1 2 3 4 5 6 7 8 9 10 11 12 13 14 15 16 17 18 19 20 21 22 23 24 25 26 27 28 29 30 31 32 33 34 35 36 37 38 39 40 41 42


ᠶᠣᠪ ᠠᠷᠪᠠᠨ ᠲᠠᠪᠤ
 ᠬᠣᠶᠠᠳᠤᠭᠠᠷ ᠡᠷᠭᠢᠭᠡᠨ ᠦ ᠶᠠᠷᠢᠯᠴᠠᠭ᠎ᠠ ᠡᠯᠢᠹᠠᠽ ᠤᠨ ᠶᠠᠷᠢᠶ᠎ᠠ

1 ᠲᠧᠮᠠᠨ ᠬᠥᠮᠦᠨ ᠡᠯᠢᠹᠠᠽ ᠬᠠᠷᠢᠭᠤᠯᠤᠨ᠄
2 《ᠴᠡᠴᠡᠨ ᠭᠡᠭᠳᠡᠳᠡᠭ ᠬᠥᠮᠦᠨ ᠬᠣᠭᠣᠰᠣᠨ ᠮᠡᠳᠡᠯᠭᠡ ᠪᠡᠷ ᠬᠠᠷᠢᠭᠤᠯᠵᠤ ᠴᠡᠭᠡᠵᠢ ᠪᠠᠨ ᠳᠣᠷᠣᠨ᠎ᠠ ᠶᠢᠨ ᠬᠠᠷ᠎ᠠ ᠰᠠᠯᠬᠢ ᠪᠠᠷ ᠳᠦᠭᠦᠷᠭᠡᠨ
3 ᠤᠳᠬ᠎ᠠ ᠦᠭᠡᠢ ᠦᠭᠡ᠂ ᠠᠰᠢᠭ ᠦᠭᠡᠢ ᠶᠠᠷᠢᠶ᠎ᠠ ᠪᠠᠷ ᠮᠠᠷᠭᠤᠯᠳᠤᠬᠤ ᠨᠢ ᠤᠤ︖
4 ᠦᠨᠡᠬᠡᠷ ᠴᠢ ᠪᠤᠷᠬᠠᠨ ᠠᠴᠠ ᠡᠮᠢᠶᠡᠬᠦ ᠶᠢ ᠬᠣᠷᠢᠭᠯᠠᠬᠤ ᠭᠡᠵᠦ ᠲᠡᠭᠦᠨ ᠦ ᠡᠮᠦᠨᠡᠬᠢ ᠪᠢᠰᠢᠯᠭᠠᠯ ᠢ ᠰᠠᠭᠠᠲᠠᠭᠤᠯᠵᠤ ᠪᠠᠢᠨ᠎ᠠ᠂
5 ᠭᠡᠮ ᠴᠢᠨᠢ ᠴᠢᠨᠦ ᠠᠮᠠ ᠶᠢ ᠵᠢᠯᠣᠭᠣᠳᠴᠤ ᠴᠢ ᠵᠠᠯᠢᠲᠤ ᠬᠡᠯᠡ ᠶᠢ ᠰᠣᠩ᠋ᠭᠣᠵᠠᠢ᠂
6 ᠴᠢᠮᠠᠶᠢ ᠪᠤᠷᠤᠭᠤᠳᠬᠠᠭᠴᠢ ᠨᠢ ᠪᠢ ᠪᠢᠰᠢ᠂ ᠥᠪᠡᠷ ᠦᠨ ᠴᠢᠨᠢ ᠠᠮᠠ ᠴᠢᠨᠦ ᠡᠰᠡᠷᠭᠦ ᠭᠡᠷᠡᠴᠢᠯᠡᠭᠴᠢ ᠨᠢ ᠥᠪᠡᠷ ᠦᠨ ᠴᠢᠨᠢ ᠣᠷᠣᠭᠤᠯ ᠶᠤᠮ᠃

