ᠶᠣᠪ ᠭᠤᠴᠢᠨ ᠳᠥᠷᠪᠡ
1 ᠡᠯᠢᠾᠦ᠋ ᠦᠷᠭᠦᠯᠵᠢᠯᠡᠭᠦᠯᠦᠨ᠄
2 《ᠮᠡᠷᠭᠡᠳ ᠡ᠂ ᠮᠢᠨᠦ ᠦᠭᠡᠰ ᠢ ᠰᠣᠨᠣᠰ ᠮᠡᠳᠡᠯᠭᠡ ᠲᠠᠢ ᠨᠢ ᠨᠠᠳᠠ ᠤᠷᠤᠭᠤ ᠴᠢᠬᠢ ᠪᠠᠨ ᠬᠠᠨᠳᠤᠭᠤᠯ
3 ᠠᠮᠠ ᠬᠣᠭᠣᠯᠠ ᠶᠢ ᠠᠮᠲᠠᠯᠠᠳᠠᠭ ᠴᠢᠬᠢ ᠦᠭᠡᠰ ᠢ ᠢᠯᠭᠠᠳᠠᠭ ᠶᠤᠮ
4 ᠪᠢᠳᠡ ᠬᠠᠮᠲᠤ ᠳᠠᠭᠠᠨ ᠵᠥᠪ ᠢ ᠰᠣᠩ᠋ᠭᠣᠶᠠ ᠠᠯᠢ ᠨᠢ ᠰᠠᠢᠨ ᠪᠣᠯᠬᠤ ᠶᠢ ᠮᠡᠳᠡᠵᠦ ᠠᠪᠤᠶ᠎ᠠ᠂
5 ᠶᠣᠪ ᠬᠡᠯᠡᠬᠦ ᠳᠡᠭᠡᠨ᠄ 〈ᠪᠢ ᠪᠤᠷᠤᠭᠤ ᠦᠭᠡᠢ᠂ ᠬᠠᠷᠢᠨ ᠪᠤᠷᠬᠠᠨ ᠰᠢᠳᠤᠷᠭᠤ ᠰᠢᠭᠦᠯᠲᠡ ᠪᠡᠨ ᠨᠠᠳᠠ ᠠᠴᠠ ᠵᠠᠢᠯᠠᠭᠤᠯᠤᠭᠰᠠᠨ
6 ᠪᠢ ᠰᠢᠳᠤᠷᠭᠤ ᠪᠠᠢᠲᠠᠯ᠎ᠠ ᠪᠠᠨ ᠬᠤᠳᠠᠯᠴᠢ ᠳᠤ ᠲᠣᠭᠠᠴᠠᠭᠳᠠᠪᠠ ᠭᠡᠮ ᠦᠭᠡᠢ ᠪᠠᠢᠲᠠᠯ᠎ᠠ ᠪᠠᠨ ᠡᠳᠡᠭᠡᠷᠡᠰᠢ ᠦᠭᠡᠢ ᠪᠠᠷ ᠰᠢᠷᠬᠠᠲᠤᠪᠠ〉 ᠭᠡᠨ᠎ᠡ᠂
7 ᠶᠣᠪ ᠰᠢᠭ᠋ ᠬᠥᠮᠦᠨ ᠬᠠᠮᠢᠭ᠎ᠠ ᠪᠠᠢᠨ᠎ᠠ︖ ᠲᠡᠷᠡ ᠳᠣᠷᠣᠮᠵᠢᠯᠠᠯ ᠢ ᠤᠰᠤ ᠮᠡᠲᠦ ᠤᠤᠭᠤᠵᠤ
8 ᠮᠠᠭᠤ ᠶᠢ ᠦᠢᠯᠡᠳᠦᠭᠴᠢᠳ ᠲᠠᠢ ᠪᠦᠯᠦᠭᠯᠡᠨ ᠪᠤᠷᠤᠭᠤᠲᠠᠳ ᠲᠠᠢ ᠠᠯᠬᠤᠬᠤ ᠪᠣᠯᠵᠤ ᠪᠠᠢᠨ᠎ᠠ᠂
