1 2 3 4 5 6 7 8 9 10 11 12 13 14 15 16 17 18 19 20 21 22 23 24 25 26 27 28 29 30 31 32 33 34 35 36 37 38 39 40 41 42


ᠶᠣᠪ ᠳᠥᠴᠢᠨ ᠬᠣᠶᠠᠷ
 ᠶᠣᠪ ᠤᠨ ᠬᠠᠷᠢᠭᠤ

1 ᠶᠣᠪ ᠶᠣᠬᠣᠸᠠ ᠳᠤ ᠬᠠᠷᠢᠭᠤᠯᠤᠨ᠄
2 《ᠲᠠ ᠪᠦᠬᠦᠨ ᠢ ᠦᠢᠯᠡᠳᠴᠦ ᠴᠢᠳᠠᠬᠤ ᠶᠢ ᠪᠢ ᠮᠡᠳᠡᠳᠡᠭ ᠲᠠᠨ ᠤ ᠲᠥᠯᠥᠪᠯᠡᠭᠰᠡᠨ ᠵᠦᠢᠯᠡᠰ ᠰᠠᠭᠠᠲᠠᠭᠠᠭᠳᠠᠭ ᠦᠭᠡᠢ
3 ᠲᠠ᠄ 〈ᠮᠡᠳᠡᠯᠭᠡ ᠦᠭᠡᠢ ᠪᠠᠷ ᠵᠣᠷᠢᠯᠭ᠎ᠠ ᠶᠢ ᠮᠢᠨᠢ ᠪᠦᠳᠡᠭᠢᠷᠡᠭᠦᠯᠵᠦ ᠪᠠᠢᠭ᠎ᠠ ᠡᠨᠡ ᠬᠡᠨ ᠪᠤᠢ︖〉 ᠭᠡᠰᠡᠨᠴᠢᠯᠡᠨ ᠦᠨᠡᠬᠡᠷ ᠪᠢ ᠥᠪᠡᠷ ᠦᠨ ᠣᠢᠯᠠᠭᠠᠰᠢ ᠦᠭᠡᠢ᠂ ᠮᠡᠳᠡᠰᠢ ᠦᠭᠡᠢ ᠭᠠᠢᠬᠠᠮᠰᠢᠭᠲᠠᠢ ᠵᠦᠢᠯᠡᠰ ᠢ ᠶᠠᠷᠢᠵᠠᠢ᠂
4 ᠲᠠ 〈ᠴᠢ ᠡᠷ᠎ᠡ ᠬᠥᠮᠦᠨ ᠰᠢᠭ ᠪᠦᠰᠡ ᠪᠡᠨ ᠴᠢᠩ᠋ᠭᠠᠯᠠᠵᠤ ᠠᠰᠠᠭᠤᠯᠲᠠ ᠳᠤ ᠮᠢᠨᠢ ᠬᠠᠷᠢᠭᠤ ᠥᠭ〉 ᠭᠡᠰᠡᠨ᠂
5 ᠪᠢ ᠲᠠᠨ ᠤ ᠲᠤᠬᠠᠢ ᠴᠢᠬᠢ ᠪᠠᠷ ᠢᠶᠠᠨ ᠯᠠ ᠰᠣᠨᠣᠰᠴᠤ ᠪᠠᠢᠭᠰᠠᠨ ᠣᠳᠣ ᠲᠠᠨ ᠢ ᠨᠢᠳᠦ ᠪᠡᠷ ᠢᠶᠠᠨ ᠬᠠᠷᠠᠵᠠᠢ᠂
