1 2 3 4 5 6 7 8 9 10 11 12 13 14 15 16 17 18 19 20 21 22 23 24 25 26 27 28 29 30 31 32 33 34 35 36 37 38 39 40 41 42


ᠶᠣᠪ ᠭᠤᠴᠢᠨ ᠳᠣᠯᠣᠭ᠎ᠠ
1 ᠡᠭᠦᠨ ᠡᠴᠡ ᠪᠣᠯᠵᠤ ᠵᠢᠷᠦᠬᠡ ᠮᠢᠨᠢ ᠳᠡᠯᠡᠰᠴᠦ ᠪᠠᠢᠷᠢᠨ ᠠᠴᠠ ᠪᠠᠨ ᠦᠰᠦᠷᠬᠦ ᠨᠢ ᠡ᠂
2 ᠠᠶᠤᠩ᠋ᠭ᠎ᠠ ᠶᠢᠨ ᠳᠠᠭᠤ ᠶᠢ᠂ ᠠᠮᠠᠨ ᠠᠴᠠ ᠨᠢ ᠭᠠᠷᠬᠤ ᠨᠢᠵᠢᠭᠢᠨᠡᠭᠡᠨ ᠢ ᠰᠣᠨᠣᠰ᠂ ᠰᠣᠨᠣᠰᠣᠭᠲᠤᠨ᠂
3 ᠲᠡᠷᠡ ᠪᠡᠷ ᠪᠦᠬᠦᠢᠯᠡ ᠲᠩᠷᠢ ᠶᠢᠨ ᠳᠣᠣᠷ᠎ᠠ ᠳᠡᠯᠡᠬᠡᠢ ᠶᠢᠨ ᠵᠠᠬ᠎ᠠ ᠬᠢᠵᠠᠭᠠᠷ ᠬᠦᠷᠲᠡᠯ᠎ᠡ ᠠᠶᠤᠩ᠋ᠭ᠎ᠠ ᠭᠢᠯᠪᠢᠭᠡᠨ ᠢᠶᠡᠨ ᠲᠠᠷᠬᠠᠭᠠᠵᠤ ᠪᠠᠢᠨ᠎ᠠ
4 ᠠᠷᠤ ᠠᠴᠠ ᠨᠢ ᠳᠠᠭᠤ ᠬᠦᠩᠭᠢᠨᠡᠵᠦ ᠪᠠᠢᠨ᠎ᠠ ᠰᠦᠷ ᠵᠢᠪᠬᠤᠯᠠᠩ ᠲᠠᠢ ᠳᠠᠭᠤ ᠪᠠᠷ ᠲᠡᠷᠡ ᠨᠢᠵᠢᠭᠢᠨᠡᠵᠦ ᠪᠠᠢᠨ᠎ᠠ ᠲᠡᠷᠡ ᠪᠡᠷ ᠳᠠᠭᠤ ᠪᠠᠨ ᠰᠣᠨᠣᠰᠬᠠᠬᠤ ᠳᠠᠭᠠᠨ ᠭᠢᠯᠪᠢᠭᠡᠨ ᠢᠶᠡᠨ ᠬᠣᠷᠢᠬᠤ ᠦᠭᠡᠢ ᠪᠠᠢᠨ᠎ᠠ
5 ᠪᠤᠷᠬᠠᠨ ᠤ ᠳᠠᠭᠤ ᠭᠠᠢᠬᠠᠮᠰᠢᠭ ᠲᠠᠢ ᠪᠠᠷ ᠨᠢᠵᠢᠭᠢᠨᠡᠵᠦ ᠪᠠᠢᠨ᠎ᠠ ᠪᠢᠳᠡᠨ ᠦ ᠤᠬᠠᠭᠠᠷᠠᠰᠢ ᠦᠭᠡᠢ ᠠᠭᠤᠤ ᠵᠦᠢᠯᠡᠰ ᠢ ᠲᠡᠷᠡ ᠦᠢᠯᠡᠳᠴᠦ ᠪᠠᠢᠨ᠎ᠠ᠂
