︖
13 ᠮᠢᠨᠦ ᠲᠤᠰᠠᠯᠠᠮᠵᠢ ᠮᠢᠨᠦ ᠳᠣᠲᠣᠷ᠎ᠠ ᠪᠤᠢ ᠤᠤ︖ ᠠᠷᠭ᠎ᠠ ᠤᠬᠠᠭᠠᠨ ᠨᠠᠳᠠ ᠠᠴᠠ ᠵᠠᠢᠯᠠᠭᠰᠠᠨ ᠪᠢᠯᠡ᠃
14 ᠴᠥᠬᠥᠷᠡᠭᠰᠡᠨ ᠨᠠᠢᠵᠢ ᠪᠠᠨ ᠡᠰᠡ ᠡᠨᠡᠷᠢᠭ᠍ᠴᠢ ᠨᠢ ᠲᠡᠭᠦᠰ ᠬᠦᠴᠦᠲᠡᠨ ᠡᠴᠡ ᠡᠮᠢᠶᠡᠬᠦ ᠪᠡᠨ ᠣᠭᠣᠷᠣᠭᠴᠢ ᠶᠤᠮ᠂
15 ᠬᠠᠷᠢᠨ ᠠᠬ᠎ᠠ ᠳᠡᠭᠦᠦᠰ ᠮᠢᠨᠢ ᠢᠲᠡᠭᠡᠮᠵᠢ ᠦᠭᠡᠢ ᠬᠠᠶᠠ ᠤᠷᠤᠰᠴᠤ ᠬᠠᠶᠠ ᠬᠠᠲᠠᠳᠠᠭ ᠭᠣᠷᠣᠬ᠎ᠠ ᠮᠡᠲᠦ᠂
16 ᠮᠥᠰᠥ ᠬᠠᠢᠯᠪᠠᠯ ᠪᠤᠯᠠᠩ᠋ᠭᠢᠷᠲᠤᠵᠤ ᠴᠠᠰᠤ ᠬᠠᠢᠯᠪᠠᠯ ᠪᠢᠯᠬᠠᠳᠠᠭ
17 ᠳᠤᠯᠠᠭᠠᠨ ᠪᠣᠯᠬᠤ ᠳᠤ ᠤᠷᠤᠰᠬᠤ ᠪᠠᠨ ᠪᠣᠯᠢᠵᠤ ᠬᠠᠯᠠᠭᠤᠨ ᠪᠣᠯᠬᠤ ᠳᠤ ᠣᠷᠣ ᠮᠥᠷ ᠦᠭᠡᠢ ᠠᠷᠢᠯᠳᠠᠭ ᠲᠤᠯᠠ
18 ᠵᠢᠩᠴᠢᠳ ᠢᠷᠡᠭᠡᠳ ᠵᠠᠮ ᠠᠴᠠ ᠪᠠᠨ ᠡᠷᠭᠢᠵᠦ ᠵᠡᠯᠢᠭᠦᠳ ᠭᠠᠵᠠᠷ ᠤᠷᠤᠭᠤ ᠣᠷᠣᠵᠤ ᠰᠥᠨᠥᠬᠦ ᠪᠤᠢ᠂
19 ᠲᠧᠮᠠ ᠶᠢᠨ ᠵᠢᠩᠴᠢᠳ ᠲᠡᠭᠦᠨ ᠢ ᠬᠠᠷᠠᠭᠰᠠᠨ ᠱᠧᠪᠠ ᠶᠢᠨ ᠠᠶᠠᠨᠴᠢᠳ ᠲᠡᠭᠦᠨ ᠳᠦ ᠨᠠᠢᠳᠠᠭᠰᠠᠨ ᠪᠣᠯᠪᠠᠴᠤ
20 ᠨᠠᠢᠳᠠᠯᠭ᠎ᠠ ᠲᠠᠯᠪᠢᠭᠰᠠᠨ ᠳᠠᠭᠠᠨ ᠢᠴᠢᠪᠡ ᠲᠡᠨᠳᠡ ᠣᠴᠢᠩ᠋ᠭᠤᠲᠠ ᠬᠥᠰᠡᠷᠳᠡᠪᠡ᠂
21 ᠡᠳᠦᠭᠡ ᠲᠠ ᠨᠠᠷ ᠶᠠᠭ ᠲᠡᠢᠮᠦ ᠪᠠᠢᠨ᠎ᠠ᠂ ᠠᠶᠤᠮᠰᠢᠭ ᠢ ᠬᠠᠷᠠᠭᠠᠳ ᠠᠶᠤᠭᠰᠠᠨ᠂
22 ᠪᠢ ᠲᠠ ᠨᠠᠷ ᠠᠴᠠ ᠪᠡᠯᠡᠭ ᠰᠡᠯᠲᠡ ᠭᠤᠶᠤᠵᠤ ᠪᠠᠢᠭᠰᠠᠨ ᠤᠤ︖ ᠡᠰᠡᠪᠡᠯ᠄ 〈ᠡᠳ᠋ ᠬᠥᠷᠥᠩᠭᠡ ᠡᠴᠡ ᠪᠡᠨ ᠬᠠᠨᠳᠢᠪ ᠠᠪᠴᠢᠷᠠ〉 ᠭᠡᠵᠦ ᠪᠠᠢᠭᠰᠠᠨ ᠤᠤ︖