7 ᠴᠢ ᠠᠩ᠋ᠬᠠᠨ ᠤ ᠬᠥᠮᠦᠨ ᠪᠣᠯᠵᠤ ᠲᠥᠷᠥᠭᠰᠡᠨ ᠤᠤ︖ ᠠᠭᠤᠯᠠ ᠲᠣᠯᠣᠭᠠᠳ ᠠᠴᠠ ᠴᠤ ᠡᠮᠦᠨ᠎ᠡ ᠡᠭᠦᠰᠦᠭᠰᠡᠨ ᠤᠤ︖
8 ᠴᠢ ᠪᠤᠷᠬᠠᠨ ᠤ ᠵᠥᠪᠯᠡᠯ ᠳᠦ ᠰᠣᠨᠣᠰᠴᠤ ᠪᠠᠢᠨ᠎ᠠ ᠤᠤ︖ ᠮᠡᠷᠭᠡᠨ ᠤᠬᠠᠭᠠᠨ ᠢ ᠴᠢ ᠯᠠ ᠠᠪᠤᠭᠰᠠᠨ ᠤᠤ︖
9 ᠴᠢᠨᠦ ᠯᠠ ᠮᠡᠳᠡᠳᠡᠭ ᠪᠢᠳᠡᠨ ᠦ ᠮᠡᠳᠡᠳᠡᠭ ᠦᠭᠡᠢ ᠨᠢ ᠶᠠᠭᠤ ᠪᠠᠢᠨ᠎ᠠ︖ ᠴᠢᠨᠦ ᠯᠠ ᠣᠢᠯᠠᠭᠠᠳᠠᠭ ᠪᠢᠳᠡᠨ ᠦ ᠣᠢᠯᠠᠭᠠᠳᠠᠭ ᠦᠭᠡᠢ ᠨᠢ ᠶᠠᠭᠤ ᠪᠠᠢᠨ᠎ᠠ︖
10 ᠪᠢᠳᠡᠨ ᠦ ᠳᠤᠮᠳᠠ ᠪᠤᠭᠤᠷᠤᠯ ᠨᠢ ᠴᠤ᠂ ᠴᠢᠨᠦ ᠡᠴᠢᠭᠡ ᠡᠴᠡ ᠥᠲᠡᠯᠦᠭᠡ ᠨᠢᠭᠡᠨ ᠨᠢ ᠴᠤ ᠪᠠᠢᠨ᠎ᠠ᠂
11 ᠪᠤᠷᠬᠠᠨ ᠤ ᠲᠠᠢᠳᠬᠤᠷᠠᠭᠤᠯᠤᠯ᠂ ᠵᠥᠭᠡᠯᠡᠨ ᠦᠭᠡᠰ ᠨᠢ ᠴᠢᠮ᠎ᠠ ᠳᠤ ᠪᠠᠭᠠᠳᠠᠭᠠᠳ ᠪᠠᠢᠨ᠎ᠠ ᠤᠤ︖
12 ᠴᠢ ᠵᠢᠷᠦᠬᠡ ᠪᠡᠨ ᠶᠠᠭᠤᠨ ᠳᠤ ᠠᠪᠲᠠᠭᠤᠯᠴᠢᠬᠠᠭᠠᠳ ᠨᠢᠳᠦ ᠪᠡᠨ ᠦᠵᠦᠭᠦᠷᠯᠡᠵᠦ
13 ᠠᠭᠤᠷ ᠢᠶᠠᠨ ᠪᠤᠷᠬᠠᠨ ᠤᠷᠤᠭᠤ ᠡᠷᠭᠢᠭᠦᠯᠵᠦ ᠠᠮᠠᠨ ᠠᠴᠠ ᠪᠠᠨ ᠡᠢᠮᠦ ᠦᠭᠡᠰ ᠢ ᠭᠠᠷᠭᠠᠨ᠎ᠠ ᠪᠤᠢ︖
14 ᠬᠥᠮᠦᠨ ᠭᠡᠭᠴᠢ ᠶᠠᠭᠤ ᠪᠣᠯᠣᠭᠠᠳ ᠴᠡᠪᠡᠷ ᠪᠠᠢᠵᠤ ᠴᠢᠳᠠᠬᠤ ᠪᠢᠯᠡ︖ ᠡᠮᠡᠭᠲᠡᠢ ᠡᠴᠡ ᠲᠥᠷᠥᠭᠰᠡᠨ ᠨᠢ ᠶᠠᠭᠤ ᠪᠣᠯᠣᠭᠠᠳ ᠵᠥᠪ ᠪᠠᠢᠵᠤ ᠴᠢᠳᠠᠬᠤ ᠪᠢᠯᠡ︖