9 ᠲᠡᠷᠡ᠄ 〈ᠪᠤᠷᠬᠠᠨ ᠢ ᠪᠠᠶᠠᠷᠯᠠᠭᠤᠯᠬᠤ ᠪᠠᠢᠭᠰᠠᠨ ᠴᠤ ᠬᠥᠮᠦᠨ ᠳᠦ ᠠᠰᠢᠭ ᠨᠢ ᠠᠯᠠᠭ᠎ᠠ〉 ᠭᠡᠰᠡᠨ᠃
10 ᠤᠬᠠᠭᠠᠨ ᠲᠠᠢ ᠬᠥᠮᠦᠰ ᠡ᠂ ᠮᠢᠨᠦᠬᠢ ᠶᠢ ᠰᠣᠨᠣᠰᠴᠠᠭ᠎ᠠ ᠪᠤᠷᠤᠭᠤ ᠨᠢ ᠪᠤᠷᠬᠠᠨ ᠠᠴᠠ᠂ ᠠᠯᠳᠠᠭ᠎ᠠ ᠨᠢ ᠲᠡᠭᠦᠰ ᠬᠦᠴᠦᠲᠡᠨ ᠡᠴᠡ ᠬᠣᠯᠠ ᠪᠠᠢᠭ᠂
11 ᠲᠡᠷᠡ ᠪᠡᠷ ᠬᠥᠮᠦᠨ ᠳᠦ ᠦᠢᠯᠡᠰ ᠦᠨ ᠬᠢᠨᠢ ᠳᠠᠭᠠᠤ ᠬᠠᠷᠢᠭᠤᠯᠵᠤ ᠵᠠᠮ ᠤᠨ ᠬᠢᠨᠢ ᠳᠠᠭᠠᠤ ᠬᠦᠷᠲᠡᠭᠡᠨ᠎ᠡ᠃
12 ᠪᠤᠷᠬᠠᠨ ᠬᠡᠵᠢᠶ᠎ᠡ ᠴᠤ ᠪᠤᠷᠤᠭᠤ ᠶᠢ ᠦᠢᠯᠡᠳᠬᠦ ᠦᠭᠡᠢ ᠲᠡᠭᠦᠰ ᠬᠦᠴᠦᠲᠡᠨ ᠰᠢᠯᠤᠭᠤᠨ ᠢ ᠮᠤᠷᠤᠢᠯᠭᠠᠬᠤ ᠦᠭᠡᠢ᠂
13 ᠬᠡᠨ ᠭᠠᠵᠠᠷ ᠳᠡᠯᠡᠬᠡᠢ ᠶᠢ ᠲᠡᠭᠦᠨ ᠳᠦ ᠳᠠᠭᠠᠭᠠᠯᠭᠠᠪᠠ︖ ᠬᠡᠨ ᠪᠦᠬᠦ ᠣᠷᠴᠢᠯᠠᠩ ᠢ ᠲᠡᠭᠦᠨ ᠢᠶᠡᠷ ᠬᠠᠷᠢᠭᠤᠴᠠᠭᠤᠯᠪᠠ︖
14 ᠬᠡᠷᠪᠡ ᠪᠤᠷᠬᠠᠨ ᠥᠪᠡᠷ ᠢ ᠪᠠᠨ ᠯᠠ ᠪᠣᠳᠣᠵᠤ ᠥᠪᠡᠷ ᠦᠨ ᠢᠶᠠᠨ ᠰᠦᠨᠡᠰᠦ ᠪᠠ ᠠᠮᠢᠰᠬᠤᠯ ᠢ ᠠᠪᠠᠴᠢᠪᠠᠯ