6 ᠲᠡᠷᠡ ᠪᠡᠷ ᠴᠠᠰᠤᠨ ᠳᠤ 〈ᠭᠠᠵᠠᠷ ᠲᠤ ᠪᠠᠭᠤ〉 ᠭᠡᠵᠦ ᠠᠭᠠᠳᠠᠷ ᠪᠣᠷᠣᠭᠠᠨ ᠳᠤ 〈ᠰᠢᠷᠦᠭᠦᠨ ᠢᠶᠡᠷ〉 ᠭᠡᠵᠦ ᠬᠡᠯᠡᠳᠡᠭ᠂
7 ᠡᠢᠨ ᠬᠦ ᠲᠡᠷᠡ ᠪᠦᠬᠦ ᠬᠥᠮᠦᠨ ᠦ ᠠᠵᠢᠯ ᠢ ᠵᠣᠭᠰᠣᠭᠠᠵᠤ ᠪᠦᠲᠦᠭᠡᠭᠰᠡᠨ ᠪᠦᠬᠦ ᠬᠥᠮᠦᠨ ᠳᠡᠭᠡᠨ ᠥᠪᠡᠷ ᠦᠨ ᠢᠶᠠᠨ ᠦᠢᠯᠡ ᠶᠢ ᠲᠠᠨᠢᠭᠤᠯᠵᠤ ᠪᠠᠢᠨ᠎ᠠ᠂
8 ᠠᠷᠢᠶᠠᠲᠠᠳ ᠨᠦᠬᠡᠨ ᠳᠡᠭᠡᠨ ᠣᠷᠣᠵᠤ ᠡᠭᠦᠷ ᠲᠡᠭᠡᠨ ᠬᠡᠪᠲᠡᠨ᠎ᠡ᠂
9 ᠲᠩᠷᠢ ᠶᠢᠨ ᠬᠥᠮᠥᠷᠭᠡ ᠡᠴᠡ ᠰᠢᠭᠤᠷᠭ᠎ᠠ ᠬᠦᠴᠦᠲᠦ ᠰᠠᠯᠬᠢᠨ ᠠᠴᠠ ᠵᠢᠪᠠᠷ ᠢᠷᠡᠵᠦ ᠪᠠᠢᠨ᠎ᠠ᠂
10 ᠪᠤᠷᠬᠠᠨ ᠤ ᠠᠮᠢᠰᠬᠤᠯ ᠢᠶᠠᠷ ᠮᠥᠰᠥ ᠲᠣᠭᠲᠠᠨ᠎ᠠ ᠶᠡᠬᠡ ᠤᠰᠤ ᠬᠥᠯᠳᠡᠨ᠎ᠡ᠂
11 ᠲᠡᠷᠡ ᠪᠡᠷ ᠥᠳᠬᠡᠨ ᠡᠭᠦᠯᠡᠰ ᠲᠦ ᠴᠢᠭᠢᠭ ᠢ ᠠᠴᠢᠵᠤ ᠡᠭᠦᠯᠡᠰ ᠭᠢᠯᠪᠢᠭᠡᠨ ᠢ ᠲᠠᠷᠬᠠᠭᠠᠳᠠᠭ᠂
12 ᠡᠭᠦᠯᠡᠰ ᠭᠠᠵᠠᠷ ᠳᠡᠯᠡᠬᠡᠢ ᠶᠢᠨ ᠭᠠᠳᠠᠷᠭᠤ ᠳᠡᠭᠡᠷ᠎ᠡ ᠲᠡᠭᠦᠨ ᠦ ᠵᠠᠮᠴᠢᠯᠠᠭᠰᠠᠨ ᠢᠶᠠᠷ ᠲᠣᠭᠣᠷᠢᠨ ᠲᠣᠭᠣᠷᠢᠵᠤ ᠲᠡᠭᠦᠨ ᠦ ᠵᠠᠬᠢᠭᠰᠠᠨ ᠪᠦᠬᠦᠨ ᠢ ᠪᠡᠶᠡᠯᠡᠭᠦᠯᠳᠡᠭ᠂
