ᠶᠣᠪ ᠬᠣᠷᠢᠨ ᠨᠠᠢ᠌ᠮᠠ
ᠶᠣᠪ ᠮᠡᠷᠭᠡᠨ ᠤᠬᠠᠭᠠᠨ ᠢ ᠮᠠᠭᠲᠠᠪᠠ
1 ᠮᠥᠩᠭᠥᠨ ᠦ ᠠᠭᠤᠷᠬᠠᠢ ᠭᠡᠵᠦ ᠪᠠᠢᠳᠠᠭ ᠠᠯᠲᠠ ᠶᠢ ᠪᠣᠯᠪᠠᠰᠤᠷᠠᠭᠤᠯᠬᠤ ᠭᠠᠵᠠᠷ ᠭᠡᠵᠦ ᠪᠠᠢᠳᠠᠭ
2 ᠲᠡᠮᠦᠷ ᠰᠢᠷᠣᠢ ᠠᠴᠠ ᠣᠯᠳᠠᠳᠠᠭ ᠵᠡᠰ ᠢ ᠬᠦᠳᠡᠷ ᠡᠴᠡ ᠬᠠᠢᠯᠤᠭᠤᠯᠵᠤ ᠠᠪᠳᠠᠭ᠂
3 ᠬᠥᠮᠦᠨ ᠬᠠᠷᠠᠩ᠋ᠭᠤᠢ ᠶᠢ ᠦᠯᠳᠡᠵᠦ ᠬᠠᠪ ᠬᠠᠷᠠᠩ᠋ᠭᠤᠢ ᠳᠤ ᠣᠷᠣᠭᠠᠳ ᠬᠦᠳᠡᠷ ᠢ ᠬᠠᠢᠵᠤ᠂ ᠲᠤᠢᠯ ᠳᠤᠨᠢ ᠬᠦᠷᠲᠡᠭ᠂
4 ᠬᠥᠮᠦᠨ ᠰᠠᠭᠤᠳᠠᠭ ᠭᠠᠵᠠᠷ ᠠᠴᠠ ᠬᠣᠯᠠ ᠬᠥᠯ ᠲᠠᠯᠪᠢᠭ᠎ᠠ ᠦᠭᠡᠢ ᠭᠠᠵᠠᠷ ᠢ ᠤᠬᠤᠳᠠᠭ ᠬᠥᠮᠦᠨ ᠡᠴᠡ ᠵᠠᠢᠳᠠᠵᠤ ᠨᠦᠬᠡᠨ ᠦ ᠳᠣᠲᠣᠷ᠎ᠠ ᠣᠭᠣᠰᠣᠷ ᠢᠶᠠᠷ ᠰᠠᠵᠢᠯᠠᠨ ᠪᠠᠭᠤᠳᠠᠭ᠂
5 ᠭᠠᠵᠠᠷ ᠨᠢ ᠬᠣᠭᠣᠯᠠ ᠬᠦᠨᠡᠰᠦ ᠭᠠᠷᠭᠠᠳᠠᠭ ᠴᠤ ᠭᠠᠵᠠᠷ ᠤᠨ ᠳᠣᠣᠷ᠎ᠠ ᠨᠢ ᠭᠠᠯ ᠤᠯᠠᠩ᠋ᠭᠠᠰᠤᠭᠰᠠᠨ ᠮᠡᠲᠦ ᠪᠠᠢᠳᠠᠭ᠂
6 ᠲᠡᠨᠳᠡᠬᠢ ᠴᠢᠯᠠᠭᠤ ᠨᠤᠭᠤᠳ ᠤᠨ ᠳᠤᠮᠳᠠ ᠢᠨᠳᠠᠷᠨᠢᠯᠠ ᠪᠤᠢ ᠲᠡᠨᠳᠡ ᠠᠯᠲᠠ ᠲᠠᠢ ᠰᠢᠷᠣᠢ ᠴᠤ ᠪᠤᠢ᠂
7 ᠳᠠᠯᠳᠠ ᠵᠠᠮ ᠢ ᠨᠢ ᠱᠣᠩ᠋ᠬᠣᠷ ᠮᠡᠳᠡᠳᠡᠭ ᠦᠭᠡᠢ ᠲᠠᠰ ᠤᠨ ᠨᠢᠳᠦ ᠣᠯᠵᠤ ᠬᠠᠷᠠᠭ᠎ᠠ ᠦᠭᠡᠢ