15 ᠮᠢᠬᠠᠨ ᠪᠡᠶᠡᠲᠦ ᠪᠦᠬᠦᠨ ᠵᠡᠷᠭᠡ ᠪᠡᠷ ᠮᠥᠬᠥᠵᠦ ᠬᠥᠮᠦᠨ ᠰᠢᠷᠣᠢ ᠳᠤ ᠪᠤᠴᠠᠬᠤ ᠪᠣᠯᠣᠨ᠎ᠠ᠃
16 ᠤᠬᠠᠭᠠᠨ ᠪᠠᠢᠪᠠᠯ ᠰᠣᠨᠣᠰ ᠶᠠᠷᠢᠬᠤ ᠦᠭᠡᠨ ᠳᠦ ᠮᠢᠨᠢ ᠴᠢᠬᠢ ᠲᠠᠯᠪᠢ᠂
17 ᠰᠢᠳᠤᠷᠭᠤ ᠶᠢ ᠵᠢᠭ᠍ᠰᠢᠭ᠍ᠴᠢ ᠶᠠᠭᠠᠬᠢᠵᠤ ᠵᠠᠬᠢᠷᠤᠭᠴᠢ ᠪᠣᠯᠬᠤ ᠪᠤᠢ︖ ᠵᠥᠪᠲᠦ ᠬᠦᠴᠦᠲᠦ ᠨᠢᠭᠡᠨ ᠢ ᠲᠠ ᠪᠤᠷᠤᠭᠤᠳᠬᠠᠬᠤ ᠭᠡᠵᠦ ᠪᠠᠢᠨ᠎ᠠ ᠤᠤ︖
18 ᠲᠡᠷᠡ ᠯᠠ ᠬᠠᠭᠠᠨ ᠢ 〈ᠥᠭᠡᠳᠡ ᠦᠭᠡᠢ ᠠᠮᠢᠲᠠᠨ〉 ᠭᠡᠬᠦ ᠪᠤᠶᠤ ᠨᠣᠶᠠᠳ ᠢ 〈ᠪᠤᠷᠤᠭᠤᠲᠠᠨ〉 ᠭᠡᠵᠦ ᠪᠣᠯᠣᠨ᠎ᠠ᠂
19 ᠲᠡᠷᠡ ᠵᠠᠬᠢᠷᠤᠭᠴᠢᠳ ᠲᠤ ᠲᠠᠯ᠎ᠠ ᠵᠠᠰᠠᠳᠠᠭ ᠪᠢᠰᠢ ᠪᠠᠶᠠᠨ ᠢ ᠶᠠᠳᠠᠭᠤ ᠠᠴᠠ ᠢᠯᠡᠭᠦᠦ ᠲᠠᠭᠠᠯᠠᠳᠠᠭ ᠪᠢᠰᠢ ᠤᠴᠢᠷ ᠨᠢ ᠲᠡᠳᠡ ᠪᠦᠭᠦᠳᠡ ᠲᠡᠭᠦᠨ ᠦ ᠮᠤᠲᠤᠷ ᠤᠨ ᠪᠦᠲᠦᠭᠡᠯ ᠶᠤᠮ᠂
20 ᠬᠣᠷᠣᠮ ᠵᠠᠭᠤᠷ᠎ᠠ ᠲᠡᠳᠡ ᠦᠬᠦᠵᠡᠭᠡᠨᠡ ᠬᠥᠮᠦᠰ ᠰᠥᠨᠢ ᠳᠤᠮᠳᠠ ᠲᠠᠲᠠᠪ ᠬᠢᠵᠦ ᠣᠳᠣᠨ᠎ᠠ ᠬᠦᠴᠦᠲᠡᠳ ᠴᠤ ᠬᠥᠮᠦᠨ ᠦ ᠭᠠᠷ ᠤᠨ ᠣᠷᠣᠯᠴᠠᠭ᠎ᠠ ᠦᠭᠡᠢ ᠪᠠᠷ ᠵᠠᠢᠯᠠᠭᠤᠯᠤᠭᠳᠠᠨᠠ᠃