15 ᠬᠠᠷᠠ᠂ ᠠᠷᠢᠭᠤᠨ ᠲᠦᠮᠡᠨ ᠢᠶᠡᠨ ᠴᠤ ᠪᠤᠷᠬᠠᠨ ᠢᠲᠡᠭᠡᠳᠡᠭ ᠦᠭᠡᠢ ᠲᠩᠷᠢ ᠴᠤ ᠲᠡᠭᠦᠨ ᠦ ᠮᠡᠯᠮᠡᠢ ᠳᠦ ᠴᠡᠪᠡᠷ ᠪᠢᠰᠢ ᠪᠠᠢᠬᠤ ᠳᠤ᠂
16 ᠵᠢᠭᠰᠢᠭᠦᠷᠢᠲᠡᠢ᠂ ᠳᠣᠷᠣᠢᠲᠠᠭᠰᠠᠨ᠂ ᠭᠡᠮ ᠢ ᠤᠰᠤ ᠠᠳᠠᠯᠢ ᠤᠤᠭᠤᠳᠠᠭ ᠬᠥᠮᠦᠨ ᠢ ᠶᠠᠭᠤ ᠭᠡᠯᠲᠡᠢ ᠪᠢᠯᠡ︕

17 ᠪᠢ ᠴᠢᠮ᠎ᠠ ᠳᠤ ᠬᠡᠯᠡᠶ᠎ᠡ᠂ ᠮᠢᠨᠦᠬᠢ ᠶᠢ ᠰᠣᠨᠣᠰ ᠪᠢ ᠶᠠᠭᠤ ᠦᠵᠡᠭᠰᠡᠨ ᠢᠶᠡᠨ ᠥᠭᠦᠯᠡᠶ᠎ᠡ᠂
18 〈ᠡᠴᠢᠭᠡ ᠡᠪᠦᠭᠡᠳ ᠮᠡᠷᠭᠡᠳ ᠦᠨ ᠢᠶᠠᠨ ᠨᠢᠭᠤᠯ ᠦᠭᠡᠢ ᠮᠡᠳᠡᠭᠦᠯᠦᠭᠰᠡᠨ ᠢ ᠥᠭᠦᠯᠡᠶ᠎ᠡ᠂
19 ᠲᠡᠷᠡ ᠨᠤᠲᠤᠭ ᠲᠡᠳᠡᠨ ᠳᠦ ᠯᠠ ᠰᠣᠶᠣᠷᠬᠠᠭᠳᠠᠭᠰᠠᠨ ᠬᠠᠷᠢ ᠶᠢᠨ ᠬᠢᠨ ᠨᠢ ᠲᠡᠳᠡᠨ ᠦ ᠳᠤᠮᠳᠠᠭᠤᠷ ᠥᠩᠭᠡᠷᠡᠳᠡᠭ ᠦᠭᠡᠢ ᠪᠠᠢᠯ᠎ᠠ᠃〉
20 ᠬᠣᠷᠣᠨ ᠮᠠᠭᠤ ᠬᠥᠮᠦᠨ ᠪᠦᠬᠦ ᠡᠳᠦᠷ ᠦᠨ ᠢᠶᠠᠨ ᠲᠤᠷᠰᠢ ᠬᠠᠷᠭᠢᠰ ᠬᠥᠮᠦᠨ ᠳᠦ ᠬᠠᠳᠠᠭᠠᠯᠠᠭᠳᠠᠭᠰᠠᠨ ᠪᠦᠬᠦ ᠵᠢᠯ ᠤᠳ ᠢᠶᠠᠷ ᠢᠶᠠᠨ ᠲᠠᠷᠴᠢᠯᠠᠭᠰᠠᠭᠠᠷ ᠪᠠᠢᠵᠤ᠂
21 ᠠᠶᠤᠮᠰᠢᠭᠲᠤ ᠴᠢᠮᠡᠭᠡ ᠴᠢᠬᠢᠨ ᠳᠦᠨᠢ ᠰᠣᠨᠣᠰᠳᠠᠨ᠎ᠠ᠂ ᠠᠮᠤᠷ ᠲᠠᠢᠪᠤᠩ ᠦᠶ᠎ᠡ ᠳᠦ ᠴᠤ ᠰᠦᠢᠳᠬᠡᠭᠴᠢᠳ ᠣᠷᠣᠵᠤ ᠢᠷᠡᠨ᠎ᠡ᠂