8 ᠪᠠᠷᠳᠠᠮ ᠠᠷᠢᠶᠠᠲᠠᠨ ᠲᠡᠨᠳᠡ ᠬᠥᠯ ᠲᠠᠯᠪᠢᠭ᠎ᠠ ᠦᠭᠡᠢ ᠠᠷᠰᠯᠠᠨ ᠴᠤ ᠲᠡᠷᠡᠭᠦᠷ ᠶᠠᠪᠤᠵᠤ ᠪᠠᠢᠭ᠎ᠠ ᠦᠭᠡᠢ
9 ᠬᠠᠷᠢᠨ ᠬᠥᠮᠦᠨ ᠬᠠᠲᠠᠭᠤ ᠴᠢᠯᠠᠭᠤᠨ ᠳᠤ ᠭᠠᠷ ᠬᠦᠷᠦᠨ ᠠᠭᠤᠯᠠ ᠶᠢᠨ ᠰᠠᠭᠤᠷᠢ ᠶᠢ ᠴᠤ ᠤᠷᠪᠠᠭᠤᠯᠵᠤ
10 ᠬᠠᠳᠠ ᠴᠢᠯᠠᠭᠤᠨ ᠳᠤᠮᠳᠠᠭᠤᠷ ᠬᠣᠩᠭᠢᠯ ᠭᠠᠷᠭᠠᠵᠤ ᠶᠠᠩᠵᠤ ᠪᠦᠷᠢ ᠶᠢᠨ ᠦᠨᠡᠲᠦ ᠵᠦᠢᠯᠡᠰ ᠢ ᠨᠢᠳᠦ ᠪᠡᠷ ᠢᠶᠠᠨ ᠬᠠᠷᠠᠳᠠᠭ
11 ᠪᠠᠰᠠ ᠤᠷᠤᠰᠬᠠᠯ ᠤᠳ ᠤᠨ ᠡᠬᠢ ᠶᠢ ᠬᠠᠢᠵᠤ ᠨᠢᠭᠤᠴᠠᠯᠠᠭᠳᠠᠭᠰᠠᠨ ᠶᠠᠭᠤᠮᠠᠰ ᠢ ᠭᠡᠷᠡᠯ ᠳᠦ ᠭᠠᠷᠭᠠᠨ᠎ᠠ᠃
12 ᠬᠠᠷᠢᠨ ᠮᠡᠷᠭᠡᠨ ᠤᠬᠠᠭᠠᠨ ᠬᠠᠮᠢᠭ᠎ᠠ ᠠᠴᠠ ᠣᠯᠳᠠᠳᠠᠭ ᠪᠤᠢ︖ ᠤᠬᠠᠭᠠᠷᠠᠯ ᠤᠨ ᠣᠷᠣᠰᠢᠬᠤ ᠭᠠᠵᠠᠷ ᠬᠠᠮᠢᠭ᠎ᠠ ᠪᠠᠢᠨ᠎ᠠ ᠪᠤᠢ︖
13 ᠠᠮᠢᠳᠤᠷᠠᠭᠰᠠᠳ ᠤᠨ ᠣᠷᠣᠨ ᠳᠤ ᠲᠡᠷᠡ ᠣᠯᠳᠠᠳᠠᠭ ᠦᠭᠡᠢ ᠬᠥᠮᠦᠨ ᠲᠡᠭᠦᠨ ᠦ ᠦᠨ᠎ᠡ ᠴᠡᠨ᠎ᠡ ᠶᠢ ᠮᠡᠳᠡᠳᠡᠭ ᠦᠭᠡᠢ᠂
14 ᠢᠷᠤᠭᠠᠷ ᠦᠭᠡᠢ ᠨᠦᠬᠡ 〈ᠲᠡᠷᠡ ᠨᠢ ᠮᠢᠨᠦ ᠳᠣᠲᠣᠷ᠎ᠠ ᠪᠠᠢᠬᠤ ᠦᠭᠡᠢ〉 ᠭᠡᠵᠦ ᠳᠠᠯᠠᠢ ᠴᠤ 〈ᠨᠠᠳᠠ ᠳᠤ ᠪᠠᠢᠬᠤ ᠦᠭᠡᠢ〉 ᠭᠡᠨ᠎ᠡ᠂
15 ᠠᠯᠲᠠ ᠥᠭᠭᠥᠭᠰᠡᠨ ᠴᠤ ᠲᠡᠭᠦᠨ ᠢ ᠣᠯᠬᠤ ᠦᠭᠡᠢ ᠮᠥᠩᠭᠥ ᠲᠥᠯᠥᠭᠰᠡᠨ ᠴᠤ ᠣᠯᠬᠤ ᠦᠭᠡᠢ
16 ᠣᠹᠢᠷ ᠤᠨ ᠠᠯᠲᠠ ᠪᠠᠷ ᠴᠤ ᠦᠨᠡᠲᠦ ᠰᠤᠳᠠᠯᠲᠤ ᠮᠠᠨᠤᠬᠤ ᠬᠢᠭᠡᠳ ᠢᠨᠳᠠᠷᠨᠢᠯᠠ ᠪᠠᠷ ᠴᠤ ᠦᠨᠡᠯᠡᠵᠦ ᠴᠢᠳᠠᠬᠤ ᠦᠭᠡᠢ᠂
17 ᠠᠯᠲᠠ ᠴᠤ᠂ ᠪᠣᠯᠣᠷ ᠴᠤ ᠲᠡᠭᠦᠨ ᠲᠡᠢ ᠲᠡᠩᠴᠡᠬᠦ ᠦᠭᠡᠢ ᠠᠯᠲᠠᠨ ᠡᠳ᠋ᠯᠡᠯ ᠢᠶᠡᠷ ᠴᠤ ᠰᠣᠯᠢᠰᠢ ᠦᠭᠡᠢ
18 ᠱᠢᠷᠦ ᠪᠤᠶᠤ ᠬᠠᠰ ᠴᠢᠯᠠᠭᠤ ᠶᠢ ᠳᠤᠷᠠᠳᠬᠤ ᠴᠤ ᠬᠡᠷᠡᠭ ᠦᠭᠡᠢ ᠮᠡᠷᠭᠡᠨ ᠤᠬᠠᠭᠠᠨ ᠨᠢ ᠰᠤᠪᠤᠳ ᠠᠴᠠ ᠴᠤ ᠢᠯᠡᠭᠦᠦ ᠦᠨ᠎ᠡ ᠲᠠᠢ
19 ᠺᠦᠱ ᠤᠨ ᠮᠣᠯᠣᠷ ᠡᠷᠳᠡᠨᠢ ᠲᠡᠭᠦᠨ ᠲᠡᠢ ᠲᠡᠩᠴᠡᠬᠦ ᠦᠭᠡᠢ ᠲᠡᠭᠦᠨ ᠢ ᠰᠢᠵᠢᠷ ᠠᠯᠲᠠ ᠪᠠᠷ ᠴᠤ ᠦᠨᠡᠯᠡᠰᠢ ᠦᠭᠡᠢ᠂
20 ᠲᠡᠭᠡᠭᠡᠳ ᠮᠡᠷᠭᠡᠨ ᠤᠬᠠᠭᠠᠨ ᠬᠠᠮᠢᠭ᠎ᠠ ᠠᠴᠠ ᠢᠷᠡᠳᠡᠭ ᠶᠤᠮ ᠪᠤᠢ︖ ᠤᠬᠠᠭᠠᠷᠠᠯ ᠤᠨ ᠣᠷᠣᠰᠢᠬᠤ ᠭᠠᠵᠠᠷ ᠬᠠᠮᠢᠭ᠎ᠠ ᠪᠠᠢᠨ᠎ᠠ ᠪᠤᠢ︖