13 ᠲᠡᠷᠡ ᠪᠡᠷ ᠡᠭᠦᠯᠡᠰ ᠢ ᠠᠪᠴᠢᠷᠠᠵᠤ ᠬᠥᠮᠦᠰ ᠢ ᠰᠢᠳᠬᠡᠳᠡᠭ ᠡᠰᠡᠪᠡᠯ ᠭᠠᠵᠠᠷ ᠢᠶᠠᠨ ᠤᠰᠤᠯᠠᠵᠤ ᠬᠠᠢᠷ᠎ᠠ ᠪᠠᠨ ᠦᠵᠡᠭᠦᠯᠳᠡᠭ᠃

14 ᠶᠣᠪ ᠡ᠂ ᠡᠭᠦᠨ ᠢ ᠰᠣᠨᠣᠰ ᠴᠢᠮᠡᠭᠡ ᠦᠭᠡᠢ ᠪᠠᠢᠵᠤ᠂ ᠪᠤᠷᠬᠠᠨ ᠤ ᠭᠠᠢᠬᠠᠮᠰᠢᠭ ᠤᠳ ᠢ ᠪᠣᠳᠣᠭᠲᠤᠨ᠂
15 ᠪᠤᠷᠬᠠᠨ ᠡᠭᠦᠯᠡᠰ ᠢᠶᠡᠨ ᠬᠡᠷᠬᠢᠨ ᠬᠢᠨᠠᠵᠤ ᠬᠡᠷᠬᠢᠨ ᠭᠢᠯᠪᠠᠭᠤᠯᠳᠠᠭ ᠢ ᠲᠠ ᠮᠡᠳᠡᠬᠦ ᠤᠤ︖
16 ᠡᠭᠦᠯᠡᠰ ᠠᠭᠠᠷ ᠲᠤ ᠬᠡᠷᠬᠢᠨ ᠬᠥᠪᠴᠦ ᠪᠠᠢᠳᠠᠭ ᠪᠤᠢ︖ ᠲᠡᠭᠦᠰ ᠮᠡᠳᠡᠯᠭᠡᠲᠦ ᠨᠢᠭᠡᠨ ᠦ ᠡᠳᠡᠭᠡᠷ ᠭᠠᠢᠬᠠᠮᠰᠢᠭᠲᠤ ᠦᠢᠯᠡ ᠶᠢ ᠲᠠ ᠮᠡᠳᠡᠬᠦ ᠤᠤ︖
17 ᠡᠮᠦᠨᠡᠲᠦ ᠶᠢᠨ ᠬᠠᠯᠠᠭᠤᠨ ᠰᠠᠯᠬᠢ ᠭᠠᠵᠠᠷ ᠢ ᠲᠠᠢᠪᠤᠰᠢᠷᠠᠭᠤᠯᠬᠤ ᠳᠤ ᠡᠮᠦᠰᠦᠭᠰᠡᠨ ᠬᠤᠪᠴᠠᠰᠤ ᠴᠢᠨᠢ ᠬᠦᠷᠲᠡᠯ᠎ᠡ ᠴᠢᠮ᠎ᠠ ᠳᠤ ᠬᠠᠯᠠᠭᠤᠨ ᠪᠣᠯᠳᠠᠭ ᠪᠠᠢᠬᠤ ᠳᠤ᠂
18 ᠴᠢᠳᠬᠤᠮᠠᠯ ᠲᠣᠯᠢ ᠰᠢᠭ᠋ ᠪᠠᠲᠤ ᠪᠥᠬᠡ ᠲᠩᠷᠢ ᠶᠢ ᠴᠢ ᠲᠡᠭᠦᠨ ᠲᠡᠢ ᠬᠠᠮᠲᠤ ᠳᠡᠯᠭᠡᠯᠴᠡᠵᠦ ᠴᠢᠳᠠᠬᠤ ᠤᠤ︖