6 ᠡᠢᠮᠦ ᠡᠴᠡ ᠪᠢ ᠦᠭᠡ ᠪᠡᠨ ᠪᠤᠴᠠᠭᠠᠵᠤ ᠦᠨᠡᠰᠦ ᠰᠢᠷᠣᠢ ᠶᠢᠨ ᠳᠡᠭᠡᠷ᠎ᠡ ᠭᠡᠮᠰᠢᠨ᠎ᠡ》 ᠭᠡᠪᠡ᠃

7 ᠶᠣᠬᠣᠸᠠ ᠶᠣᠪ ᠲᠤ ᠠᠢᠯᠠᠳᠤᠭᠰᠠᠨ ᠤ ᠳᠠᠷᠠᠭ᠎ᠠ᠂ ᠲᠧᠮᠠᠨ ᠬᠥᠮᠦᠨ ᠡᠯᠢᠹᠠᠽ ᠲᠤ᠄ 《ᠪᠢ ᠴᠢᠮ᠎ᠠ ᠳᠤ ᠪᠣᠯᠣᠨ ᠴᠢᠨᠦ ᠬᠣᠶᠠᠷ ᠠᠨᠳᠠ ᠳᠤ ᠠᠭᠤᠷ ᠬᠦᠷᠴᠦ ᠪᠠᠢᠨ᠎ᠠ᠃ ᠮᠢᠨᠦ ᠲᠤᠬᠠᠢ ᠲᠠ ᠨᠠᠷ ᠮᠢᠨᠦ ᠵᠠᠷᠤᠴᠠ ᠶᠣᠪ ᠰᠢᠭ᠋ ᠦᠨᠡᠨᠴᠢ ᠪᠠᠷ ᠶᠠᠷᠢᠭᠰᠠᠨ ᠪᠢᠰᠢ᠃ 8 ᠣᠳᠣ ᠲᠠ ᠨᠠᠷ ᠮᠢᠨᠦ ᠵᠠᠷᠤᠴᠠ ᠶᠣᠪ ᠤᠷᠤᠭᠤ ᠳᠣᠯᠣᠭᠠᠨ ᠪᠤᠬ᠎ᠠ᠂ ᠳᠣᠯᠣᠭᠠᠨ ᠬᠤᠴᠠ ᠠᠪᠴᠢᠷᠠᠵᠤ᠂ ᠥᠪᠡᠷᠰᠡᠳ ᠲᠡᠭᠡᠨ ᠵᠣᠷᠢᠭᠤᠯᠤᠨ ᠰᠢᠲᠠᠭᠠᠯᠭᠠᠲᠤ ᠲᠠᠬᠢᠯ ᠡᠷᠭᠦᠭᠲᠦᠨ᠃ ᠮᠢᠨᠦ ᠵᠠᠷᠤᠴᠠ ᠶᠣᠪ ᠲᠠ ᠨᠠᠷ ᠤᠨ ᠡᠮᠦᠨ᠎ᠡ ᠡᠴᠡ ᠳᠠᠭᠠᠳᠬᠠᠪᠠᠯ᠂ ᠪᠢ ᠳᠠᠭᠠᠳᠬᠠᠯ ᠢ ᠨᠢ ᠬᠦᠯᠢᠶᠡᠨ ᠠᠪᠬᠤ ᠪᠥᠭᠡᠳ ᠮᠤᠩ᠋ᠬᠠᠭᠯᠠᠯ ᠤᠨ ᠴᠢᠨᠢ ᠶᠣᠰᠣᠭᠠᠷ ᠲᠠ ᠨᠠᠷ ᠲᠤ ᠬᠠᠨᠳᠤᠬᠤ ᠦᠭᠡᠢ᠃ ᠲᠠ ᠨᠠᠷ ᠮᠢᠨᠦ ᠲᠤᠬᠠᠢ ᠮᠢᠨᠦ ᠵᠠᠷᠤᠴᠠ ᠶᠣᠪ ᠰᠢᠭ᠋ ᠦᠨᠡᠨᠴᠢ ᠪᠠᠷ ᠶᠠᠷᠢᠭᠰᠠᠨ ᠪᠢᠰᠢ》 ᠭᠡᠪᠡ᠃ 9 ᠢᠩᠭᠢᠭᠡᠳ ᠲᠧᠮᠠᠨ ᠬᠥᠮᠦᠨ ᠡᠯᠢᠹᠠᠽ᠂ ᠱᠦᠾ ᠬᠥᠮᠦᠨ ᠪᠢᠯᠳᠠᠳ᠋ ᠪᠣᠯᠣᠨ ᠨᠠᠮᠠ ᠬᠥᠮᠦᠨ ᠽᠣᠹᠠᠷ ᠬᠥᠳᠡᠯᠵᠦ᠂ ᠶᠣᠬᠣᠸᠠ ᠶᠢᠨ ᠥᠪᠡᠷᠰᠡᠳ ᠲᠤᠨᠢ ᠠᠢᠯᠠᠳᠤᠭᠰᠠᠨ ᠤ ᠶᠣᠰᠣᠭᠠᠷ ᠦᠢᠯᠡᠳᠦᠭᠰᠡᠨ ᠪᠥᠭᠡᠳ ᠶᠣᠬᠣᠸᠠ ᠶᠣᠪ ᠤᠨ ᠳᠠᠭᠠᠳᠬᠠᠯ ᠢ ᠬᠦᠯᠢᠶᠡᠨ ᠠᠪᠴᠠᠢ᠃
 ᠪᠤᠷᠬᠠᠨ ᠶᠣᠪ ᠢ ᠰᠡᠷᠭᠦᠭᠡᠪᠡ

10 ᠶᠣᠪ ᠨᠥᠬᠥᠳ ᠦᠨ ᠢᠶᠠᠨ ᠲᠥᠯᠥᠭᠡ ᠳᠠᠭᠠᠳᠬᠠᠬᠤ ᠳᠤ᠂ ᠶᠣᠬᠣᠸᠠ ᠲᠡᠭᠦᠨ ᠦ ᠪᠠᠢᠳᠠᠯ ᠢ ᠰᠡᠷᠭᠦᠭᠡᠪᠡ᠃ ᠲᠡᠷᠡ ᠲᠡᠭᠦᠨ ᠳᠦ ᠪᠠᠢᠭᠰᠠᠨ ᠪᠦᠬᠦᠨ ᠢ ᠨᠢ ᠬᠣᠶᠠᠷ ᠳᠠᠬᠢᠨ ᠪᠣᠯᠭᠠᠵᠠᠢ᠃ 11 ᠲᠡᠭᠦᠨ ᠦ ᠪᠦᠬᠦ ᠠᠬ᠎ᠠ ᠳᠡᠭᠦᠦ᠂ ᠡᠭᠡᠴᠢ ᠳᠡᠭᠦᠦ ᠬᠢᠭᠡᠳ ᠲᠡᠭᠦᠨ ᠢ ᠲᠠᠨᠢᠳᠠᠭ ᠪᠠᠢᠭᠰᠠᠨ ᠪᠦᠭᠦᠳᠡ ᠲᠡᠭᠦᠨ ᠤᠷᠤᠭᠤ ᠢᠷᠡᠵᠡᠭᠡᠪᠡ᠃ ᠲᠡᠳᠡ ᠶᠣᠪ ᠲᠠᠢ ᠬᠠᠮᠲᠤ ᠭᠡᠷ ᠲᠤᠨᠢ ᠢᠳᠡᠵᠦ ᠤᠤᠭᠤᠨ᠂ ᠶᠣᠬᠣᠸᠠ ᠶᠢᠨ ᠪᠠᠭᠤᠯᠭᠠᠭᠰᠠᠨ ᠠᠯᠢᠪᠠ ᠵᠣᠪᠠᠯᠠᠩ ᠢ ᠠᠮᠰᠠᠭᠰᠠᠨ ᠲᠡᠭᠦᠨ ᠢ ᠲᠠᠢᠪᠤᠰᠢᠷᠠᠭᠤᠯᠤᠨ ᠲᠠᠢᠳᠬᠤᠷᠠᠭᠤᠯᠵᠤ᠂ ᠬᠥᠮᠦᠨ ᠪᠦᠷᠢ ᠨᠢᠵᠡᠭᠡᠳ ᠮᠥᠩᠭᠥ ᠪᠣᠯᠣᠨ ᠠᠯᠲᠠᠨ ᠪᠥᠭᠡᠵᠢ ᠥᠭᠴᠡᠢ᠃ 12 ᠶᠣᠬᠣᠸᠠ ᠶᠣᠪ ᠤᠨ ᠰᠡᠭᠦᠯᠴᠢ ᠶᠢᠨ ᠬᠢᠨᠢ ᠡᠳᠦᠷ ᠤᠳ ᠢ ᠠᠩ᠋ᠬᠠᠨ ᠤ ᠬᠢᠨᠢ ᠡᠳᠦᠷ ᠤᠳ ᠠᠴᠠ ᠢᠯᠡᠭᠦᠦ ᠪᠡᠷ ᠢᠪᠡᠭᠡᠪᠡ᠃ ᠶᠣᠪ ᠲᠦᠮᠡ ᠳᠥᠷᠪᠡᠨ ᠮᠢᠩ᠋ᠭᠠᠨ ᠬᠣᠨᠢ᠂ ᠵᠢᠷᠭᠤᠭᠠᠨ ᠮᠢᠩ᠋ᠭᠠᠨ ᠲᠡᠮᠡᠭᠡ᠂ ᠮᠢᠩ᠋ᠭᠠᠨ ᠪᠤᠭᠤᠯᠠᠭᠠᠨ ᠤ ᠬᠣᠣᠰ ᠦᠬᠡᠷ᠂ ᠮᠢᠩ᠋ᠭᠠᠨ ᠡᠮ᠎ᠡ ᠡᠯᠵᠢᠭᠡ ᠲᠠᠢ ᠪᠣᠯᠪᠠ᠃ 13 ᠲᠡᠷᠡ ᠪᠡᠷ ᠳᠣᠯᠣᠭᠠᠨ ᠬᠦᠦ᠂ ᠭᠤᠷᠪᠠᠨ ᠥᠬᠢᠨ ᠲᠠᠢ ᠪᠣᠯᠵᠠᠢ᠃ 14 ᠶᠣᠪ ᠤᠤᠭᠠᠨ ᠥᠬᠢᠨ ᠢᠶᠠᠨ ᠶᠧᠮᠢᠮᠠ 18 ᠂ ᠳᠠᠷᠠᠭᠠᠬᠢ ᠪᠠᠨ ᠺᠧᠽᠢᠶ᠎ᠠ 19 ᠂ ᠭᠤᠷᠪᠠᠳᠠᠬᠢ ᠪᠠᠨ ᠺᠧᠷᠧᠨ ᠬᠠᠫᠦ᠋ᠺ 20 ᠬᠡᠮᠡᠨ ᠨᠡᠷᠡᠯᠡᠵᠡᠢ᠃ 15 ᠭᠠᠵᠠᠷ ᠳᠠᠶᠠᠭᠠᠷ ᠶᠣᠪ ᠤᠨ ᠥᠬᠢᠳ ᠰᠢᠭ ᠦᠵᠡᠰᠬᠦᠯᠡᠩ ᠲᠡᠢ ᠡᠮᠡᠭᠲᠡᠢ ᠣᠯᠳᠠᠳᠠᠭ ᠦᠭᠡᠢ ᠪᠠᠢᠯ᠎ᠠ᠃ ᠡᠴᠢᠭᠡ ᠨᠢ ᠲᠡᠳᠡᠨ ᠳᠦ ᠠᠬ᠎ᠠ ᠨᠠᠷ ᠲᠠᠢ ᠨᠢ ᠠᠳᠠᠯᠢᠬᠠᠨ ᠥᠪ ᠥᠭᠴᠡᠢ᠃ 16 ᠡᠭᠦᠨ ᠦ ᠳᠠᠷᠠᠭ᠎ᠠ ᠶᠣᠪ ᠵᠠᠭᠤ ᠳᠥᠴᠢᠨ ᠵᠢᠯ ᠠᠮᠢᠳᠤᠷᠠᠭᠰᠠᠨ ᠪᠥᠭᠡᠳ ᠬᠥᠪᠡᠭᠦᠳ᠂ ᠠᠴᠢ ᠨᠠᠷ ᠠᠴᠠ ᠪᠠᠨ ᠭᠠᠳᠠᠨ᠎ᠠ᠂ ᠳᠥᠷᠪᠡᠳᠡᠬᠢ ᠦᠶ᠎ᠡ ᠪᠡᠨ ᠦᠵᠡᠵᠡᠢ᠃ 17 ᠶᠣᠪ ᠥᠨᠳᠥᠷ ᠨᠠᠰᠤᠯᠠᠵᠤ᠂ ᠡᠳᠦᠷ ᠤᠳ ᠢᠶᠠᠨ ᠭᠦᠢᠴᠡᠭᠡᠭᠡᠳ ᠥᠭᠡᠳᠡ ᠪᠣᠯᠣᠭᠰᠠᠨ ᠪᠠᠢᠨ᠎ᠠ᠃