1 2 3 4 5 6 7 8 9 10 11 12 13 14 15 16 17 18 19 20 21 22 23 24 25 26 27 28 29 30 31 32 33 34 35 36 37 38 39 40 41 42


ᠶᠣᠪ ᠭᠤᠴᠢᠨ ᠲᠠᠪᠤ

1 ᠡᠯᠢᠾᠦ᠋ ᠦᠷᠭᠦᠯᠵᠢᠯᠡᠭᠦᠯᠦᠨ᠄
2 《ᠲᠠ ᠶᠠᠷᠢᠵᠤ ᠪᠠᠢᠭ᠎ᠠ ᠪᠠᠨ ᠵᠦᠢ ᠲᠡᠢ ᠭᠡᠵᠦ ᠪᠣᠳᠣᠵᠤ ᠪᠠᠢᠨ᠎ᠠ ᠤᠤ︖ ᠲᠠ᠄ 〈ᠪᠤᠷᠬᠠᠨ ᠤ ᠡᠮᠦᠨ᠎ᠡ ᠪᠢ ᠵᠥᠪ ᠰᠢᠳᠤᠷᠭᠤ〉 ᠭᠡᠰᠡᠨ᠂
3 ᠪᠠᠰᠠ 〈ᠲᠡᠭᠡᠭᠰᠡᠨ ᠴᠤ ᠨᠠᠳᠠ ᠳᠤ ᠶᠠᠮᠠᠷ ᠠᠰᠢᠭ ᠲᠠᠢ ᠪᠢᠯᠡ︖ ᠨᠢᠭᠦᠯ ᠦᠢᠯᠡᠳᠬᠦ ᠦᠭᠡᠢ ᠪᠠᠢᠭᠰᠠᠨ ᠢᠶᠠᠷ ᠪᠢ ᠶᠠᠭᠤ ᠣᠯᠬᠤ ᠪᠢᠯᠡ︖〉 ᠭᠡᠰᠡᠨ ᠶᠤᠮ᠃
4 ᠲᠡᠢᠮᠦ ᠡᠴᠡ ᠲᠠᠨ ᠳᠤ ᠪᠣᠯᠣᠨ ᠲᠠᠨ ᠤ ᠠᠨᠳᠠ ᠨᠠᠷ ᠲᠤ ᠬᠠᠷᠢᠭᠤᠯᠤᠶ᠎ᠠ᠂
5 ᠲᠩᠷᠢ ᠥᠭᠡᠳᠡ ᠬᠠᠷᠠᠭᠲᠤᠨ ᠥᠪᠡᠷ ᠡᠴᠡ ᠪᠡᠨ ᠥᠨᠳᠥᠷ ᠲᠦ ᠪᠤᠢ ᠡᠭᠦᠯᠡᠰ ᠢ ᠦᠵᠡᠭᠲᠦᠨ᠂
6 ᠲᠠ ᠨᠢᠭᠦᠯ ᠦᠢᠯᠡᠳᠳᠡᠭ ᠢᠶᠡᠷ ᠢᠶᠠᠨ ᠪᠤᠷᠬᠠᠨ ᠢ ᠶᠠᠭᠠᠬᠢᠵᠤ ᠨᠥᠯᠥᠭᠡᠯᠡᠬᠦ ᠪᠤᠢ︖ ᠨᠢᠭᠦᠯ ᠴᠢᠨᠢ ᠣᠯᠠᠨ ᠪᠠᠢᠭᠰᠠᠨ ᠴᠤ ᠲᠡᠭᠦᠨ ᠳᠦ ᠶᠠᠮᠠᠷ ᠬᠠᠮᠢᠶ᠎ᠠ ᠲᠠᠢ ᠪᠤᠢ︖
7 ᠵᠥᠪᠲᠦ ᠪᠠᠢᠯ᠎ᠠ ᠴᠤ ᠲᠠ ᠲᠡᠭᠦᠨ ᠳᠦ ᠶᠠᠭᠤ ᠬᠦᠷᠲᠡᠭᠡᠵᠦ ᠲᠠᠨ ᠤ ᠭᠠᠷ ᠠᠴᠠ ᠲᠡᠷᠡ ᠶᠠᠭᠤ ᠬᠦᠷᠲᠡᠬᠦ ᠶᠣᠰᠣᠲᠠᠢ ᠪᠤᠢ︖
8 ᠠᠯᠳᠠᠭ᠎ᠠ ᠴᠢᠨᠢ ᠲᠠᠨ ᠰᠢᠭ᠋ ᠬᠥᠮᠦᠨ ᠢ ᠯᠠ ᠵᠥᠪᠲᠦ ᠪᠠᠢᠳᠠᠯ ᠴᠢᠨᠢ ᠬᠥᠮᠦᠨ ᠦ ᠬᠥᠪᠡᠭᠦᠳ ᠢ ᠯᠠ ᠨᠥᠯᠥᠭᠡᠯᠡᠨ᠎ᠡ᠃

9 ᠬᠥᠮᠦᠰ ᠣᠯᠠᠨ ᠳᠠᠷᠤᠮᠲᠠ ᠠᠴᠠ ᠪᠣᠯᠵᠤ ᠬᠠᠰᠬᠢᠷᠤᠨ ᠬᠦᠴᠦᠲᠡᠳ ᠦᠨ ᠭᠠᠷ ᠠᠴᠠ ᠠᠪᠤᠷᠬᠠᠳᠠᠬᠤ ᠶᠢ ᠬᠦᠰᠡᠳᠡᠭ ᠪᠣᠯᠪᠠᠴᠤ
10 〈ᠨᠠᠮᠠᠶᠢ ᠪᠦᠲᠦᠭᠡᠭᠴᠢ ᠪᠤᠷᠬᠠᠨ᠂ ᠰᠥᠨᠢ ᠳᠤᠮᠳᠠ ᠪᠠᠷ ᠳᠠᠭᠤᠤ ᠰᠣᠶᠣᠷᠬᠠᠭᠴᠢ
11 ᠪᠢᠳᠡᠨ ᠳᠦ ᠭᠠᠵᠠᠷ ᠤᠨ ᠠᠮᠢᠲᠠᠳ ᠠᠴᠠ ᠢᠯᠡᠭᠦᠦ ᠶᠢ ᠰᠤᠷᠭᠠᠭᠴᠢ ᠪᠢᠳᠡᠨ ᠢ ᠲᠩᠷᠢ ᠶᠢᠨ ᠰᠢᠪᠠᠭᠤᠳ ᠠᠴᠠ ᠢᠯᠡᠭᠦᠦ ᠮᠡᠷᠭᠡᠨ ᠪᠣᠯᠭᠠᠭᠴᠢ ᠲᠡᠷᠡ ᠬᠠᠮᠢᠭ᠎ᠠ ᠪᠠᠢᠨ᠎ᠠ︖〉 ᠭᠡᠵᠦ ᠶᠠᠷᠢᠭᠴᠢ ᠨᠢ ᠦᠭᠡᠢ ᠪᠠᠢᠨ᠎ᠠ᠂
12 〈ᠬᠣᠷᠣᠨ ᠮᠠᠭᠤ ᠬᠥᠮᠦᠰ ᠦᠨ ᠣᠩᠭᠢᠷᠠᠳᠠᠭ ᠭᠠᠵᠠᠷ ᠲᠤ ᠲᠡᠳᠡᠨ ᠦ ᠤᠯᠠᠮ ᠢᠶᠠᠷ ᠣᠷᠢᠯᠠᠭᠰᠠᠨ ᠴᠤ ᠲᠡᠷᠡ ᠬᠠᠷᠢᠭᠤᠯᠳᠠᠭ ᠦᠭᠡᠢ〉 ᠭᠡᠳ
13 〈ᠪᠤᠷᠬᠠᠨ ᠰᠣᠨᠣᠰᠬᠤ ᠦᠭᠡᠢ ᠲᠡᠭᠦᠰ ᠬᠦᠴᠦᠲᠡᠨ ᠣᠢᠰᠢᠶᠠᠬᠤ ᠦᠭᠡᠢ〉 ᠭᠡᠳᠡᠭ ᠨᠢ ᠬᠣᠭᠣᠰᠣᠨ
14 〈ᠲᠡᠷᠡ ᠬᠠᠷᠠᠬᠤ ᠦᠭᠡᠢ〉 ᠭᠡᠳᠡᠭ ᠨᠢ ᠪᠦᠷ ᠬᠣᠭᠣᠰᠣᠨ᠂ ᠲᠠᠨ ᠤ ᠬᠡᠷᠡᠭ ᠲᠡᠭᠦᠨ ᠦ ᠡᠮᠦᠨ᠎ᠡ ᠪᠠᠢᠨ᠎ᠠ ᠲᠠ ᠲᠡᠭᠦᠨ ᠢ ᠬᠦᠯᠢᠶᠡ᠂
15 ᠭᠡᠪᠡᠴᠦ ᠣᠳᠣ 〈ᠲᠡᠷᠡ ᠬᠢᠯᠢᠩ ᠢᠶᠠᠷ ᠢᠶᠠᠨ ᠰᠢᠳᠬᠡᠳᠡᠭ ᠦᠭᠡᠢ ᠮᠤᠩ᠋ᠬᠠᠭᠯᠠᠯ ᠢ ᠶᠡᠬᠡ ᠠᠩᠵᠠᠭᠠᠷᠠᠳᠠᠭ ᠦᠭᠡᠢ〉 ᠭᠡᠵᠦ
16 ᠶᠣᠪ ᠲᠠ ᠠᠮᠠ ᠪᠠᠨ ᠳᠡᠮᠡᠢ ᠨᠡᠭᠡᠭᠡᠨ ᠮᠡᠳᠡᠯᠭᠡ ᠦᠭᠡᠢ ᠣᠯᠠᠨ ᠦᠭᠡ ᠶᠢ ᠭᠠᠷᠭᠠᠵᠤ ᠪᠠᠢᠨ᠎ᠠ》 ᠭᠡᠪᠡ᠃