19 ᠲᠡᠭᠦᠨ ᠳᠦ ᠶᠠᠭᠤ ᠭᠡᠵᠦ ᠬᠡᠯᠡᠬᠦ ᠶᠣᠰᠣᠲᠠᠢ ᠶᠢ ᠪᠢᠳᠡᠨ ᠳᠦ ᠮᠡᠳᠡᠭᠦᠯᠦᠭᠡᠴᠢ ᠬᠠᠷᠠᠩ᠋ᠭᠤᠢ ᠪᠣᠯᠬᠣᠷ ᠪᠢᠳᠡ ᠲᠣᠭᠠᠴᠢᠵᠤ ᠴᠢᠳᠠᠬᠤ ᠦᠭᠡᠢ ᠪᠠᠢᠨ᠎ᠠ᠂
20 ᠪᠢ ᠶᠠᠷᠢᠬᠤ ᠳᠤᠷᠠᠲᠠᠢ ᠪᠦᠬᠦᠨ ᠢᠶᠡᠨ ᠲᠡᠭᠦᠨ ᠳᠦ ᠮᠡᠳᠡᠭᠦᠯᠵᠦ ᠪᠣᠯᠣᠨ᠎ᠠ ᠭᠡᠵᠢ ᠤᠤ︖ ᠶᠠᠷᠢᠭᠠᠳ ᠲᠡᠭᠦᠨ ᠳᠦ ᠵᠠᠯᠭᠢᠭᠳᠠᠬᠤ ᠶᠢ ᠬᠡᠨ ᠬᠦᠰᠡᠬᠦ ᠪᠢᠯᠡ︖

21 ᠣᠳᠣ ᠬᠥᠮᠦᠨ ᠬᠠᠷᠠᠵᠤ ᠴᠢᠳᠠᠬᠤ ᠦᠭᠡᠢ ᠪᠣᠯᠪᠠᠴᠤ ᠣᠭᠲᠠᠷᠭᠤᠢ ᠳᠤ ᠭᠡᠭᠡᠨ ᠭᠡᠷᠡᠯ ᠪᠤᠢ᠂ ᠰᠠᠯᠬᠢ ᠥᠩᠭᠡᠷᠡᠪᠡᠯ ᠡᠭᠦᠯᠡ ᠠᠷᠢᠯᠳᠠᠭ᠃
22 ᠤᠮᠠᠷᠠᠲᠤ ᠠᠴᠠ ᠠᠯᠲᠠᠨ ᠭᠡᠷᠡᠯ ᠰᠠᠴᠤᠷᠠᠵᠤ ᠠᠶᠤᠮᠰᠢᠭᠲᠤ ᠴᠣᠭ ᠵᠢᠪᠬᠤᠯᠠᠩ ᠲᠠᠢ ᠪᠠᠷ ᠪᠤᠷᠬᠠᠨ ᠢᠷᠡᠨ᠎ᠡ᠂
23 ᠬᠠᠷᠢᠨ ᠲᠡᠭᠦᠰ ᠬᠦᠴᠦᠲᠡᠨ ᠢ ᠪᠢᠳᠡ ᠣᠯᠵᠤ ᠴᠢᠳᠠᠬᠤ ᠦᠭᠡᠢ᠂ ᠲᠡᠷᠡ ᠪᠡᠷ ᠶᠡᠬᠡ ᠬᠦᠴᠦ ᠲᠠᠢ᠂ ᠶᠡᠬᠡ ᠰᠢᠳᠤᠷᠭᠤ᠂ ᠲᠡᠷᠡ ᠪᠡᠷ ᠵᠥᠪ ᠢᠶᠡᠷ ᠪᠢᠯᠬᠠᠮ᠎ᠠ᠂ ᠲᠡᠷᠡ ᠶᠡᠷᠦ ᠨᠢᠴᠤᠬᠤ ᠦᠭᠡᠢ᠂
24 ᠡᠢᠮᠦ ᠡᠴᠡ ᠬᠥᠮᠦᠰ ᠲᠡᠭᠦᠨ ᠡᠴᠡ ᠡᠮᠢᠶᠡᠬᠦ ᠤᠴᠢᠷ ᠲᠠᠢ᠂ ᠥᠪᠡᠷ ᠢ ᠪᠠᠨ ᠮᠡᠷᠭᠡᠨ ᠭᠡᠵᠦ ᠪᠣᠳᠣᠳᠠᠭ ᠪᠦᠬᠦᠨ ᠢ ᠲᠡᠷᠡ ᠣᠢᠰᠢᠶᠠᠬᠤ ᠦᠭᠡᠢ》 ᠭᠡᠪᠡ᠃