22 ᠲᠡᠷᠡ ᠬᠠᠷᠠᠩ᠋ᠭᠤᠢ ᠠᠴᠠ ᠭᠠᠷᠤᠨ᠎ᠠ ᠭᠡᠳᠡᠭ ᠲᠡᠭᠡᠨ ᠦᠯᠦ ᠢᠲᠡᠭᠡᠨ᠎ᠡ ᠢᠯᠳᠦ ᠲᠡᠭᠦᠨ ᠢ ᠤᠲᠤᠨ᠎ᠠ᠂
23 ᠲᠡᠷᠡ 〈ᠬᠠᠮᠢᠭ᠎ᠠ ᠬᠣᠭᠣᠯᠠ ᠪᠠᠢᠨ᠎ᠠ ᠪᠤᠢ︖〉 ᠬᠡᠮᠡᠨ ᠲᠡᠨᠦᠭᠦᠴᠢᠯᠡᠭᠰᠡᠭᠡᠷ ᠪᠠᠢᠬᠤ ᠪᠣᠯᠣᠨ᠎ᠠ᠂ ᠬᠠᠷᠠᠩ᠋ᠭᠤᠢ ᠶᠢᠨ ᠡᠳᠦᠷ ᠬᠠᠶᠠᠭᠠᠨ ᠳᠤᠨᠢ ᠢᠷᠡᠭᠰᠡᠨ ᠪᠠᠢᠭ᠎ᠠ ᠶᠢ ᠲᠡᠷᠡ ᠮᠡᠳᠡᠨ᠎ᠡ᠂
24 ᠪᠡᠷᠬᠡ ᠵᠣᠪᠠᠯᠠᠩ ᠲᠡᠭᠦᠨ ᠢ ᠠᠶᠤᠯᠭᠠᠵᠤ ᠪᠠᠢᠯᠳᠤᠬᠤ ᠪᠠᠷ ᠪᠡᠯᠡᠨ ᠪᠤᠢ ᠬᠠᠭᠠᠨ ᠮᠡᠲᠦ ᠲᠡᠭᠦᠨ ᠢ ᠳᠠᠷᠤᠨ᠎ᠠ᠂
25 ᠤᠴᠢᠷ ᠨᠢ ᠲᠡᠷᠡ ᠪᠡᠷ ᠪᠤᠷᠬᠠᠨ ᠥᠭᠡᠳᠡ ᠭᠠᠷ ᠳᠠᠯᠠᠢᠭᠰᠠᠨ ᠲᠡᠭᠦᠰ ᠬᠦᠴᠦᠲᠡᠨ ᠦ ᠡᠮᠦᠨ᠎ᠡ ᠣᠩᠭᠢᠷᠠᠨ
26 ᠵᠥᠷᠢᠭᠦᠳᠯᠡᠵᠦ᠂ ᠪᠡᠬᠢ ᠪᠠᠮᠪᠠᠢ ᠲᠠᠢ ᠪᠠᠷ ᠲᠡᠭᠦᠰ ᠬᠦᠴᠦᠲᠡᠨ ᠦ ᠡᠰᠡᠷᠭᠦ ᠳᠠᠭᠠᠷᠢᠭᠰᠠᠨ ᠪᠦᠯᠦᠭᠡ᠃
27 ᠲᠡᠭᠦᠨ ᠦ ᠨᠢᠭᠤᠷ ᠲᠣᠰᠣ ᠳᠠᠭᠠᠭᠠᠵᠤ ᠲᠡᠭᠦᠨ ᠦ ᠪᠡᠯᠬᠡᠭᠦᠰᠦᠨ ᠳᠦ ᠬᠠᠷᠪᠢᠩ ᠰᠠᠭᠤᠭᠰᠠᠨ ᠴᠤ
28 ᠲᠡᠷᠡ ᠵᠡᠯᠢᠭᠦᠳ ᠲᠣᠰᠬᠣᠨ ᠳᠤ ᠬᠡᠨ ᠦ ᠴᠤ ᠣᠷᠣᠩᠨᠠᠬᠤ ᠪᠠᠷ ᠦᠭᠡᠢ ᠰᠠᠭᠤᠴᠠᠨ ᠳᠤ ᠨᠤᠷᠠᠩᠬᠢ ᠪᠣᠯᠬᠤ ᠭᠠᠵᠠᠷ ᠲᠤ ᠣᠷᠣᠰᠢᠬᠤ ᠪᠣᠯᠣᠨ᠎ᠠ᠃