21 ᠪᠤᠷᠬᠠᠨ ᠤ ᠮᠡᠯᠮᠡᠢ ᠬᠥᠮᠦᠨ ᠦ ᠵᠠᠮ ᠳᠡᠭᠡᠷ᠎ᠡ ᠪᠠᠢᠨ᠎ᠠ ᠪᠦᠬᠦ ᠠᠯᠬᠤᠮ ᠢ ᠨᠢ ᠠᠵᠢᠭᠯᠠᠵᠤ ᠪᠠᠢᠨ᠎ᠠ᠂
22 ᠬᠣᠷᠣᠨ ᠮᠠᠭᠤ ᠶᠢ ᠦᠢᠯᠡᠳᠦᠭᠴᠢᠳ ᠤᠨ ᠨᠢᠭᠤᠭᠳᠠᠵᠤ ᠪᠣᠯᠬᠤ ᠬᠠᠷᠠᠩ᠋ᠭᠤᠢ ᠪᠤᠶᠤ ᠰᠡᠭᠦᠳᠡᠷ ᠠᠯᠠᠭ᠎ᠠ᠂
23 ᠪᠤᠷᠬᠠᠨ ᠬᠥᠮᠦᠨ ᠢ ᠤᠳᠠᠭᠠᠨ ᠪᠠᠢᠴᠠᠭᠠᠬᠤ ᠱᠠᠭᠠᠷᠳᠠᠯᠭ᠎ᠠ ᠦᠭᠡᠢ ᠬᠥᠮᠦᠨ ᠰᠢᠭᠦᠯᠭᠡᠬᠦ ᠪᠡᠷ ᠪᠤᠷᠬᠠᠨ ᠳᠤ ᠥᠪᠡᠷ ᠢᠶᠡᠨ ᠣᠴᠢᠬᠤ ᠱᠠᠭᠠᠷᠳᠠᠯᠭ᠎ᠠ ᠦᠭᠡᠢ᠂
24 ᠡᠢᠮᠦ ᠡᠴᠡ ᠲᠡᠷᠡ ᠪᠡᠷ ᠬᠦᠴᠦᠲᠡᠳ ᠢ ᠪᠠᠢᠴᠠᠭᠠᠯ ᠦᠭᠡᠢ ᠪᠠᠷ ᠪᠢᠴᠠᠯᠵᠤ ᠣᠷᠣᠨ ᠳᠤᠨᠢ ᠥᠭᠡᠷ᠎ᠡ ᠬᠥᠮᠦᠨ ᠢ ᠪᠣᠰᠬᠠᠳᠠᠭ᠂
25 ᠦᠢᠯᠡᠰ ᠢ ᠨᠢ ᠲᠡᠷᠡ ᠡᠢᠨ ᠬᠦ ᠠᠩᠵᠠᠭᠠᠷᠠᠵᠤ ᠰᠥᠨᠢ ᠳᠤᠮᠳᠠ ᠪᠠᠷ ᠲᠡᠳᠡᠨ ᠢ ᠬᠥᠮᠥᠷᠢᠵᠦ ᠰᠥᠨᠥᠭᠡᠨ
26 ᠭᠡᠮ ᠪᠤᠷᠤᠭᠤ ᠶᠢᠨ ᠬᠢᠨᠢ ᠤᠯᠠᠮ ᠢᠶᠠᠷ ᠬᠥᠮᠦᠰ ᠦᠨ ᠨᠢᠳᠦᠨ ᠦ ᠡᠮᠦᠨ᠎ᠡ ᠰᠢᠳᠬᠡᠨ᠎ᠡ᠂
27 ᠶᠠᠭᠠᠬᠢᠭᠠᠳ ᠭᠡᠪᠡᠯ᠂ ᠲᠡᠳᠡ ᠲᠡᠭᠦᠨ ᠡᠴᠡ ᠡᠷᠭᠢᠵᠦ ᠲᠡᠭᠦᠨ ᠦ ᠵᠠᠮ ᠢ ᠦᠯᠦ ᠣᠢᠰᠢᠶᠠᠳᠠᠭ᠂