21 ᠲᠡᠷᠡ ᠪᠡᠷ ᠠᠮᠢ ᠲᠠᠢ ᠪᠦᠬᠦᠨ ᠦ ᠨᠢᠳᠦᠨ ᠡᠴᠡ ᠨᠢᠭᠤᠴᠠᠯᠠᠭᠳᠠᠭᠰᠠᠨ ᠣᠭᠲᠠᠷᠭᠤᠢ ᠶᠢᠨ ᠰᠢᠪᠠᠭᠤᠳ ᠠᠴᠠ ᠳᠠᠯᠳᠠᠯᠠᠭᠳᠠᠭᠰᠠᠨ ᠪᠠᠢᠳᠠᠭ᠂
22 ᠰᠦᠢᠷᠡᠯ ᠪᠠ ᠦᠬᠦᠯ 〈ᠰᠤᠷᠠᠭ ᠢ ᠨᠢ ᠰᠣᠨᠣᠰᠴᠤ ᠪᠠᠢᠭᠰᠠᠨ〉 ᠭᠡᠨ᠎ᠡ᠃
23 ᠪᠤᠷᠬᠠᠨ ᠯᠠ ᠬᠦᠷᠬᠦ ᠵᠠᠮ ᠢ ᠨᠢ ᠣᠢᠯᠠᠭᠠᠳᠠᠭ ᠣᠷᠣᠨ ᠪᠠᠢᠷᠢ ᠶᠢ ᠨᠢ ᠮᠡᠳᠡᠳᠡᠭ
24 ᠲᠡᠷᠡ ᠯᠠ ᠭᠠᠵᠠᠷ ᠤᠨ ᠬᠢᠵᠠᠭᠠᠷ ᠢ ᠰᠢᠷᠲᠡᠵᠦ ᠲᠩᠷᠢ ᠶᠢᠨ ᠳᠣᠣᠷᠠᠬᠢ ᠪᠦᠬᠦᠨ ᠢ ᠬᠠᠷᠠᠵᠤ ᠪᠠᠢᠳᠠᠭ᠂
25 ᠲᠡᠷᠡ ᠰᠠᠯᠬᠢᠨ ᠤ ᠬᠦᠴᠦ ᠶᠢ ᠲᠣᠭᠲᠠᠭᠠᠨ ᠤᠰᠤᠨ ᠤ ᠬᠡᠮᠵᠢᠶ᠎ᠡ ᠶᠢ ᠬᠡᠮᠵᠢᠵᠦ
26 ᠪᠣᠷᠣᠭᠠᠨ ᠳᠤ ᠲᠤᠰᠢᠶᠠᠯ ᠪᠠᠭᠤᠯᠭᠠᠨ ᠭᠢᠯᠪᠢᠭᠡᠨ ᠦ ᠵᠠᠮ ᠢ ᠭᠠᠷᠭᠠᠬᠤ ᠳᠠᠭᠠᠨ
27 ᠮᠡᠷᠭᠡᠨ ᠤᠬᠠᠭᠠᠨ ᠢ ᠬᠠᠷᠠᠵᠤ ᠲᠡᠭᠦᠨ ᠢ ᠦᠨᠡᠯᠡᠪᠡ᠂ ᠲᠡᠭᠦᠨ ᠢ ᠲᠣᠭᠲᠠᠭᠠᠵᠤ᠂ ᠪᠠᠰᠠ ᠰᠢᠯᠭᠠᠭᠠᠳ
28 ᠬᠥᠮᠦᠨ ᠳᠦ ᠬᠠᠨᠳᠤᠨ 〈ᠬᠠᠷ᠎ᠠ᠂ ᠡᠵᠡᠨ ᠡᠴᠡ ᠡᠮᠢᠶᠡᠬᠦ ᠨᠢ ᠮᠡᠷᠭᠡᠨ ᠤᠬᠠᠭᠠᠨ ᠬᠣᠷᠣᠨ ᠮᠠᠭᠤ ᠠᠴᠠ ᠬᠣᠯᠠᠳᠠᠬᠤ ᠨᠢ ᠤᠬᠠᠭᠠᠷᠠᠯ ᠶᠤᠮ〉 ᠭᠡᠵᠦ ᠠᠢᠯᠠᠳᠤᠭᠰᠠᠨ》 ᠭᠡᠪᠡ᠃