29 ᠲᠡᠷᠡ ᠪᠠᠶᠠᠵᠢᠬᠤ ᠦᠭᠡᠢ᠂ ᠡᠳ᠋ ᠪᠠᠶᠠᠯᠢᠭ ᠨᠢ ᠦᠯᠡᠳᠡᠬᠦ ᠦᠭᠡᠢ᠂ ᠥᠮᠴᠢ ᠡᠵᠡᠮᠰᠢᠯ ᠨᠢ ᠭᠠᠵᠠᠷ ᠳᠡᠭᠡᠷ᠎ᠡ ᠲᠡᠯᠡᠬᠦ ᠦᠭᠡᠢ᠂
30 ᠲᠡᠷᠡ ᠬᠠᠷᠠᠩ᠋ᠭᠤᠢ ᠠᠴᠠ ᠮᠤᠯᠲᠤᠷᠠᠬᠤ ᠦᠭᠡᠢ᠂ ᠮᠥᠴᠢᠷ ᠤᠳ ᠢᠶᠠᠨ ᠳᠥᠯᠥ ᠳᠤ ᠬᠤᠢᠬᠠᠯᠠᠭᠤᠯᠵᠤ ᠪᠤᠷᠬᠠᠨ ᠤ ᠠᠮᠢᠰᠬᠤᠯ ᠢᠶᠠᠷ ᠠᠷᠢᠯᠤᠨ᠎ᠠ᠂
31 ᠲᠡᠷᠡ ᠬᠣᠭᠣᠰᠣᠨ ᠳᠤ ᠨᠠᠢᠳᠠᠭᠠᠳ ᠲᠥᠭᠡᠷᠢᠯᠳᠦᠬᠦ ᠪᠤᠢ᠂ ᠬᠣᠭᠣᠰᠣᠨ ᠢ ᠯᠠ ᠬᠦᠷᠲᠡᠬᠦ ᠪᠤᠢ᠂
32 ᠲᠡᠷᠡ ᠴᠠᠭ ᠨᠢ ᠪᠣᠯᠬᠤ ᠠᠴᠠ ᠡᠮᠦᠨ᠎ᠡ ᠮᠥᠴᠢᠷ ᠤᠳ ᠨᠢ ᠨᠣᠭᠣᠭᠠᠷᠠᠬᠤ ᠠᠴᠠ ᠡᠮᠦᠨ᠎ᠡ ᠬᠠᠷᠢᠭᠤ ᠪᠠᠨ ᠭᠦᠢᠴᠡᠳ ᠠᠪᠤᠨ᠎ᠠ᠂
33 ᠪᠣᠯᠪᠠᠰᠤᠷᠠᠭ᠎ᠠ ᠦᠭᠡᠢ ᠦᠵᠦᠮ ᠢᠶᠡᠨ ᠪᠤᠯᠢᠶᠠᠯᠭᠠᠭᠰᠠᠨ ᠦᠵᠦᠮ ᠦᠨ ᠮᠣᠳᠣ᠂ ᠴᠡᠴᠡᠭ ᠢᠶᠡᠨ ᠲᠠᠰᠤᠯᠤᠭᠤᠯᠤᠭᠰᠠᠨ ᠴᠢᠳᠦᠨ ᠮᠣᠳᠣ ᠲᠠᠢ ᠠᠳᠠᠯᠢ ᠪᠣᠯᠣᠨ᠎ᠠ᠂
34 ᠰᠦᠰᠦᠭ ᠦᠭᠡᠢ ᠬᠥᠮᠦᠰ ᠦᠨ ᠪᠦᠯᠦᠭ ᠦᠷ᠎ᠡ ᠳ᠋ᠦᠩ ᠦᠭᠡᠢ ᠬᠠᠬᠤᠤᠯᠢ ᠳᠤ ᠳᠤᠷᠠᠲᠠᠢ ᠬᠥᠮᠦᠰ ᠦᠨ ᠮᠠᠢᠬᠠᠨ ᠭᠠᠯ ᠳᠤ ᠰᠢᠲᠠᠨ᠎ᠠ᠂
35 ᠲᠡᠳᠡ ᠭᠠᠰᠠᠯᠠᠩ ᠢ ᠵᠢᠷᠮᠦᠰᠦᠯᠡᠨ᠂ ᠭᠠᠢ ᠶᠢ ᠲᠥᠷᠥᠭᠦᠯᠵᠦ᠂ ᠬᠡᠪᠡᠯᠢ ᠶᠢᠨ ᠬᠠᠭᠤᠷᠮᠠᠭ ᠢ ᠪᠡᠯᠡᠳᠦᠳᠡᠭ》 ᠭᠡᠪᠡ᠃