28 ᠲᠡᠳᠡᠨ ᠡᠴᠡ ᠪᠣᠯᠵᠤ ᠶᠠᠳᠠᠭᠤᠰ ᠤᠨ ᠬᠠᠰᠬᠢᠷᠤᠭᠠᠨ ᠪᠤᠷᠬᠠᠨ ᠳᠤ ᠬᠦᠷᠲᠡᠭ ᠲᠡᠷᠡ ᠪᠡᠷ ᠦᠭᠡᠭᠦᠴᠦᠳ ᠦᠨ ᠬᠠᠰᠬᠢᠷᠤᠭᠠᠨ ᠢ ᠰᠣᠨᠣᠰᠴᠤ ᠪᠠᠢᠳᠠᠭ᠂
29 ᠬᠡᠳᠦᠢᠪᠡᠷ ᠪᠤᠷᠬᠠᠨ ᠳᠠᠭᠤ ᠦᠭᠡᠢ ᠪᠠᠢᠭᠰᠠᠨ ᠴᠤ ᠬᠡᠨ ᠲᠡᠭᠦᠨ ᠢ ᠪᠤᠷᠤᠭᠤᠳᠬᠠᠨ᠎ᠠ ᠪᠤᠢ︖ ᠨᠢᠭᠤᠷ ᠢᠶᠠᠨ ᠲᠡᠷᠡ ᠨᠢᠭᠤᠪᠠᠯ ᠬᠡᠨ ᠲᠡᠭᠦᠨ ᠢ ᠬᠠᠷᠠᠵᠤ ᠴᠢᠳᠠᠬᠤ ᠪᠤᠢ︖ ᠲᠡᠢᠮᠦ ᠪᠠᠢᠭᠰᠠᠨ ᠴᠤ ᠲᠡᠷᠡ ᠪᠡᠷ ᠦᠨᠳᠦᠰᠦᠲᠡᠨ ᠦ ᠳᠡᠭᠡᠷ᠎ᠡ᠂ ᠬᠥᠮᠦᠨ ᠲᠥᠷᠥᠯᠬᠢᠲᠡᠨ ᠦ ᠳᠡᠭᠡᠷ᠎ᠡ ᠪᠠᠢᠵᠤ
30 ᠠᠷᠠᠳ ᠣᠯᠠᠨ ᠢ ᠰᠦᠰᠦᠭ ᠦᠭᠡᠢ ᠬᠥᠮᠦᠨ ᠦ ᠨᠣᠶᠠᠷᠬᠠᠯ ᠪᠠ ᠬᠠᠪᠬᠠᠨ ᠠᠴᠠ ᠨᠢ ᠬᠠᠮᠠᠭᠠᠯᠠᠵᠤ ᠪᠠᠢᠳᠠᠭ᠃
31 ᠬᠠᠷᠢᠨ ᠬᠡᠨ ᠨᠢᠭᠡᠨ ᠨᠢ ᠪᠤᠷᠬᠠᠨ ᠳᠤ᠄ 〈ᠪᠢ ᠰᠢᠳᠬᠡᠯ ᠬᠦᠯᠢᠶᠡᠶ᠎ᠡ᠂ ᠪᠢ ᠳᠠᠬᠢᠭᠠᠳ ᠭᠡᠮ ᠦᠢᠯᠡᠳᠬᠦ ᠦᠭᠡᠢ
32 ᠣᠯᠵᠤ ᠬᠠᠷᠠᠭ᠎ᠠ ᠦᠭᠡᠢ ᠶᠢ ᠮᠢᠨᠢ ᠨᠠᠳᠠ ᠳᠤ ᠵᠢᠭᠠᠵᠤ ᠥᠭᠭᠥᠭᠡᠴᠢ ᠠᠯᠳᠠᠭ᠎ᠠ ᠪᠤᠷᠤᠭᠤ ᠲᠠᠢ ᠪᠠᠢᠭᠰᠠᠨ ᠪᠣᠯ ᠪᠢ ᠠᠬᠢᠭᠠᠳ ᠲᠡᠳᠡᠭᠡᠷ ᠢ ᠦᠢᠯᠡᠳᠬᠦ ᠦᠭᠡᠢ〉 ᠭᠡᠵᠦ ᠬᠡᠯᠡᠬᠦ ᠶᠣᠰᠣᠲᠠᠢ ᠪᠢᠰᠢ ᠤᠤ︖