23 ᠡᠰᠡᠪᠡᠯ᠄ 〈ᠳᠠᠢᠰᠤᠨ ᠤ ᠭᠠᠷ ᠠᠴᠠ ᠨᠠᠮᠠᠶᠢ ᠴᠢᠯᠥᠭᠡᠯᠡᠭᠡᠴᠢ〉 ᠭᠡᠵᠦ᠂ ᠡᠰᠡᠪᠡᠯ᠄ 〈ᠳᠠᠷᠤᠯᠠᠭᠴᠢᠳ ᠤᠨ ᠭᠠᠷ ᠠᠴᠠ ᠵᠣᠯᠢᠨ ᠠᠪᠤᠭᠠᠴᠢ〉 ᠭᠡᠵᠦ ᠪᠠᠢᠭᠰᠠᠨ ᠤᠤ︖
24 ᠨᠠᠳᠠ ᠳᠤ ᠵᠢᠭᠠᠵᠤ ᠥᠭᠭᠥᠭᠡᠴᠢ᠂ ᠪᠢ ᠳᠠᠭᠤ ᠦᠭᠡᠢ ᠪᠠᠢᠶ᠎ᠠ ᠬᠡᠷᠬᠢᠨ ᠠᠯᠳᠠᠭᠰᠠᠨ ᠢ ᠮᠢᠨᠢ ᠬᠠᠷᠠᠭᠤᠯᠤᠭᠠᠴᠢ᠂
25 ᠰᠢᠳᠤᠷᠭᠤ ᠦᠭᠡᠰ ᠶᠠᠭᠤᠲᠠᠢ ᠬᠤᠷᠴᠠ ᠪᠤᠢ︖ ᠬᠠᠷᠢᠨ ᠲᠠ ᠨᠠᠷ ᠤᠨ ᠵᠢᠮᠡᠯᠡᠯ ᠶᠠᠭᠤ ᠶᠢ ᠵᠢᠮᠡᠯᠡᠬᠦ ᠭᠡᠳ ᠪᠠᠢᠨ᠎ᠠ︖
26 ᠴᠥᠬᠥᠷᠡᠭᠰᠡᠨ ᠨᠢᠭᠡᠨ ᠦ ᠦᠭᠡᠰ ᠰᠠᠯᠬᠢ ᠮᠡᠲᠦ ᠪᠠᠢᠳᠠᠭ ᠪᠠᠢᠬᠤ ᠳᠤ ᠲᠠ ᠨᠠᠷ ᠦᠭᠡᠰ ᠡᠴᠡ ᠮᠢᠨᠢ ᠪᠣᠯᠵᠤ ᠵᠢᠮᠡᠯᠡᠬᠦ ᠭᠡᠵᠦ ᠪᠠᠢᠨ᠎ᠠ ᠤᠤ︖
27 ᠲᠠ ᠨᠠᠷ ᠥᠨᠥᠴᠢᠨ ᠬᠡᠦᠬᠡᠳ ᠤᠳ ᠢ ᠬᠤᠳᠠᠯᠳᠤᠬᠤ ᠪᠠᠷ ᠰᠢᠪᠠᠭ᠎ᠠ ᠬᠠᠶᠠᠵᠤ ᠠᠨᠳᠠ ᠨᠠᠢᠵᠢ ᠪᠠᠨ ᠠᠷᠠᠯᠵᠢᠬᠤ ᠨᠢ ᠡ᠂
28 ᠣᠳᠣ ᠨᠠᠳᠠ ᠤᠷᠤᠭᠤ ᠬᠠᠷᠠᠭᠠᠴᠢ᠂ ᠨᠢᠭᠤᠷ ᠳᠡᠭᠡᠷ᠎ᠡ ᠴᠢᠨᠢ ᠪᠢ ᠬᠤᠳᠠᠯ ᠶᠠᠷᠢᠨ᠎ᠠ ᠭᠡᠵᠢ ᠤᠤ︖
29 ᠡᠷᠭᠢᠭᠡᠴᠢ᠂ ᠵᠦᠢ ᠪᠤᠰᠤ ᠪᠠᠷ ᠬᠠᠨᠳᠤᠬᠤ ᠪᠠᠨ ᠪᠣᠯᠢᠭᠠᠴᠢ ᠡᠷᠭᠢᠭᠡᠴᠢ᠂ ᠵᠥᠪ ᠪᠠᠢᠳᠠᠯ ᠢ ᠮᠢᠨᠢ ᠬᠦᠯᠢᠶᠡᠨ ᠵᠥᠪᠰᠢᠶᠡᠷᠡᠭᠡᠴᠢ᠂
30 ᠬᠡᠯᠡᠨ ᠳᠡᠭᠡᠷ᠎ᠡ ᠮᠢᠨᠢ ᠵᠦᠢ ᠪᠤᠰᠤ ᠨᠢ ᠪᠠᠢᠨ᠎ᠠ ᠤᠤ︖ ᠲᠠᠩᠨᠠᠢ ᠮᠢᠨᠢ ᠬᠣᠷᠣᠨ ᠮᠠᠭᠤ ᠶᠢ ᠢᠯᠭᠠᠵᠤ ᠴᠢᠳᠠᠬᠤ ᠪᠠᠨ ᠪᠣᠯᠢᠭᠰᠠᠨ ᠤᠤ︖