33 ᠲᠠ ᠭᠡᠮᠰᠢᠬᠦ ᠦᠭᠡᠢ ᠪᠠᠢᠬᠤ ᠳᠤ᠂ ᠪᠤᠷᠬᠠᠨ ᠬᠦᠰᠡᠭᠰᠡᠨ ᠢᠶᠡᠷ ᠴᠢᠨᠢ ᠨᠥᠬᠥᠨ ᠲᠥᠯᠥᠬᠦ ᠶᠣᠰᠣᠲᠠᠢ ᠭᠡᠵᠢ ᠤᠤ︖ ᠪᠢ ᠪᠢᠰᠢ᠂ ᠲᠠ ᠰᠣᠩ᠋ᠭᠣᠬᠤ ᠶᠣᠰᠣᠲᠠᠢ᠂ ᠶᠣᠪ ᠡ ᠵᠠ᠂ ᠰᠠᠨᠠᠯ ᠢᠶᠠᠨ ᠬᠡᠯᠡᠭᠡᠴᠢ᠂
34 ᠦᠭᠡ ᠶᠢ ᠮᠢᠨᠢ ᠰᠣᠨᠣᠰᠣᠭᠰᠠᠨ ᠤᠬᠠᠭᠠᠯᠢᠭ᠂ ᠮᠡᠷᠭᠡᠨ ᠬᠥᠮᠦᠰ ᠨᠠᠳᠠ ᠳᠤ᠄
35 〈ᠶᠣᠪ ᠤᠨ ᠶᠠᠷᠢᠶᠠᠨ ᠳᠤ ᠮᠡᠳᠡᠯᠭᠡ ᠠᠯᠠᠭ᠎ᠠ ᠦᠭᠡᠨ ᠳᠦᠨᠢ ᠮᠡᠷᠭᠡᠨ ᠤᠬᠠᠭᠠᠨ ᠦᠭᠡᠢ〉 ᠭᠡᠵᠦ ᠬᠡᠯᠡᠨ᠎ᠡ᠂
36 ᠶᠣᠪ ᠬᠣᠷᠣᠨ ᠮᠠᠭᠤ ᠬᠥᠮᠦᠨ ᠰᠢᠭ ᠬᠠᠷᠢᠭᠤᠯᠳᠠᠭ ᠲᠤᠯᠠ ᠲᠤᠢᠯ ᠳᠠᠭᠠᠨ ᠲᠤᠯᠲᠠᠯ᠎ᠠ ᠰᠣᠷᠢᠭᠳᠠᠬᠤ ᠴᠤ ᠪᠣᠯᠣᠭᠠᠰᠠᠢ᠂
37 ᠲᠡᠷᠡ ᠪᠡᠷ ᠳᠡᠭᠡᠷ᠎ᠡ ᠪᠡᠨ ᠲᠡᠷᠰᠯᠡᠯ ᠢ ᠨᠡᠮᠡᠵᠦ ᠪᠢᠳᠡᠨ ᠦ ᠳᠤᠮᠳᠠ ᠠᠯᠠᠭ᠎ᠠ ᠪᠠᠨ ᠲᠠᠰᠢᠨ ᠪᠤᠷᠬᠠᠨ ᠤ ᠡᠰᠡᠷᠭᠦ ᠣᠯᠠᠨ ᠦᠭᠡ ᠶᠠᠷᠢᠵᠤ ᠪᠠᠢᠨ᠎ᠠ》 ᠭᠡᠪᠡ᠃